ᠤᠲᠠᠷᠬᠠᠢ ᠳᠠᠭᠤᠤ – ᠭ · ᠴᠢᠩᠪᠠᠭᠠᠲᠤᠷ Утархай дуу – Г · Чинбаатар
ᠤᠲᠠᠷᠬᠠᠢ ᠳᠠᠭᠤᠤ
ᠭ · ᠴᠢᠩᠪᠠᠭᠠᠲᠤᠷ
ᠵᠡᠪᠡ ᠳᠠᠢ ᠰᠤᠮᠤ ᠪᠠᠷ ᠴᠣᠭᠤᠵᠢᠭᠣᠯᠤᠭᠰᠨᠨ ᠲᠡᠭᠷᠢ ᠶ᠋ᠢᠨ ᠶ᠋ᠢᠡᠨ ᠳᠣᠣᠷ᠎ᠠ
ᠵᠡᠷᠯᠢᠭ ᠶᠠᠩᠵᠤ ᠪᠠᠷ ᠶ᠋ᠢᠠᠨ ᠦᠯᠡᠲᠡᠵᠦ ᠴᠢᠲᠠᠭᠰᠠᠨ ᠦᠭᠡᠢ ᠶᠠ ᠪᠢᠲᠡ
ᠵᠠᠪ ᠲᠠᠢ ᠴᠢᠭ᠌ ᠲᠡᠭᠡᠨ ᠬᠠᠩᠭᠢᠨᠠᠭᠰᠠᠨ ᠰᠡᠯᠡᠮ᠎ᠡ ᠶ᠋ᠢᠨ ᠶ᠋ᠢᠡᠨ ᠢᠷ ᠳᠡᠭᠡᠷ᠎ᠡ
ᠰᠢᠵᠢᠭᠢᠨᠡᠲᠡᠯᠡ ᠤᠬᠢᠯᠠᠭᠰᠠᠭᠠᠷ ᠪᠠᠭᠠᠲᠤᠷ ᠦ᠋ᠳ ᠮᠢᠨᠢ ᠥᠨᠳᠡᠢᠭᠰᠡᠨ ᠦᠭᠡᠢ ᠶᠠ ᠬᠥᠭᠡᠷᠦᠬᠦᠢ
ᠭᠣᠣᠯ ᠦ᠋ᠨ ᠨᠣᠭᠲᠤᠨ ᠰᠤᠷ ᠊ᠢ ᠲᠠᠰᠤᠷ ᠲᠠᠰᠤᠷ ᠠᠯᠬᠤᠵᠤ
ᠭᠤᠨᠠᠭᠠᠨ ᠤᠯᠠᠭᠠᠨ ᠪᠠᠭᠠᠲᠤᠷ ᠮᠢᠨᠢ ᠢᠷᠡᠭᠰᠡᠨ ᠦᠭᠡᠢ ᠶᠠ ᠡᠨᠲᠡ
ᠭᠤᠷᠪᠠᠨ ᠰᠠᠶ᠋ᠢᠬᠠᠨ ᠬᠡᠭᠡᠷ ᠶ᠋ᠢᠡᠷ ᠵᠠᠭᠤᠨ ᠵᠠᠭᠤᠨ ᠊ᠢ ᠲᠣᠪᠴᠢᠯᠠᠵᠤ
ᠭᠤᠨᠢᠬ ᠪᠦᠬᠦᠨ ᠊ᠢ ᠮᠢᠨᠢ ᠠᠷᠭᠠᠲᠠᠵᠤ ᠢᠰᠬᠡᠷᠦᠭᠡ ᠦᠭᠡᠢ ᠶᠠ ᠢᠲᠡᠲᠡᠳ ᠮᠢᠨᠢ
ᠡᠭᠰᠢᠬᠦ ᠪᠡᠨ ᠮᠠᠷᠲᠠᠭᠰᠠᠨ ᠰᠢᠭᠦᠲᠡᠷᠢ ᠶ᠋ᠢ ᠭᠣᠮᠣᠲᠠᠯ ᠦ᠋ᠨ ᠨᠢᠯᠪᠤᠰᠤ ᠰᠢᠭ᠋ ᠵᠠᠯᠭᠢᠬᠰᠠᠨ
ᠡᠵᠢ ᠪᠣᠯᠤᠭᠰᠠᠨ ᠳᠡᠯᠡᠬᠡᠢ ᠰᠡᠮᠡᠷᠡᠬᠦ ᠨᠢ ᠪᠠᠶ᠋ᠢᠨ᠎ᠠ ᠡ ᠨᠤᠲᠤᠭ ᠮᠢᠨᠢ
ᠮᠡᠭᠰᠢᠬᠦ ᠪᠡᠨ ᠠᠶᠠᠲᠠᠭᠰᠠᠨ ᠬᠤᠭᠤᠷ ᠊ᠢ ᠭᠤᠨᠢᠬ ᠪᠠᠶᠠᠷ ᠶ᠋ᠢᠠᠷ ᠠᠷᠭᠠᠲᠠᠭᠰᠠᠨ
ᠮᠡᠳᠡᠳᠡᠭ ᠬᠡᠲᠦᠨ ᠲᠤᠤᠯᠢ ᠮᠢᠨᠢ ᠴᠤ᠌ ᠮᠠᠷᠲᠠᠭᠲᠠᠬᠤ ᠨᠢ ᠪᠠᠶ᠋ᠢᠨ᠎ᠠ ᠡ ᠵᠢᠷᠦᠬᠡ ᠮᠢᠨᠢ
ᠲᠡᠮᠦᠷ ᠳᠥᠷᠥᠭᠡ ᠳᠥᠯᠥᠷᠡᠲᠡᠯᠡ ᠲᠡᠭᠷᠢ ᠶ᠋ᠢᠨ ᠬᠠᠶᠠᠬ᠋ᠠ ᠤᠷᠤᠭᠤ ᠳᠠᠪᠬᠢᠵᠤ
ᠲᠡᠣᠬᠡ ᠪᠣᠯᠤᠭᠰᠠᠨ ᠣᠨ ᠵᠢᠯ ᠤᠷᠤᠭᠤ ᠮᠠᠷᠲᠠᠬᠤ ᠦᠭᠡᠢ ᠶ᠋ᠢᠨ ᠲᠥᠯᠥᠭᠡᠨ᠎ᠡ ᠬᠠᠷᠢᠶ᠎ᠠ
ᠤᠰᠤ ᠨᠤᠲᠤᠭ ᠦ᠋ᠨ ᠶ᠋ᠢᠠᠨ ᠴᠢᠯᠠᠭᠤᠨ ᠳᠤ ᠬᠡᠦᠬᠡᠳ ᠨᠠᠰᠤ ᠰᠢᠭ᠋ ᠶ᠋ᠢᠡᠨ ᠪᠦᠲᠦᠷᠢᠵᠦ
ᠤᠶᠠᠬᠠᠨ ᠡᠵᠢ ᠶ᠋ᠢᠨ ᠶ᠋ᠢᠡᠨ ᠬᠣᠷᠮᠣᠢ ᠠ᠋ᠴᠠ ᠵᠡᠭᠦᠭᠳᠡᠵᠦ ᠨᠢᠭᠡ ᠤᠬᠢᠯᠠᠶ᠎ᠠ
ᠴᠠᠬᠢᠯᠲᠠᠭ ᠦ᠋ᠨ ᠴᠡᠩᠬᠡᠷ ᠴᠡᠴᠡᠭ ᠲᠣᠭᠣᠰᠣ ᠰᠠᠭᠤᠬᠤ ᠶ᠋ᠢ ᠦᠷᠦ ᠡᠪᠡᠤᠠᠴᠦ
ᠴᠠᠭ ᠵᠠᠢ ᠶ᠋ᠢᠨ ᠤᠷᠤᠰᠬᠠᠯ ᠊ᠢ ᠦᠶᠡᠷ ᠦ᠋ᠨ ᠤᠰᠤ ᠰᠢᠭ᠋ ᠵᠠᠯᠭᠢᠶᠠ
ᠴᠠᠶ᠋ᠢᠪᠠᠩ ᠰᠠᠷᠠᠨ ᠪ ᠭᠡᠷᠡᠯ ᠳᠤ ᠣᠲᠣᠷ ᠦ᠋ᠨ ᠦᠲᠡᠰᠢ ᠶ᠋ᠢ ᠠᠰᠠᠭᠠᠵᠤ
ᠴᠠᠰᠤᠲᠤ ᠺᠠᠣᠺᠠᠽ ᠶ᠋ᠢᠨ ᠠᠭᠤᠯᠠ ᠶ᠋ᠢ ᠵᠡᠭᠦᠲᠦᠯᠡᠵᠦ ᠨᠢᠭᠡ ᠠᠭᠤᠵᠢᠷᠠᠶᠠ
ᠳᠠᠶ᠋ᠢᠨ ᠪ ᠲᠤᠭ ᠰᠢᠭ᠋ ᠲᠡᠭᠷᠢ ᠪᠡᠷ ᠨᠠᠷᠠ ᠲᠣᠷᠴᠢᠭᠢᠨᠠᠲᠠᠯᠠ ᠭᠦᠶᠦᠭᠰᠡᠭᠡᠷ
ᠳᠠᠶ᠋ᠢᠴᠢᠳ ᠦ᠋ᠨ ᠳᠤᠭᠤᠯᠠᠬ᠋ᠠ ᠰᠢᠭ᠋ ᠠᠭᠤᠯᠠᠰ ᠦ᠋ᠨ ᠴᠠᠭᠠᠭᠤᠷ ᠲᠦᠰᠬᠢᠲᠡᠯ᠎ᠡ ᠤᠨᠠᠨ᠎ᠠ
ᠳᠠᠪᠬᠢᠵᠤ ᠣᠲᠤᠭᠰᠠᠨ ᠬᠥᠮᠦᠰ ᠦ᠋ᠨ ᠤᠤᠬᠠᠢ ᠶ᠋ᠢᠨ ᠴᠤᠤᠷᠢᠶ᠎ᠠ ᠬᠠᠲᠠᠵᠤ
ᠲᠠᠮᠢᠷ ᠶ᠋ᠢᠠᠨ ᠪᠠᠷᠠᠭᠰᠠᠨ ᠵᠢᠷᠦᠬᠡᠨ ᠳᠤ ᠮᠢᠨᠢ ᠬᠥᠭᠡᠮᠡᠢ ᠪᠣᠯᠤᠨ ᠡᠭᠡᠰᠢᠭᠯᠡᠪᠡ
ᠶᠢᠰᠦᠨ ᠦᠶ᠎ᠡ ᠥᠰᠢᠯ ᠊ᠢ ᠬᠢᠰᠠᠯ ᠶ᠋ᠢᠠᠷ ᠬᠠᠷᠢᠭᠤᠯᠬᠤ ᠵᠠᠮ ᠳ᠋ᠠᠭᠠᠨ
ᠢᠵᠢᠯ ᠮᠥᠷᠡᠨ ᠪ ᠲᠣᠷᠭᠤᠳ ᠦ᠋ᠳ ᠠᠨᠢᠰᠬ᠎ᠠ ᠬᠠᠮᠬᠢ ᠯᠠ ᠦᠭᠡᠢ ᠥᠷᠡᠭᠳᠡᠪᠡ
ᠠᠰᠬᠠᠷᠠᠬᠤᠯᠠ ᠨᠢᠭᠡᠨ ᠪᠠᠯᠭᠤ ᠴᠢᠰᠤᠨ
ᠠᠬᠢᠷᠠᠬᠤᠯᠠ ᠨᠢᠭᠡᠨ ᠠᠤᠠᠬᠤ ᠶᠠᠰᠤᠨ ᠁
ᠪᠤᠯᠢᠭᠠᠷᠢᠨ ᠭᠤᠲᠤᠯ ᠦ᠋ᠨ ᠵᠤᠯᠤᠭ ᠊ᠢ ᠢᠵᠠᠷ ᠠᠯᠬᠤᠵᠤ
ᠪᠤᠴᠠᠵᠤ ᠶᠠᠪᠤᠭᠰᠠᠨ ᠬᠥᠮᠦᠰ ᠦ᠋ᠨ ᠬᠣᠶ᠋ᠢᠨ᠎ᠠ ᠬᠣᠭᠣᠯᠠᠢ ᠪᠠᠨ ᠰᠦᠬᠡᠲᠡᠯᠡ ᠳᠠᠭᠤᠯᠠᠯ᠎ᠠ
ᠪᠤᠭᠤᠷᠤᠯ ᠡᠭᠦᠯᠡᠰ ᠦ᠋ᠨ ᠰᠡᠭᠦᠲᠡᠷ ᠲᠤ ᠵᠢᠷᠦᠬᠡ ᠪᠡᠨ ᠳᠠᠭᠠᠷᠠᠭᠤᠯᠤᠨ ᠥᠨᠥᠴᠢᠷᠡᠭᠰᠡᠨ
ᠪᠠᠭᠤᠷᠠᠢ ᠲᠥᠯᠥᠭᠡ ᠰᠢᠭ᠌ ᠪᠢᠲᠡᠨ ᠊ᠢ ᠳᠤᠷᠠᠰᠳᠠᠭ ᠴᠤ᠌ ᠪᠣᠯᠪᠠ ᠤᠤ ᠬᠣᠶ᠋ᠢᠴᠢᠰ ᠮᠢᠨᠢ
ᠡᠮᠵᠢᠶᠡᠷᠢ ᠦᠭᠡᠢ ᠲᠡᠷᠯᠢᠭ ᠰᠢᠭ᠌ ᠴᠡᠩᠬᠡᠷ ᠲᠩᠷᠢ ᠶ᠋ᠢᠨ ᠶ᠋ᠢᠡᠨ ᠳᠣᠣᠷ᠎ᠠ
ᠡᠷᠲᠡᠨ ᠪ ᠪᠠᠭᠠᠲᠤᠷᠴᠤᠳ ᠰᠢᠭ᠋ ᠥᠷᠡᠭᠳᠡᠵᠦ ᠴᠤ᠌ ᠴᠢᠲᠠᠬᠤ ᠦᠭᠡᠢ ᠨᠢ ᠡ ᠪᠢᠲᠡ
ᠡᠯᠡᠰᠦᠨ ᠡᠴᠡ ᠣᠯᠲᠠᠭᠰᠠᠨ ᠵᠡᠪᠡ ᠲᠡᠢ ᠰᠡᠯᠡᠮ᠎ᠡ ᠶ᠋ᠢᠨ ᠢᠷ ᠊ᠢ
ᠡᠷᠡᠬᠡᠢ ᠬᠤᠷᠤᠭᠤ ᠪᠠᠷ ᠶ᠋ᠢᠠᠨ ᠲᠡᠩᠰᠡᠬᠦ ᠵᠣᠷᠢᠬ ᠴᠤ᠌ ᠦᠭᠡᠢ ᠶᠠ ᠪᠢᠲᠡ
ᠠᠰᠬᠠᠷᠠᠬᠤᠯᠠ ᠨᠢᠭᠡᠨ ᠡᠩᠭᠡᠷ ᠨᠢᠯᠪᠤᠰᠤ
ᠠᠮᠰᠠᠬᠤᠯᠠ ᠨᠢᠭᠡᠨ ᠪᠠᠯᠭᠤ ᠰᠢᠷ᠎ᠠ ᠤᠰᠤ ᠁
ᠦᠰᠦᠭ ᠠᠮᠢᠯᠠᠭᠤᠯᠤᠭᠴᠢ ᠄ ᠲᠠᠨ᠎ᠠ
ᠬᠢᠨᠠᠭᠴᠢ ᠄ ᠪᠠᠯᠵᠢ
