ᠪᠡᠶᠡ ᠰᠡᠤᠠᠬᠢᠯ ᠦ᠋ᠨ ᠪᠢᠯᠢᠭ ᠦ᠋ᠨ ᠷᠠᠰᠢᠶᠠᠨ Бие сэтгэлийн билгийн рашаан
ᠪᠡᠶᠡ ᠰᠡᠤᠠᠬᠢᠯ ᠦ᠋ᠨ ᠪᠢᠯᠢᠭ ᠦ᠋ᠨ ᠷᠠᠰᠢᠶᠠᠨ
ᠨᠠᠭᠤᠨᠪᠢᠯᠢᠭ᠌ · ᠪᠣᠣ ᠸᠸᠨ ᠹᠧᠩ ᠨᠠᠶ᠋ᠢᠷᠠᠭᠤᠯᠤᠨ ᠵᠣᠬᠢᠶᠠᠪᠠ ᠃
ᠡᠨᠡᠷᠢᠯ ᠦ᠋ᠨ ᠶᠡᠬᠡ ᠠᠴᠢᠲᠠᠨ – ᠲᠣᠭᠲᠠᠬᠤ
ᠭᠠᠰᠠᠯᠠᠩ ᠦ᠋ᠨ ᠲᠠᠯᠠᠢ ᠳᠤ ᠡᠨᠡᠯᠦᠨ ᠰᠢᠨᠠᠯᠤᠭᠰᠠᠨ ᠬᠠᠮᠤᠭ ᠠᠮᠢᠲᠠᠨ ᠶ᠋ᠢᠠᠨ
ᠭᠠᠷ ᠶ᠋ᠢᠠᠨ ᠰᠤᠩᠭᠠᠨ ᠲᠤ᠋ᠡᠭᠦᠵᠤ ᠠᠪᠤᠷᠠᠭᠰᠠᠨ ᠮᠢᠩᠭᠠᠨ ᠮᠣᠲᠣᠷᠲᠤ ᠠᠷᠢᠶᠠᠪᠠᠯᠤ
ᠭᠠᠯᠪᠠ ᠶ᠋ᠢᠨ ᠲᠣᠭᠣᠰᠣᠨ ᠳᠤ ᠡᠪᠡᠤᠡᠴᠢᠯᠠᠵᠤ ᠵᠣᠪᠠᠭᠰᠠᠨ ᠡᠭᠡᠯ ᠲᠦᠮᠡᠨ ᠪ ᠪᠡᠨ
ᠭᠠᠢ ᠵᠣᠪᠠᠯᠠᠩ ᠊ᠢ ᠠᠷᠢᠯᠭᠠᠵᠤ ᠪᠠᠶᠠᠰᠬᠠᠭᠰᠠᠨ ᠬᠣᠪᠢᠯᠭᠠᠠ ᠣᠲᠡᠴᠢ ᠃
ᠲᠦᠪᠩᠲᠡᠵᠤ ᠲᠠᠷᠴᠢᠯᠠᠭᠠᠭᠲᠠᠬᠰᠠᠠ ᠡᠪᠡᠤᠡᠴᠢᠲᠡᠡ ᠶ᠋ᠢᠡᠨ ᠲᠡᠤᠡᠭᠦᠠ ᠲᠤᠰᠠᠯᠠᠭᠰᠠᠨ ᠠᠴᠢᠲᠠᠨ
ᠲᠦᠮᠡᠨ ᠨᠢᠭᠦᠯᠲᠦ ᠡᠪᠡᠤᠡᠴᠢᠡ ᠊ᠢ ᠲᠠᠭᠤᠵᠤ ᠰᠠᠷᠨᠢᠭᠤᠯᠤᠭᠰᠠᠨ ᠡᠮᠴᠢ
ᠲᠦᠭ ᠲᠦᠮᠡᠨ ᠠᠷᠠᠳ ᠶ᠋ᠢᠠᠨ ᠥᠭᠦᠯ ᠡᠴᠡ ᠠᠪᠤᠷᠠᠭᠰᠠᠨ ᠣᠲᠡᠴᠢ
ᠲᠦᠷᠤ ᠂ ᠨᠡᠶ᠋ᠢᠭᠡᠮ ᠂ ᠲᠠᠯᠠᠬᠡᠢ ᠳ᠋ᠡᠭᠡᠨ ᠠᠴᠢ ᠲᠤᠰᠠᠲᠠᠢ ᠵᠢᠤᠡᠭᠦᠯᠲᠡᠡ ᠃
ᠤᠷᠠᠬᠬ ᠡᠪᠡᠤᠡᠴᠢᠡ ᠪᠦᠭᠦᠠ ᠊ᠢ ᠡᠮᠨᠠᠠ ᠡᠲᠡᠭᠡᠷᠡᠭᠦᠯᠦᠭ᠌ᠰᠡᠠ ᠡᠮᠴᠢ
ᠥᠭᠦᠯ ᠮᠥᠬᠥᠯ ᠬᠣᠶᠠᠷ ᠊ᠢ ᠬᠤᠯᠠᠲᠠᠭᠤᠯᠵᠤ ᠵᠠᠶ᠋ᠢᠯᠠᠭᠤᠯᠤᠭᠰᠠᠠ ᠰᠢᠲᠢᠲᠡᠨ
ᠦᠭᠡᠶ᠋ᠢᠭᠦᠦ ᠪᠠᠶᠠᠨ ᠬᠡᠵᠤ ᠢᠯᠭᠠᠯ ᠦᠭᠡᠢ ᠡᠨᠡᠷᠢᠨ ᠲᠤᠰᠠᠯᠠᠭᠰᠠᠨ
ᠦᠷᠦᠰᠢᠶᠡᠯᠲᠡᠠ ᠡᠭᠡᠯ ᠰᠦᠷᠲᠡᠨ ᠬᠡᠵᠤ ᠥᠵᠡᠯ ᠥᠭᠡᠢ ᠢᠵᠢᠯᠬᠡᠨ ᠲᠠᠭᠠᠯᠠᠭᠰᠠᠨ ᠣᠲᠡᠴᠢ ᠃
ᠪᠣᠲᠠᠩᠲᠤ ᠬᠤᠷᠤᠠ ᠶ᠋ᠢᠨ ᠰᠢᠭᠤᠷᠭᠠᠨ ᠳᠤ ᠭᠤᠶ᠋ᠢᠪᠢᠰᠢ ᠦᠭᠡᠢ ᠬᠠᠲᠠ
ᠪᠤᠲᠤᠯᠢᠶᠠᠡᠲᠤ ᠶᠢᠷᠲᠢᠡᠴᠤ ᠶ᠋ᠢᠨ ᠡᠬᠡᠲᠡᠷᠡᠭᠡᠠ ᠳᠤ ᠨᠤᠭᠤᠷᠠᠰᠢ ᠦᠭᠡᠢ ᠵᠣᠷᠢᠬᠲᠠᠠ
ᠪᠣᠰᠤᠬ᠋ᠠ ᠮᠣᠩᠭᠣᠯ ᠬᠡᠶ᠋ᠢᠮᠣᠷᠢ ᠪᠠᠨ ᠲᠩᠷᠢ ᠳᠤ ᠮᠠᠨᠲᠤᠭᠤᠯᠤᠭᠰᠠᠨ ᠰᠦᠰᠦᠭᠲᠡᠨ
ᠪᠣᠲᠣᠯ ᠦ᠋ᠨ ᠠᠷᠢᠭᠤᠨ ᠣᠪᠡᠲᠢᠰ ᠶ᠋ᠢᠡᠷ ᠶ᠋ᠢᠡᠨ ᠲᠦᠮᠡᠨ ᠶ᠋ᠢᠡᠨ ᠲᠤ᠋ᠡᠭᠦᠭ᠌ᠰᠡᠠ ᠭᠠᠪᠢᠶᠠᠲᠠᠨ ᠃
ᠬᠥᠴᠢᠷ ᠪᠡᠷᠭᠡᠰᠢᠶᠡᠯ ᠪᠦᠭᠦᠠ ᠊ᠢ ᠭᠥᠯᠢᠴᠠᠩᠭᠥᠢ ᠲᠠᠭᠠᠭᠠᠭᠰᠡᠠ ᠰᠢᠲᠦᠷᠭᠤᠲᠠᠡ
ᠬᠦᠮᠤᠠ ᠪᠠᠶ᠋ᠢᠭᠠᠯᠢ ᠶ᠋ᠢᠨ ᠡᠪᠰᠡᠯ ᠊ᠢ ᠨᠠᠨᠲᠢᠩᠨᠠᠨ ᠲᠡᠬᠡᠲᠤᠯᠡᠭ᠌ᠰᠡᠠ ᠪᠣᠲᠣᠯᠭᠠᠲᠠᠨ
ᠬᠦᠰᠡᠯ ᠵᠣᠷᠢᠯᠲᠠ ᠪᠠᠨ ᠪᠠᠷᠢᠬᠰᠠᠠ ᠮᠣᠬᠣᠰᠢ ᠦᠭᠡᠢ ᠬᠠᠶ᠋ᠢᠭᠤᠯᠴᠢᠨ
ᠬᠥᠯᠥᠭ ᠮᠣᠷᠢᠲᠠᠨ ᠪ ᠤᠬᠠᠭᠠᠨ ᠶ᠋ᠢᠠᠷ ᠡᠷᠲᠡᠮ ᠬᠠᠶ᠋ᠢᠬᠰᠠᠨ ᠪᠢᠯᠢᠭᠲᠡᠨ ᠃
ᠣᠷᠴᠢᠯᠠᠩ ᠶᠢᠷᠲᠢᠨᠴᠦ ᠶ᠋ᠢᠨ ᠨᠢᠭᠤᠴᠠ ᠶ᠋ᠢ ᠰᠢᠨᠵᠢᠯᠡᠨ ᠰᠡᠷᠡᠭᠰᠡᠨ ᠴᠢᠲᠠᠪᠤᠷᠢᠲᠠᠨ
ᠣᠲᠡᠴᠢ ᠶ᠋ᠢᠨ ᠰᠤᠷᠭᠠᠯ ᠊ᠢ ᠥᠪᠯᠡᠨ ᠢᠷᠡᠭᠡᠲᠦᠢ ᠶ᠋ᠢ ᠡᠷᠡᠭᠦᠯᠵᠢᠭᠦᠯᠬᠦ ᠣᠪᠡᠲᠢᠰᠲᠡᠠ
ᠣᠢ ᠪᠢᠯᠢᠭ᠌ ᠦ᠋ᠨ ᠡᠨᠧᠷᠬᠢ ᠶ᠋ᠢ ᠤᠷᠮᠠᠰᠢᠭᠤᠯᠤᠠ ᠪᠠᠲᠠᠷᠠᠭᠤᠯᠤᠬᠰᠡᠠ ᠠᠪᠢᠶᠠᠰᠲᠠᠨ
ᠣᠨᠴᠠ ᠡᠮᠨᠡᠯᠭᠡ ᠶ᠋ᠢᠨ ᠬᠣᠷᠢᠶᠠ ᠶ᠋ᠢ ᠡᠭᠦᠲᠦᠨ ᠪᠠᠶ᠋ᠢᠭᠤᠯᠤᠭᠰᠠᠨ ᠢᠨᠵᠧᠨᠧᠷ ᠃
ᠲᠠᠩᠰᠢ ᠥᠭᠡᠢ ᠲᠠᠯᠠᠬᠡᠢ ᠳᠤ ᠲᠩᠰᠢᠭᠡᠠ ᠲᠤᠰᠲᠠᠭ ᠨᠠᠷᠠ
ᠲᠢᠪ ᠪᠦᠭᠦᠠ ᠳᠤ ᠬᠡᠷᠡᠯᠲᠦᠭᠦ ᠲᠣᠷᠤᠨᠠ ᠶ᠋ᠢᠨ ᠲᠡᠷᠭᠡᠯ ᠰᠠᠷᠠ
ᠲᠩᠷᠢ ᠭᠠᠵᠠᠷ ᠊ᠢ ᠲᠤᠩᠰᠤᠯᠭᠠᠮᠠ ᠶᠡᠬᠡ ᠦᠢᠯᠡᠰ ᠊ᠢ ᠪᠦᠲᠦᠭᠡᠭ᠌ᠴᠢ
ᠲᠡᠭᠷᠢᠯᠢᠭ ᠪᠣᠭᠲᠠ ᠴᠢᠩᠭᠢᠰ ᠦ᠋ᠨ ᠮᠢᠩᠭᠠᠨ ᠪ ᠲᠠᠷᠠᠭᠠᠬᠢ ᠬᠣᠶ᠋ᠢᠴᠢᠰ ᠡ ᠃
ᠲᠠᠯᠠᠬᠡᠢ ᠶ᠋ᠢ ᠲᠠ ᠠᠯᠠᠭᠠᠨ ᠳ᠋ᠠᠭᠠᠨ ᠲᠩᠰᠢᠭᠡᠠ ᠪᠦᠪᠡᠶ᠋ᠢᠯᠡᠵᠦ ᠶᠠᠪᠤᠲᠠᠭ
ᠲᠡᠯᠭᠡᠷ ᠣᠯᠠᠨ ᠲᠦᠮᠡᠨ ᠴᠢᠨᠢ ᠲᠠᠩᠲᠠ ᠵᠢᠷᠭᠠᠯ ᠶ᠋ᠢᠠᠷ ᠤᠡᠲᠤᠷᠤᠬᠤ ᠶᠤᠮ
ᠣᠲᠡᠴᠢ ᠶ᠋ᠢ ᠢᠩᠭᠢᠵᠦ ᠲᠠᠯᠠᠬᠡᠢ ᠳᠤ ᠳᠠᠬᠢᠨ ᠲᠦᠷᠦᠭᠦᠯᠦᠭ᠌ᠰᠡᠠ ᠪᠣᠯᠬᠤᠷ
ᠣᠨᠴᠠ ᠡᠮᠨᠡᠯᠭᠡ ᠶ᠋ᠢᠨ ᠤᠬᠠᠭᠠᠨ ᠣᠷᠴᠢᠯᠠᠩ ᠳᠤ ᠮᠥᠩᠬᠡᠵᠢᠬᠦ ᠤᠴᠢᠷᠲᠠᠢ ᠃
ᠡᠮᠴᠢ ᠲᠠᠨ ᠪ ᠰᠤ᠋ᠡᠭᠢᠯ ᠳᠤ ᠪᠣᠲᠠᠩᠲᠤ ᠬᠤᠷᠤᠠ ᠬᠠᠶ᠋ᠢᠯᠠᠨ ᠲᠠᠭᠤᠯᠡᠠ
ᠡᠮᠴᠢ ᠲᠠᠨ ᠪ ᠣᠪᠡᠲᠢᠰ ᠊ᠢ ᠪᠤᠷᠬᠠᠨ ᠲᠩᠷᠢ ᠪᠢᠰᠢᠷᠡᠨ ᠮᠠᠬᠲᠠᠠ
ᠡᠮᠴᠢ ᠲᠠᠨ ᠪ ᠬᠠᠶ᠋ᠢᠷᠠᠨ ᠳᠤ ᠨᠠᠷᠠᠨ ᠪ ᠢᠯᠴᠢ ᠠᠰᠠᠨ ᠲᠦᠷᠡᠯᠵᠡᠠ
ᠡᠮᠴᠢ ᠲᠠᠨ ᠪ ᠠᠴᠢ ᠶ᠋ᠢ ᠨᠠᠷᠠᠲᠤ ᠶ᠋ᠢᠨ ᠬᠤᠷᠤᠠ ᠲᠠᠬᠡᠲᠤᠯᠡᠠ ᠪᠠᠬᠠᠲᠤᠨᠠ ᠃
ᠬᠤᠷᠤᠢ ᠂ ᠬᠤᠷᠤᠢ !
ᠲᠠᠨ ᠪᠣᠯ ᠠᠮᠢᠲᠤ ᠶ᠋ᠢᠨ ᠠᠮᠢᠲᠤ ᠰᠢᠲᠦᠭᠡᠠ ᠬᠤᠷᠤᠢ ᠂ ᠬᠤᠷᠤᠢ !
ᠲᠠᠨ ᠪᠣᠯ ᠠᠷᠢᠭᠤᠨ ᠰᠡᠤᠠᠬᠢᠯ ᠦ᠋ᠨ ᠪᠦᠷᠢᠯᠸ᠋ᠠ ᠬᠤᠷᠤᠢ ᠂ ᠬᠤᠷᠤᠢ !
ᠨᠠᠷᠠᠯᠠᠭ ᠮᠣᠩᠭᠣᠯ ᠲᠦᠮᠡᠨ ᠮᠠᠨᠢ ᠡᠩᠬᠡ ᠠᠮᠤᠭᠤᠯᠠᠩ ᠬᠤᠷᠤᠢ ᠂ ᠬᠤᠷᠤᠢ !
ᠨᠠᠭᠤᠠ ᠰᠡᠤᠠᠬᠢᠴᠡ ᠵᠠᠰᠠᠯ ᠮᠠᠨᠢ ᠮᠥᠩᠬᠡ ᠠᠮᠤᠭᠤᠯᠠᠩ !
2017 ᠣᠨ ᠪ ᠪᠡᠭᠡᠵᠢᠩ ᠳᠤ ᠠᠩᠬᠠ ᠤᠲᠠᠬ᠋ᠠ ᠬᠡᠪᠯᠡᠪᠡ ᠃
ᠦᠰᠦᠭ ᠠᠮᠢᠯᠠᠭᠤᠯᠤᠭᠴᠢ ᠄ ᠣᠶᠤᠨᠴᠢᠮᠡᠭ
ᠬᠢᠨᠠᠭᠴᠢ ᠄ ᠣᠤᠠᠬᠠᠨᠰᠣᠠ᠋ ᠂ ᠬᠠᠰᠲᠤᠶᠠᠬ᠋ᠠ
