ᠪᠦᠰᠡᠭᠦᠢ ᠶ᠋ᠢᠨ ᠳᠠᠭᠤᠯᠠᠯ – ᠣ ᠂ ᠴᠠᠭᠲᠤᠷᠰᠡᠷᠡᠩ Бүсгүйн дуулал – О ᠂ Цагдарсэрэн
ᠪᠦᠰᠡᠭᠦᠢ ᠶ᠋ᠢᠨ ᠳᠠᠭᠤᠯᠠᠯ
ᠣ ᠂ ᠴᠠᠭᠲᠤᠷᠰᠡᠷᠡᠩ
ᠤᠶᠠᠬᠠᠨ ᠢᠷᠠᠭᠤ ᠬᠣᠭᠣᠯᠠᠢ ᠲᠠᠢ
ᠤᠷᠠᠨ ᠭᠤᠸ᠋᠎ᠠ ᠭᠤᠷᠭᠤᠤᠯᠲᠠᠢ ᠪᠢᠯᠡ
ᠤᠷᠢᠶᠠᠯᠢᠬ ᠨᠠᠮᠤᠬᠠᠨ ᠬᠥᠲᠡᠯᠦᠯ ᠲᠡᠢ
ᠥᠷᠥᠴᠡᠨ ᠪ ᠴᠠᠭᠠᠨ ᠲᠠᠭᠲᠠᠬ᠋᠎ᠠ ᠪᠢᠯᠡ
ᠤᠷᠤᠭ ᠲᠥᠷᠥᠯ ᠦ᠋ᠨ ᠬᠣᠯᠪᠣᠬ᠋᠎ᠠ ᠲᠠᠢ
ᠣᠲᠣᠳ ᠦ᠋ᠨ ᠳᠣᠲᠣᠷᠠᠬᠢ ᠴᠣᠯᠮᠣᠨ ᠪᠢᠯᠡ
ᠦᠷ᠎ᠡ ᠬᠡᠦᠬᠡᠳ ᠦ᠋ᠨ ᠵᠠᠶᠠᠬ᠋᠎ᠠ ᠲᠠᠢ
ᠥᠷᠥᠭᠡ ᠭᠡᠷ ᠦ᠋ᠨ ᠲᠤᠯᠭᠠᠭᠤᠷᠢ ᠪᠢᠯᠡ
ᠤᠲᠤᠮ ᠤᠭᠰᠠᠭᠠᠨ ᠪ ᠵᠠᠯᠭᠠᠮᠵᠢ ᠲᠠᠢ
ᠦᠰᠦ ᠬᠣᠯᠪᠣᠭᠰᠠᠨ ᠪᠦᠰᠡᠭᠦᠢ ᠪᠢᠯᠡ
ᠤᠯᠠᠮᠵᠢᠯᠠᠯᠲᠤ ᠬᠠᠲᠤᠨ ᠤᠬᠠᠭᠠᠨ ᠲᠠᠢ
ᠦᠨᠡᠨᠴᠢ ᠬᠠᠶ᠋ᠢᠷ᠎ᠠ ᠶ᠋ᠢᠨ ᠢᠯᠴᠢ ᠪᠢᠯᠡ
ᠬᠠᠯᠠᠮᠵᠢ ᠪᠠᠷ ᠡᠷᠦᠬᠡ ᠪᠡᠨ ᠪᠣᠰᠬᠠᠭᠰᠠᠨ
ᠬᠠᠨ ᠲᠩᠷᠢ ᠶ᠋ᠢᠨ ᠳᠠᠭᠢᠨᠢ ᠪᠢᠯᠡ
ᠬᠠᠶ᠋ᠢᠷ᠎ᠠ ᠪᠠᠷ ᠦᠷ᠎ᠡ ᠪᠡᠨ ᠥᠰᠭᠡᠭᠰᠡᠨ
ᠬᠠᠨᠠᠲᠤ ᠭᠡᠷ ᠦ᠋ᠨ ᠮᠢᠨᠢ ᠪᠤᠷᠬᠠᠨ ᠪᠢᠯᠡ
ᠭᠣᠯᠣᠮᠲᠠ ᠶ᠋ᠢᠨ ᠭᠠᠯ ᠶ᠋ᠢᠠᠨ ᠪᠠᠲᠠᠷᠠᠭᠠᠭᠰᠠᠨ
ᠭᠠᠯᠠᠶ᠋ᠢᠬᠠᠨ ᠡᠬᠡ ᠲᠩᠷᠢ ᠮᠢᠨᠢ ᠪᠢᠯᠡ
ᠭᠠᠮᠰᠢᠬ ᠬᠢᠵᠢᠭ᠌ ᠲᠡᠢ ᠲᠡᠮᠡᠴᠡᠭᠰᠡᠨ
ᠬᠠᠰᠢᠷ ᠭᠠᠷᠮᠠᠭᠠᠢ ᠢᠲᠤᠭᠠᠨ ᠮᠢᠨᠢ ᠪᠢᠯᠡ
ᠪᠣᠲᠣᠯ ᠰᠡᠤᠠᠬᠢᠯ ᠦ᠋ᠨ ᠠᠷᠢᠭᠤᠨ ᠳᠤᠯᠠᠭᠠᠨ
ᠪᠣᠷᠣ ᠭᠡᠷ ᠦ᠋ᠨ ᠮᠢᠨᠢ ᠪᠣᠭᠲᠠ ᠪᠢᠯᠡ
ᠪᠣᠷᠪᠢ ᠨᠤᠭᠤᠷᠠᠯ ᠦᠭᠡᠢ ᠠᠵᠢᠯᠰᠠᠭ
ᠪᠣᠲᠢᠰᠲᠠᠸ᠋ᠠ ᠶ᠋ᠢᠨ ᠪᠦᠷᠢᠯᠸ᠋ᠠ ᠪᠢᠯᠡ
ᠰᠢᠵᠢᠷ ᠠᠯᠲᠠᠨ ᠨᠠᠷᠠᠨ ᠪᠦᠰᠡᠭᠦᠢ
ᠰᠥᠨᠢ ᠶ᠋ᠢᠨ ᠲᠤᠩᠭᠠᠯᠠᠭ ᠰᠠᠷᠠᠨ ᠪᠦᠰᠡᠭᠦᠢ
ᠦᠰᠦᠭ ᠠᠮᠢᠯᠠᠭᠤᠯᠤᠭᠴᠢ ᠄ ᠣᠤᠠᠬᠠᠨᠰᠣᠠ᠋
ᠬᠢᠨᠠᠭᠴᠢ ᠄ ᠠᠵᠠᠵᠠᠶᠠᠭ᠎ᠠ
2023.3.8 ᠳᠤ
