ᠴᠢ ᠪᠢᠳᠡᠨ ᠬᠣᠶᠠᠷ- ᠫ · ᠢᠳᠡᠷᠵᠢᠪᠬᠤᠯᠠᠩ᠂ ᠵ ·ᠣᠨᠣᠨЧи бидэн хоёр-п · идэржавхлан, З ·онон ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢ ᠪᠢᠳᠡᠨ ᠬᠣᠶᠠᠷ- ᠫ · ᠢᠳᠡᠷᠵᠢᠪᠬᠤᠯᠠᠩ᠂ ᠵ ·ᠣᠨᠣᠨЧи бидэн хоёр-п · идэржавхлан, З ·онон

ᠴᠢ ᠪᠢᠳᠡᠨ ᠬᠣᠶᠠᠷ- ᠫ · ᠢᠳᠡᠷᠵᠢᠪᠬᠤᠯᠠᠩ᠂ ᠵ ·ᠣᠨᠣᠨЧи бидэн хоёр-п · идэржавхлан, З ·онон

ᠠᠩᠭᠢᠯᠠᠯ:ᠳᠠᠭᠤᠤ ᠬᠥᠭᠵᠢᠮ
2023-03-14

405

ᠴᠢ ᠪᠢᠳᠡᠨ ᠬᠣᠶᠠᠷ

   ᠦᠭᠡ ᠄ ᠪ · ᡀᠠᠭᠪᠠᠰᠥ᠋ᠷᠦᠩ
   ᠠᠶ᠎ᠠ ᠄ ᠴ · ᠨᠢᠮᠠᠳᠣᠷᠵᠢ 

   ᠳᠠᠭᠤᠴᠢᠨ ᠄ ᠫ · ᠢᠳᠡᠷᠵᠢᠪᠬᠤᠯᠠᠩ
   ᠵᠦᠴᠦᠭᠡᠴᠢᠨ ᠄ ᠵ · ᠣᠨᠣᠨ

ᠠᠯᠲᠠᠨ ᠨᠠᠷᠠ ‍ᠶ᠋ᠢ ᠲᠣᠭᠣᠨᠣ ᠎ᠪᠠᠨ ᠭᠡᠳ
ᠠᠯᠠᠭ ᠳᠡᠯᠡᠬᠡᠢ ‍ᠶ᠋ᠢ ᠭᠡᠷ ‍ᠢᠶ᠋ᠡᠨ ᠭᠡᠪᠡᠯ
ᠬᠥᠬᠡ ᠲᠡᠭᠷᠢ ‍ᠶ᠋ᠢ ᠮᠥᠷᠥᠯᠡᠨ ᠥᠨᠳᠡᠶ᠋ᠢᠭᠰᠡᠨ
ᠬᠣᠣᠰ ᠪᠠᠭᠠᠨ᠎ᠠ ᠨᠢ ᠴᠢ ᠪᠢᠳᠡ ᠬᠣᠶᠠᠷ ᠠ᠋
      ᠳᠠᠭᠢᠯᠲᠠ


ᠠᠭᠤᠯᠠ ‍ᠶ᠋ᠢᠨ ᠥᠨᠳᠥᠷ ‍ᠢ ᠳᠡᠭᠡᠪᠦᠷ ‍ᠢᠶ᠋ᠡᠨ ᠭᠡᠳ
ᠬᠤᠸᠠ ᠲᠣᠯᠣᠭᠠᠳ ‍ᠢ ᠲᠤᠭᠤᠷᠭ᠎ᠠ ᠎ᠪᠠᠨ ᠭᠡᠪᠡᠯ
ᠡᠪᠯᠡᠵᠦ ᠠᠭᠤᠯᠵᠠᠭᠰᠠᠨ ᠲᠠᠪᠤᠨ ᠬᠠᠨᠠᠨ ‍ᠤ
ᠡᠬᠢᠯᠡᠯ ᠲᠡᠭᠦᠰᠬᠡᠯ ᠨᠢ ᠴᠢ ᠪᠢᠳᠡ ᠬᠣᠶᠠᠷ ᠠ᠋
      ᠳᠠᠭᠢᠯᠲᠠ


ᠲᠩᠷᠢ ‍ᠶ᠋ᠢᠨ ᠵᠠᠭᠠᠳᠠᠰᠤ ‍ᠶ᠋ᠢ ᠲᠣᠲᠣᠭᠣ ᠎ᠪᠠᠨ ᠭᠡᠳ
ᠲᠡᠨᠢᠭᠦᠨ ᠲᠠᠯ᠎ᠠ ᠎ᠪᠠᠨ ᠪᠣᠱᠣᠭ᠎ᠠ ᠎ᠪᠠᠨ ᠭᠡᠪᠡᠯ
ᠦᠷ᠎ᠡ ‍ᠶ᠋ᠢᠨ ᠵᠠᠶᠠᠭ᠎ᠠ ‍ᠶ᠋ᠢ ᠮᠢᠯᠢᠶᠠᠬᠤ ᠬᠠᠭᠠᠯᠭᠠᠨ ‍ ‍ᠤ
ᠥᠯᠵᠡᠢ ᠤᠲᠠᠰᠤ ᠨᠢ ᠴᠢ ᠪᠢᠳᠡ ᠬᠣᠶᠠᠷ ᠠ᠋
ᠡᠪ ‍ᠦᠨ ᠵᠢᠭᠠᠰᠤ ‍ᠶ᠋ᠢ ᠬᠠᠶ᠋ᠢᠷ᠎ᠠ ᠎ᠪᠠᠨ ᠭᠡᠳ
ᠡᠩᠬᠡ ᠭᠣᠯᠣᠮᠲᠠ ᠎ᠪᠠᠨ ᠲᠡᠦᠬᠡ ᠎ᠪᠡᠨ ᠭᠡᠪᠡᠯ
ᠢᠯᠴᠢ ᠎ᠪᠡᠨ ᠰᠣᠶᠣᠷᠬᠠᠬᠤ ᠭᠠᠩ ᠲᠤᠯᠭᠠᠨ ‍ᠤ
ᠢᠬᠡᠷ᠎ᠡ ᠳᠥᠯᠥ ᠨᠢ ᠴᠢ ᠪᠢᠳᠡ ᠬᠣᠶᠠᠷ  ᠠ᠋
ᠡᠪᠯᠡᠵᠦ ᠠᠭᠤᠯᠵᠠᠭᠰᠠᠨ ᠲᠠᠪᠤᠨ ᠬᠠᠨᠠᠨ ‍ᠤ
ᠡᠬᠢᠯᠡᠯ ᠲᠡᠭᠦᠰᠬᠡᠯ ᠨᠢ ᠴᠢ ᠪᠢᠳᠡ ᠬᠣᠶᠠᠷ ᠠ᠋
ᠦᠷ᠎ᠡ ‍ᠶ᠋ᠢᠨ ᠵᠠᠶᠠᠭ᠎ᠠ ‍ᠶ᠋ᠢ ᠮᠢᠯᠢᠶᠠᠬᠤ ᠬᠠᠭᠠᠯᠭᠠᠨ ‍ᠤ
ᠥᠯᠵᠡᠢ ᠤᠲᠠᠰᠤ ᠨᠢ ᠴᠢ ᠪᠢᠳᠡ ᠬᠣᠶᠠᠷ ᠠ᠋
ᠥᠯᠵᠡᠢ ᠤᠲᠠᠰᠤ ᠨᠢ ᠴᠢ ᠪᠢᠳᠡ ᠬᠣᠶᠠᠷ ᠠ᠋
ᠬᠣᠣᠰ ᠪᠠᠭᠠᠨ᠎ᠠ ᠨᠢ ᠴᠢ ᠪᠢᠳᠡ ᠬᠣᠶᠠᠷ ᠠ᠋
ᠴᠢ ᠪᠢᠳᠡ ᠬᠣᠶᠠᠷ ᠠ᠋