ᠪᠠᠲᠤᠨᠤᠷᠪᠤ᠎ ᠳᠤ ᠴᠢ ᠪᠢᠲᠡ ᠬᠣᠶᠠᠷ ᠤᠴᠠᠷᠠᠯ᠎ᠠ – ᠷ · ᠴᠣᠢᠨᠣᠮ Батноровд чи бид хоёр учирлаа – Р · Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤᠨᠤᠷᠪᠤ᠎ ᠳᠤ ᠴᠢ ᠪᠢᠲᠡ ᠬᠣᠶᠠᠷ ᠤᠴᠠᠷᠠᠯ᠎ᠠ – ᠷ · ᠴᠣᠢᠨᠣᠮ Батноровд чи бид хоёр учирлаа – Р · Чойном

ᠪᠠᠲᠤᠨᠤᠷᠪᠤ᠎ ᠳᠤ ᠴᠢ ᠪᠢᠲᠡ ᠬᠣᠶᠠᠷ ᠤᠴᠠᠷᠠᠯ᠎ᠠ – ᠷ · ᠴᠣᠢᠨᠣᠮ Батноровд чи бид хоёр учирлаа – Р · Чойном

2023-03-14

282

ᠪᠠᠲᠤᠨᠤᠷᠪᠤ᠎ ᠳᠤ ᠴᠢ ᠪᠢᠲᠡ ᠬᠣᠶᠠᠷ ᠤᠴᠠᠷᠠᠯ᠎ᠠ


 ᠤᠶ᠋ᠢᠤᠠᠬᠠᠷᠲᠠᠢ ᠭᠠᠵᠠᠷ — ᠪᠠᠲᠤᠨᠤᠷᠪᠤ ᠯᠠ ᠭᠡᠬᠦ ᠶᠤᠮ
 ᠤᠰᠤ ᠦᠭᠡᠢ ᠂ ᠮᠣᠲᠣ ᠦᠭᠡᠢ ᠂  ᠬᠥᠭᠵᠢᠯ ᠦᠭᠡᠢ ᠯᠠ ᠭᠡᠬᠦ ᠶᠤᠮ
 ᠤᠯᠠᠭᠠᠨᠪᠠᠭᠠᠲᠤᠷ ᠠ᠋ᠴᠠ ᠪᠢ ᠴᠢᠮᠠᠶ᠋ᠢ ᠪᠠᠨ ᠣᠯᠤᠬ᠋᠎ᠠ ᠦᠭᠡᠢ
 ᠤᠴᠠᠷᠠᠵᠤ ᠡᠨᠡ ᠯᠠ ᠪᠠᠲᠤᠨᠤᠷᠪᠤ  ᠳᠤ ᠲᠡᠰᠦᠯ᠎ᠡ ᠳ᠋ᠠ ᠃

 ᠪᠠᠲᠤᠨᠤᠷᠪᠤ ᠤᠰᠤ ᠲᠠᠢ ᠪᠠᠶ᠋ᠢᠯ᠎ᠠ ᠭᠡᠳ
 ᠪᠠᠯᠭᠤᠬᠤ ᠤᠰᠤ ᠲᠠᠢ ᠨᠢ ᠰᠡᠤᠠᠬᠢᠯ ᠬᠣᠯᠪᠣᠬᠤ ᠪᠢᠰᠢ
 ᠪᠠᠲᠤᠨᠤᠷᠪᠤ ᠮᠣᠲᠣ ᠲᠠᠢ ᠪᠠᠶ᠋ᠢᠯ᠎ᠠ ᠭᠡᠳ 
 ᠪᠠᠬᠠᠨ ᠮᠣᠲᠣ ᠲᠠᠢ ᠨᠢ ᠬᠠᠶ᠋ᠢᠷ᠎ᠠ ᠪᠠᠨ ᠬᠤᠪᠢᠶᠠᠯᠴᠠᠬᠤ ᠪᠢᠰᠢ ᠃

 ᠡᠬᠡᠨᠡᠷ ᠬᠡᠦᠬᠡᠳ ᠦ᠋ᠨ ᠬᠣᠪ ᠵᠢᠪ ᠶᠡᠬᠡᠲᠡᠢ
 ᠡᠯᠦᠢ ᠬᠤᠯᠤᠢ ᠲᠥᠪ ᠲᠤᠨᠢ ᠴᠢᠮ᠎ᠠ ᠲᠠᠢ ᠪᠠᠨ ᠲᠡᠰᠦᠯ᠎ᠡ ᠂
 ᠡᠷᠴᠢᠲᠡᠢ ᠰᠠᠯᠬᠢᠨ  ᠳᠤ ᠤᠯᠠᠭᠠᠨ ᠶ᠋ᠢᠠᠷ  ᠡᠷᠭᠢᠳᠡᠭ
 ᠡᠯᠡᠰᠦᠨ ᠳᠡᠭᠡᠷ᠎ᠡ ᠨᠢ ᠴᠢᠮ᠎ᠠ ᠲᠠᠢ ᠪᠠᠨ ᠲᠡᠰᠦᠯ᠎ᠡ ᠃

 ᠬᠣᠲᠠ  ᠳᠤ ᠪᠣᠯ ᠂ ᠪᠣᠯᠢᠲᠤᠽᠡᠷ ᠦ᠋ᠨ ᠬᠤᠰᠤᠭᠤᠷ ᠶ᠋ᠢᠠᠷ
 ᠬᠣᠪᠬᠤ ᠲᠥᠷᠥᠮᠡᠷ ᠲᠡᠷᠡ ᠮᠠᠭᠤ ᠪᠠᠶ᠋ᠢᠰᠢᠩ
 ᠬᠣᠶᠠᠷᠬᠠᠨ ᠪᠡᠶ᠎ᠡ ᠶ᠋ᠢᠨ ᠮᠢᠨᠢ ᠤᠴᠠᠷᠠᠨ ᠵᠢᠷᠭᠠᠬᠤ
 ᠬᠣᠷᠸ᠋᠎ᠠ ᠶ᠋ᠢᠨ ᠭᠠᠭᠴᠠ ᠳ᠋ᠧᠪᠠᠵᠠᠨ ᠮᠢᠨᠢ ᠪᠠᠶ᠋ᠢᠯ᠎ᠠ ᠃

 ᠬᠠᠪᠤᠷ ᠴᠠᠭ ᠦ᠋ᠨ ᠡᠪᠦᠯᠵᠢᠶ᠎ᠡ ᠰᠢᠭ᠌ ᠺᠯᠦ᠋ᠪ ᠨᠢ
 ᠬᠠᠷᠠᠬᠤ  ᠳᠤ ᠮᠠᠭᠤᠬᠠᠢ ᠴᠦ᠍ ᠲᠡᠭᠦᠨ ᠳᠣᠲᠣᠷ᠎ᠠ
 《 ᠬᠠᠯᠠᠭᠤᠨ ᠴᠠᠰᠤ ᠶ᠋ᠢ ᠦᠵᠡᠵᠦ ᠰᠠᠭᠤᠬᠤ ᠳ᠋ᠠᠭᠠᠨ
 ᠬᠠᠮᠤᠭ ᠦ᠋ᠨ ᠠᠩᠬᠠᠨ ᠪ ᠡᠭᠦᠲᠡ ᠮᠢᠨᠢ  ᠨᠡᠭᠡᠭᠡᠭᠳᠡᠭᠰᠡᠨ !

 ᠬᠠᠷᠢᠯᠴᠠᠬ᠋᠎ᠠ ᠬᠣᠯᠪᠣᠭᠠᠨ ᠪ ᠥᠮᠥᠭᠡᠷ ᠪᠠᠶ᠋ᠢᠰᠢᠩ
 ᠬᠠᠶ᠋ᠢᠰᠤᠲᠠᠢ ᠮᠣᠲᠣ ᠂ ᠨᠢᠭᠡᠲᠦᠯ ᠦ᠋ᠨ ᠺᠣᠨᠲ᠋ᠣᠷ
 ᠬᠠᠷᠠᠩᠭᠤᠢ ᠰᠥᠨᠢ ᠤᠨᠲᠠᠷᠠᠲᠠᠭ ᠭᠡᠷᠡᠯ
 ᠡᠨᠡ ᠪᠦᠬᠦᠨ ᠂ ᠪᠢᠲᠡᠨ ᠊ᠢ ᠤᠴᠠᠷᠠᠭᠤᠯᠤᠭᠰᠠᠨ ᠃

 ᠪᠠᠶᠠᠷ ᠂ ᠭᠤᠨᠢᠬ ᠂ ᠠᠶᠤᠮᠰᠢᠬ — ᠲᠠᠶ᠋ᠢᠪᠤᠰᠢᠷᠠᠯ
 ᠪᠠᠷᠠᠭᠠᠨ ᠰᠥᠨᠢ ᠶ᠋ᠢᠨ ᠬᠣᠮᠰᠠᠬᠠᠨ ᠵᠢᠷᠭᠠᠯ ᠁
 ᠪᠠᠰᠠ ᠭᠣᠮᠣᠷᠬᠠᠯ ᠂ ᠬᠠᠶ᠋ᠢᠷᠠᠯᠠᠯ ᠶ᠋ᠢᠠᠨ ᠠᠮᠰᠠᠭᠰᠠᠨ
 ᠪᠠᠲᠤᠨᠤᠷᠪᠤ ᠶ᠋ᠢ ᠪᠢᠲᠡ ᠮᠠᠷᠲᠠᠵᠤ ᠴᠢᠲᠠᠬᠤ ᠦᠭᠡᠢ !

 ᠬᠣᠶᠠᠷ ᠵᠢᠭᠦᠷ ᠦ᠋ᠨ ᠶ᠋ᠢᠡᠨ ᠨᠢᠭᠡ ᠶ᠋ᠢ ᠲᠠᠰᠤᠯᠤᠭᠤᠯᠤᠭᠰᠠᠨ ᠰᠢᠪᠠᠭᠤ  ᠰᠢᠭ᠋
 ᠬᠣᠩᠭᠣᠷ ᠴᠢᠮᠠᠶ᠋ᠢ ᠪᠠᠨ ᠶᠠᠪᠤᠭᠤᠯᠴᠢᠬᠠᠭᠠᠳ ᠪᠢ ᠴᠢᠨᠢ
 ᠡᠨᠡ ᠪᠠᠶ᠋ᠢᠰᠢᠩ ᠂ ᠺᠯᠦ᠋ᠪ ᠂ ᠬᠣᠯᠪᠣᠬ᠋᠎ᠠ ᠶ᠋ᠢ ᠬᠠᠷᠠᠭᠠᠳ
 ᠡᠯᠢᠭᠡ ᠵᠢᠷᠦᠬᠡ ᠰᠢᠮᠰᠢᠷᠡᠨ ᠭᠤᠨᠢᠬᠯᠠᠬᠤ ᠪᠠᠶ᠋ᠢᠬ᠎ᠠ ᠳ᠋ᠠ ᠃

 ᠤᠷᠲᠤᠭᠠᠳ ᠪᠢ ᠶᠠᠪᠤᠴᠢᠬᠠᠬᠤ ᠶᠤᠮ ᠪᠣᠯ
 ᠤᠴᠠᠷᠠᠨ ᠳᠠᠰᠤᠭᠰᠠᠨ ᠤᠶᠠᠬᠠᠨ ᠴᠢ ᠮᠢᠨᠢ
 ᠤᠰᠤᠨ ᠨᠢᠲᠦᠯᠡᠵᠦ ᠭᠠᠪ ᠭᠠᠭᠴᠠᠭᠠᠷᠲᠠᠨ
 ᠤᠶᠠᠭᠠᠲᠠᠢ ᠪᠣᠲᠣᠭᠣ  ᠰᠢᠭ᠋ ᠯᠡ ᠦᠯᠡᠲᠡᠬᠦ ᠪᠠᠶ᠋ᠢᠬ᠎ᠠ ᠳ᠋ᠠ ᠃

 ᠠᠮᠠᠷᠠᠭ ᠳᠤᠷᠠᠯᠠᠯ ᠮᠠᠨᠢ ᠤᠷᠪᠠᠬᠤ ᠶᠤᠮ ᠪᠣᠯ
 ᠠᠯᠢ ᠴᠤ᠌ ᠭᠠᠵᠠᠷ ᠠ᠋ᠴᠠ ᠪᠠᠲᠤᠨᠤᠷᠪᠤ  ᠳᠤ ᠢᠷᠡᠭᠡᠳ
 ᠠᠩᠬᠠᠨ ᠴᠢᠮ᠎ᠠ ᠲᠠᠢ ᠥᠨᠥᠰᠦᠯᠳᠦᠭᠰᠡᠨ ᠭᠠᠵᠠᠷ ᠳᠡᠭᠡᠷ᠎ᠡ
 ᠠᠮᠢᠰᠬᠤᠯ ᠶᠤᠭᠠᠨ ᠬᠤᠷᠢᠶᠠᠬᠤ ᠪᠣᠯᠤᠨ᠎ᠠ ᠃
          1974.7.11
 
       《 ᠷ · ᠴᠣᠶ᠋ᠢᠨᠣᠮ ᠦ᠋ᠨ ᠰᠢᠯᠦᠭ᠋ ᠵᠣᠬᠢᠶᠠᠯ ᠦ᠋ᠨ ᠬᠤᠷᠢᠶᠠᠬᠤᠢ ! 》
           — ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
          ᠪᠢ᠍᠊ · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
          ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠣᠨᠤᠳ ᠳᠣᠷᠵᠢ

            ᠦᠰᠦᠭ ᠠᠮᠢᠯᠠᠭᠤᠯᠤᠭᠴᠢ  ᠄ ᠪᠠᠶᠠᠨᠰᠡᠷᠡᠩ
              ᠬᠢᠨᠠᠭᠴᠢ ᠄  ᠣᠳᠬᠠᠨᠰᠣ᠎ᠠ