ᠡᠵᠡᠨ ᠴᠢᠩᠭᠢᠰ ᠤᠨ ᠬᠡᠯᠮᠡᠭᠳᠡᠭᠰᠡᠨ ᠬᠡᠯᠡ ᠪᠢᠴᠢᠭ- ᠮᠢᠬᠮᠠᠷ ᠤᠨ ᠠᠮᠤᠷᠬᠥ᠋ᠦЭзэн Чингисийн гэлмэгдсэн хэл бичиг-мягмарын амрхүү
ᠡᠵᠡᠨ ᠴᠢᠩᠭᠢᠰ ᠤᠨ ᠬᠡᠯᠮᠡᠭᠳᠡᠭᠰᠡᠨ ᠬᠡᠯᠡ ᠪᠢᠴᠢᠭ
ᠮᠢᠬᠮᠠᠷ ᠤᠨ ᠠᠮᠤᠷᠬᠥ᠋ᠦ ᠤᠶᠠᠩᠭᠠᠯᠠᠨ᠎ᠠ
ᠰᠢᠯᠦᠭ ᠢᠶ᠋ᠡᠨ ᠤᠩᠰᠢᠨ᠎ᠠ ᠤᠤ ᠬᠡᠮᠡᠨ ᠵᠢᠷᠤᠭᠠᠴᠢ ᠂
ᠢᠷᠠᠭᠤ ᠨᠠᠶ᠋ᠢᠷᠠᠭᠴᠢ ᠮᠢᠬᠮᠠᠷ ᠤᠨ ᠠᠮᠤᠷᠬᠥ᠋ᠦ ᠲᠠᠨ ᠢ ᠤᠷᠢᠵᠤ ᠪᠠᠶ᠋ᠢᠨ᠎ᠠ ᠂
ᠶᠠᠮᠠᠷ ᠬᠦᠦ ᠪᠣᠯᠬᠤ ᠪᠠᠨ ᠣᠳᠣ ᠬᠠᠷᠠᠭᠤᠯᠬᠤ ᠴᠠᠭ ᠳ᠋ᠠ !
ᠬᠤᠷᠢᠶᠠᠭᠰᠠᠨ ᠤᠯᠤᠰ ᠴᠢᠨᠢ ᠬᠤᠭᠤᠰ ᠪᠣᠯᠪᠠ ᠂
ᠬᠤᠳᠤᠮ ᠪᠢᠴᠢᠭ ᠴᠢᠨᠢ ᠮᠡᠬᠦᠰ ᠪᠣᠯᠪᠠ ᠂
ᠠᠭᠤᠵᠢᠮᠬᠠᠨ ᠤᠯᠤᠰ ᠴᠢᠨᠢ ᠬᠠᠭᠠᠰ ᠪᠣᠯᠪᠠ ᠂
ᠤᠳᠤᠮ ᠬᠡᠯᠡ ᠴᠢᠨᠢ ᠮᠡᠬᠦᠰ ᠪᠣᠯᠪᠠ ᠂
ᠪᠥᠬᠡ ᠲᠩᠷᠢ ᠪᠡᠷ ᠤᠯᠠᠭᠠᠴᠢᠯᠠᠭᠤᠯᠵᠤ ᠴᠢᠩᠭᠢᠰ ᠡᠵᠡᠨ ᠳᠦ ᠪᠡᠨ ᠂
ᠪᠥᠬᠥᠶ᠋ᠢᠵᠦ ᠮᠥᠷᠭᠥᠭᠡᠳ ᠭᠡᠮ ᠢᠶ᠋ᠡᠨ ᠦᠵᠦᠭᠰᠦ ᠂
ᠡᠷᠲᠡᠨ ᠦ ᠰᠣᠶᠣᠩᠪᠣᠲᠣ ᠬᠥᠬᠡ ᠭᠠᠯ ᠬᠡᠯᠡ ᠴᠢᠨᠢ ᠂
ᠡᠭᠡᠰᠢᠭ ᠨᠢ ᠡᠭᠡᠳᠡᠵᠦ ᠠᠪᠢᠶ᠎ᠠ ᠨᠢ ᠭᠠᠰᠢᠯᠤᠭᠰᠠᠨ ᠂
ᠤᠷᠢᠳᠤ ᠶ᠋ᠢᠨ ᠢᠷᠦᠭᠡᠯᠲᠦ ᠦᠭᠡ ᠬᠡᠯᠡ ᠳᠥᠯᠥ ᠪᠢᠴᠢᠭ ᠴᠢᠨᠢ ᠂
ᠤᠳᠬ᠎ᠠ ᠨᠢ ᠠᠯᠳᠠᠭᠤᠷᠠᠵᠤ ᠦᠰᠦᠭ ᠨᠢ ᠭᠡᠭᠡᠭᠳᠡᠭᠰᠡᠨ ᠂
ᠤᠷᠳᠤ ᠶ᠋ᠢᠨ ᠳᠠᠭᠤᠤ ᠶ᠋ᠢᠨ ᠰᠢᠷᠤᠩᠬᠠᠢ ᠶ᠋ᠢ ᠂
ᠦᠭᠡ ᠪᠡᠷ ᠢᠶ᠋ᠡᠨ ᠴᠢᠮᠡᠳᠡᠭ ᠡᠬᠡ ᠬᠡᠯᠡᠨ ᠳᠦ ᠂
ᠤᠳᠬ᠎ᠠ ᠢᠷᠠᠭᠤ ᠰᠢᠯᠦᠭ ᠦᠳ ᠢ ᠂
ᠤᠷᠠᠨ ᠢᠶ᠋ᠠᠷ ᠢᠶ᠋ᠠᠨ ᠴᠢᠮᠡᠳᠡᠭ ᠡᠬᠡ ᠬᠡᠯᠡᠨ ᠳᠦ ᠂
ᠴᠠᠭᠠᠨ ᠬᠡᠷᠡᠮᠲᠡᠨ ᠦ ᠵᠥᠭᠡᠭᠡᠪᠦᠷᠢ ᠶ᠋ᠢᠨ ᠦᠭᠡ ᠨᠤᠭᠦᠳ ᠂
ᠴᠠᠭᠠᠴᠢᠯᠠᠵᠤ ᠰᠠᠭᠤᠷᠢᠰᠢᠭᠠᠳ ᠬᠡᠪᠰᠢᠯ ᠪᠣᠯᠤᠭᠰᠠᠨ ᠂
ᠤᠯᠠᠭᠠᠨ ᠲᠠᠯᠠᠪᠠᠶ᠋ᠢᠲᠠᠨ ᠤ ᠵᠢᠭᠠᠪᠤᠷᠢ ᠶ᠋ᠢᠨ ᠦᠰᠦᠭ ᠦᠳ ᠂
ᠤᠷᠢᠵᠤ ᠵᠠᠯᠠᠭᠳᠠᠭᠠᠳ ᠳᠡᠪᠰᠢᠯ ᠪᠣᠯᠤᠭᠰᠠᠨ ᠂
ᠡᠬᠡ ᠶ᠋ᠢᠨ ᠮᠢᠨᠢ ᠪᠦᠪᠡᠢ ᠠᠶᠠᠯᠳᠠᠭ ᠠᠶᠠᠯᠭᠤ ᠶ᠋ᠢᠨ ᠬᠡᠯᠡ ᠶ᠋ᠢ ᠂
ᠡᠮᠡᠭᠡ ᠶ᠋ᠢᠨ ᠮᠢᠨᠢ ᠦᠯᠢᠭᠡᠷ ᠶᠠᠷᠢᠳᠠᠭ ᠲᠤᠤᠯᠢᠰ ᠤᠨ ᠬᠡᠯᠡ ᠶ᠋ᠢ ᠂
ᠬᠠᠲᠠᠭᠤ ᠬᠡᠲᠡᠭᠦᠦ ᠴᠠᠭ ᠤᠨ ᠰᠦᠷᠵᠢᠨ ᠬᠥᠪᠡᠭᠦᠳ ᠴᠢᠨᠢ ᠂
ᠬᠠᠷᠢᠶᠠᠯ ᠢᠶ᠋ᠠᠷ ᠬᠠᠴᠢᠷᠯᠠᠭᠠᠳ ᠭᠠᠰᠢᠭᠤᠨ ᠪᠣᠯᠭᠠᠭᠰᠠᠨ ᠂
ᠮᠡᠷᠢᠶᠡᠨ ᠡᠷᠢᠶᠡᠨ ᠴᠠᠭ ᠤᠨ ᠳᠡᠭᠵᠢᠨ ᠥᠬᠢᠳ ᠴᠢᠨᠢ ᠂
ᠮᠠᠶᠢᠬ ᠢᠶ᠋ᠠᠷ ᠬᠠᠴᠢᠷᠯᠠᠭᠠᠳ ᠨᠢᠯᠤᠭᠤᠨ ᠪᠣᠯᠭᠠᠭᠰᠠᠨ ᠂
ᠡᠯᠦᠨᠴᠡ ᠶ᠋ᠢᠨ ᠮᠢᠨᠢ ᠬᠤᠷᠠᠭ᠎ᠠ ᠠᠬᠤᠭᠤᠯᠤᠭᠰᠠᠨ ᠨᠡᠭᠦᠳᠡᠯᠴᠢᠨ ᠦ ᠬᠡᠯᠡ ᠶ᠋ᠢ
᠂
ᠬᠤᠯᠤᠨᠴᠠ ᠶ᠋ᠢᠨ ᠮᠢᠨᠢ ᠬᠤᠭᠤᠷ ᠲᠠᠲᠠᠭᠤᠯᠤᠭᠰᠠᠨ ᠢᠷᠦᠭᠡᠯᠴᠢ ᠶ᠋ᠢᠨ ᠬᠡᠯᠡ ᠶ᠋ᠢ
᠂
ᠲᠠᠪᠤᠨ ᠬᠣᠰᠢᠭᠤ ᠲᠠᠢ ᠨᠣᠭᠣᠭᠠᠨ ᠮᠠᠯᠠᠭᠠᠢ ᠶ᠋ᠢᠨ ᠂
ᠲᠠᠰᠢᠭᠤ ᠬᠠᠷ᠎ᠠ ᠰᠡᠭᠦᠳᠡᠷ ᠳᠠᠭᠠᠷᠢᠬᠰᠠᠨ ᠂
ᠵᠡᠰ ᠦᠨ ᠬᠣᠰᠢᠭᠤ ᠲᠠᠢ ᠤᠯᠠᠭᠠᠨ
ᠰᠤᠮᠤᠨ ᠤ ᠂
ᠵᠢᠪᠡᠷᠡᠭᠦᠦ ᠬᠥᠬᠡ ᠰᠡᠭᠦᠳᠡᠷ ᠬᠠᠭᠠᠷᠢᠬᠰᠠᠨ ᠂
ᠵᠣᠬᠢᠶᠠᠮᠠᠯ ᠬᠡᠷᠡᠭ ᠢᠶ᠋ᠡᠨ ᠤᠯᠠᠭᠠᠴᠢᠯᠠᠵᠤ ᠂
ᠵᠣᠪᠠᠭᠰᠠᠨ ᠦᠰᠦᠭ ᠦᠳ ᠨᠢ ᠰᠢᠨᠡᠯᠡᠵᠦ ᠪᠠᠶ᠋ᠢᠬᠰᠠᠨ ᠂
ᠬᠢᠯᠢᠰ ᠬᠡᠷᠡᠭ ᠦᠨ ᠬᠡᠯᠡᠮᠦᠷᠴᠢ ᠪᠣᠯᠵᠤ ᠂
ᠬᠡᠯᠮᠡᠭᠳᠡᠭᠰᠡᠨ ᠦᠭᠡ ᠨᠤᠭᠦᠳ ᠨᠢ ᠰᠢᠷᠬᠠᠲᠤᠵᠤ ᠪᠠᠶ᠋ᠢᠬᠰᠠᠨ ᠂
ᠤᠲᠤᠭ᠎ᠠ ᠰᠢᠭ᠋ ᠰᠤᠭᠤᠨᠠᠭᠯᠠᠳᠠᠭ ᠪᠣᠰᠤᠭ᠎ᠠ ᠪᠢᠴᠢᠭ ᠴᠢᠨᠢ ᠂
ᠠᠭᠤᠷ ᠰᠢᠭ᠋ ᠰᠤᠨᠵᠢᠯᠳᠠᠭᠰᠠᠨ ᠬᠡᠪᠲᠡᠭᠡ ᠪᠢᠴᠢᠭ ᠪᠣᠯᠪᠠ ᠂
ᠣᠷᠬᠣᠨ ᠤ ᠬᠦᠷᠬᠢᠷ᠎ᠡ ᠰᠢᠭ᠌
ᠠᠰᠬᠠᠷᠠᠵᠤ ᠤᠨᠠᠬᠤ ᠪᠣᠰᠤᠭ᠎ᠠ ᠪᠢᠴᠢᠭ ᠴᠢᠨᠢ ᠂
ᠤᠨᠤᠨ ᠤ ᠤᠷᠤᠰᠬᠠᠯ ᠰᠢᠭ᠋ ᠳᠣᠯᠭᠢᠯᠠᠵᠤ ᠤᠷᠤᠰᠬᠤ ᠬᠡᠪᠲᠡᠭᠡ ᠪᠢᠴᠢᠭ ᠪᠣᠯᠪᠠ ᠂
ᠨᠤᠭᠤ ᠶ᠋ᠢᠨ ᠬᠥᠷᠥᠰᠥ ᠶ᠋ᠢᠨ ᠴᠢᠨᠢ ᠂
ᠲᠤᠭ ᠤᠨ ᠵᠡᠪᠡ ᠰᠢᠭ᠋ ᠪᠣᠰᠤᠭ᠎ᠠ ᠨᠡᠷᠡᠰ
ᠨᠢᠭᠤᠴᠠ ᠲᠣᠪᠴᠢᠶᠠᠨ ᠤ ᠪᠠᠨ ᠬᠠᠭᠤᠳᠠᠰᠤᠨ ᠳᠤ ᠂
ᠬᠡᠪᠲᠡᠭᠡ ᠦᠰᠦᠭ ᠢᠶ᠋ᠡᠷ ᠮᠥᠯᠬᠥᠵᠦ ᠪᠠᠶ᠋ᠢᠭ᠎ᠠ ᠂
ᠲᠡᠩᠭᠡᠯᠢᠭ ᠰᠡᠩᠭᠦᠷ ᠭᠣᠷᠣᠬ᠎ᠠ ᠨᠤᠭᠤᠳ ᠤᠨ ᠴᠢᠨᠢ ᠳᠣᠯᠭᠢᠶᠠᠯᠠᠬᠤ ᠨᠣᠶ᠋ᠢᠲᠠᠨ
ᠨᠡᠷᠡᠰ ᠂
ᠲᠡᠷᠢᠭᠦᠨ ᠪᠠᠳᠠᠭ ᠤᠨ ᠮᠥᠷ ᠢ ᠮᠢᠨᠢ ᠨᠣᠷᠭᠤᠨ ᠤᠷᠤᠰᠴᠤ ᠪᠠᠶ᠋ᠢᠭ᠎ᠠ ᠂
ᠳᠡᠯᠢᠭᠦᠨ ᠪᠣᠯᠳᠣᠭ ᠪᠤᠷᠬᠠᠨ ᠬᠠᠯᠳᠤᠨ ᠤ ᠴᠢᠨᠢ ᠳᠥᠨᠵᠢᠭᠡᠷ ᠨᠡᠷᠡᠰ ᠂
ᠳᠡᠯᠭᠡᠭᠡᠲᠡᠢ ᠨᠣᠮ ᠤᠨ ᠬᠠᠭᠤᠳᠠᠰᠤ ᠶ᠋ᠢ ᠬᠣᠲᠣᠶ᠋ᠢᠯᠭᠠᠨ ᠳᠦᠩᠬᠦᠶ᠋ᠢᠵᠦ
ᠪᠠᠶ᠋ᠢᠭ᠎ᠠ ᠂
ᠨᠠᠢ᠍ᠮᠠᠨ ᠰᠢᠷᠭ᠎ᠠ ᠬᠦᠯᠦᠭ ᠴᠢᠨᠢ ᠴᠡᠭ ᠲᠠᠰᠤᠯᠤᠯᠲᠠ ᠬᠤᠪᠢᠯᠤᠭᠠᠳ ᠂
ᠨᠠᠶ᠋ᠢᠷᠠᠭ ᠰᠢᠯᠦᠭ ᠦᠳ ᠢᠶ᠋ᠡᠷ ᠨᠢ ᠪᠢᠴᠢᠵᠦ ᠪᠠᠶ᠋ᠢᠭ᠎ᠠ ᠂
ᠲᠠᠨᠢᠬᠤ ᠦᠭᠡᠢ ᠦᠰᠦᠭ ᠦᠳ ᠡᠴᠡ ᠨᠢ ᠬᠠᠶᠠᠬᠠᠨ ᠦᠷᠭᠦᠭᠡᠳ ᠂
ᠲᠠᠴᠢᠭᠢᠨᠠᠵᠤ ᠳᠠᠪᠬᠢᠬᠰᠠᠨ ᠢᠶ᠋ᠠᠨ ᠳᠠᠰᠴᠤ ᠪᠠᠶ᠋ᠢᠭ᠎ᠠ ᠂
ᠵᠠᠮᠤᠬ᠎ᠠ ᠠᠨᠳᠠ ᠶ᠋ᠢᠨ ᠴᠢᠨᠢ ᠨᠡᠷ᠎ᠡ ᠬᠥᠰᠡᠷ ᠬᠡᠪᠲᠡᠭᠡᠳ ᠂
ᠵᠢᠭᠠᠬᠠᠨ ᠥᠭᠡᠷᠡᠳᠡᠭᠰᠡᠨ ᠦᠭᠡᠢ ᠪᠡᠷ ᠪᠢᠴᠢᠭᠳᠡᠵᠦ ᠪᠠᠶ᠋ᠢᠭ᠎ᠠ ᠂
ᠰᠢᠨ᠎ᠡ ᠦᠰᠦᠭ ᠦᠳ ᠲᠤ ᠪᠡᠨ ᠳᠠᠰᠴᠤ ᠥᠭᠬᠦ ᠦᠭᠡᠢ ᠂
ᠰᠢᠷᠦᠭᠦᠨ ᠬᠠᠷᠠᠭᠰᠠᠨ ᠢᠶ᠋ᠠᠨ ᠨᠣᠮᠣᠬᠠᠷᠠᠵᠤ ᠪᠠᠶ᠋ᠢᠭ᠎ᠠ ᠂
ᠭᠤᠸ᠋᠎ᠠ ᠬᠠᠲᠤᠳ ᠴᠢᠨᠢ ᠥᠮᠥᠭᠵᠢᠬᠡᠨ ᠬᠤᠪᠢᠷᠠᠭᠠᠳ ᠂
ᠭᠣᠶᠣᠮᠰᠣᠭ ᠤᠷᠠᠨ ᠳᠣᠨᠵᠢ ᠪᠠᠷ ᠪᠢᠴᠢᠭᠦᠯᠵᠦ ᠪᠠᠶ᠋ᠢᠭ᠎ᠠ ᠂
ᠬᠠᠲᠠᠭᠤ ᠭᠡᠶ᠋ᠢᠭᠦᠯᠦᠭᠴᠢ ᠲᠡᠢ ᠣᠯᠠᠨ ᠡᠷᠡᠦ ᠶ᠋ᠢᠨ ᠂
ᠬᠠᠵᠠᠭᠤ ᠳ᠋ᠤᠨᠢ ᠵᠢᠭᠢᠷᠢᠭᠯᠡᠭᠳᠡᠭᠡᠳ ᠵᠥᠭᠡᠯᠡᠷᠡᠵᠦ ᠪᠠᠶ᠋ᠢᠭ᠎ᠠ ᠂
ᠴᠢᠩᠭᠢᠰ ᠬᠠᠭᠠᠨ ᠲᠠᠨ ᠤ ᠵᠠᠷᠯᠢᠬ ᠪᠠᠭᠤᠯᠭᠠᠵᠤ ᠳᠤ ᠪᠠᠨ ᠂
ᠲᠣᠯᠣᠭᠠᠶ᠋ᠢᠲᠠᠨ ᠢ ᠪᠥᠬᠥᠶ᠋ᠢᠯᠭᠡᠭᠰᠡᠨ ᠰᠦᠷᠯᠢᠭ ᠬᠡᠯᠡ ᠶ᠋ᠢ ᠴᠢᠨᠢ ᠂
ᠴᠡᠯᠡᠭᠡᠷ ᠪᠠᠭᠠᠲᠤᠷ ᠤᠳ ᠤᠨ ᠴᠢᠨᠢ ᠲᠠᠩᠭᠠᠷᠢᠬ ᠡᠷᠭᠦᠬᠦ ᠳᠦ ᠪᠡᠨ ᠂
ᠲᠣᠶ᠋ᠢᠬᠲᠠᠨ ᠢ ᠰᠥᠬᠦᠷᠡᠭᠦᠯᠦᠭᠰᠡᠨ ᠳᠦᠷᠢᠯᠢᠭ ᠬᠡᠯᠡ ᠶ᠋ᠢ ᠴᠢᠨᠢ ᠂
ᠬᠣᠣᠰ ᠪᠢᠴᠢᠭ ᠲᠡᠢ ᠪᠡᠨ ᠪᠠᠳᠠᠷᠠᠭᠤᠯᠵᠤ ᠪᠠᠶ᠋ᠢᠭ᠎ᠠ ᠂
ᠬᠣᠲᠠᠯᠠ ᠲᠦᠮᠡᠨ ᠲᠡᠢ ᠪᠡᠨ ᠮᠠᠨᠳᠤᠭᠤᠯᠵᠤ ᠪᠠᠶ᠋ᠢᠭ᠎ᠠ ᠂
ᠬᠠᠮᠤᠭ ᠮᠣᠩᠭᠣᠯ ᠤᠨ ᠬᠣᠶ᠋ᠢᠴᠢᠰ ᠦᠷ᠎ᠡ ᠰᠠᠳᠤ ᠪᠠᠨ ᠂
ᠬᠠᠭᠠᠨ ᠡᠵᠡᠨ ᠮᠢᠨᠢ ᠡᠭᠦᠷᠢᠳᠡ ᠥᠷᠥᠰᠢᠶᠡ !
