ᠬᠡᠦᠬᠡᠳ ᠣᠨᠢᠰᠤᠭ᠎ᠠ ᠬᠣᠶᠠᠷ – ᠣᠷᠣᠰᠢᠯ ᠤᠨ ᠣᠷᠣᠨ ᠳᠤ Хүүхэд оньсого хоёр – Оршлын оронд ᠣᠨᠢᠰᠤᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠦᠬᠡᠳ ᠣᠨᠢᠰᠤᠭ᠎ᠠ ᠬᠣᠶᠠᠷ – ᠣᠷᠣᠰᠢᠯ ᠤᠨ ᠣᠷᠣᠨ ᠳᠤ Хүүхэд оньсого хоёр – Оршлын оронд

ᠬᠡᠦᠬᠡᠳ ᠣᠨᠢᠰᠤᠭ᠎ᠠ ᠬᠣᠶᠠᠷ – ᠣᠷᠣᠰᠢᠯ ᠤᠨ ᠣᠷᠣᠨ ᠳᠤ Хүүхэд оньсого хоёр – Оршлын оронд

ᠠᠩᠭᠢᠯᠠᠯ:ᠣᠨᠢᠰᠤᠭ᠎ᠠ
2023-03-14

552

ᠬᠡᠦᠬᠡᠳ ᠣᠨᠢᠰᠤᠭ᠎ᠠ ᠬᠣᠶᠠᠷ – ᠣᠷᠣᠰᠢᠯ ᠤᠨ ᠣᠷᠣᠨ ᠳᠤ


       ᠠᠵᠢᠯ ‍ᠤᠨ ᠵᠠᠪ ᠴᠢᠯᠥᠭᠡ ᠶᠡᠬᠡᠲᠡᠢ ᠡᠪᠦᠯ ‍ᠦᠨ ᠡᠷᠢᠨ ᠪᠤᠶᠤ ᠵᠢᠯ ᠴᠠᠭᠠᠨ ᠰᠠᠷ᠎ᠠ ᠪᠣᠯᠬᠤ ᠪᠦᠷᠢ ᠮᠠᠨ ‍ᠤ ᠬᠡᠦᠬᠡᠳ ᠳᠡᠭᠦᠦ ᠨᠠᠷ ᠭᠡᠷ ‍ᠤᠨ ᠨᠠᠰᠤᠲᠠᠨ ᠂ ᠠᠬᠠᠰ ᠵᠠᠬᠠᠰ ‍ᠢᠶ᠋ᠠᠨ ᠲᠣᠭᠣᠷᠢᠵᠤ ᠰᠠᠭᠤᠭᠠᠳ 《 ᠣᠨᠢᠰᠣᠭ᠎ᠠ ᠬᠤᠳᠠᠯᠳᠤᠬᠤ ᠳᠠᠭᠤᠤ 》① ᠎ᠪᠠᠨ ᠳᠠᠭᠤᠯᠠᠵᠠᠭᠠᠨ ᠣᠨᠢᠰᠣᠭ᠎ᠠ ᠲᠠᠭᠠᠯᠴᠠᠬᠤ ᠬᠠᠴᠢᠨ ᠰᠣᠨᠢᠷᠬᠠᠯ ᠎ᠲᠠᠢ ᠨᠠᠶ᠋ᠢᠷ ᠨᠠᠭᠠᠳᠤᠮ ‍ᠢᠶ᠋ᠠᠨ ᠡᠬᠢᠯᠡᠳᠡᠭ ᠪᠢᠯᠡ ᠃ ᠨᠠᠭᠠᠳᠤᠮ ‍ᠳᠤ ᠲᠠᠲᠠᠭᠳᠠᠵᠤ ᠣᠷᠣᠭᠰᠠᠨ ᠣᠨᠢᠰᠤᠭᠠᠴᠢᠨ ᠪᠦᠬᠦᠨ ᠣᠨᠢᠰᠣᠭ᠎ᠠ ᠬᠤᠳᠠᠯᠳᠤᠭᠴᠢ ‍ᠶ᠋ᠢᠨ ᠬᠤᠳᠠᠯᠳᠤᠬᠤ ᠣᠨᠢᠰᠣᠭ᠎ᠠ ‍ᠶ᠋ᠢ ᠲᠠᠶ᠋ᠢᠯᠬᠤ ᠭᠡᠳ ᠤᠷᠤᠭᠤᠯ ᠲᠣᠮᠪᠣᠶ᠋ᠢᠯᠭᠠᠨ ᠨᠢᠳᠦ ᠲᠣᠳᠣᠶ᠋ᠢᠯᠭᠠᠵᠤ ᠨᠠᠮ ᠵᠢᠮ ᠪᠣᠳᠣᠯᠭᠠᠰᠢᠷᠠᠨ ᠰᠠᠭᠤᠭᠰᠠᠨ ᠲᠡᠷᠡ ᠨᠢᠭᠡ ᠭ᠌ᠱᠠᠨ ‍ᠳᠤ ᠬᠥᠭᠡᠷᠦᠬᠦᠨ ᠲᠡᠳᠡᠨ ‍ᠦ ᠰᠠᠨᠠᠭᠠᠨ ‍ᠤ ᠶᠢᠷᠲᠢᠨᠴᠦ ‍ᠳᠤ ᠬᠡᠴᠢᠨᠡᠨ ᠣᠯᠠᠨ ᠤᠷᠠᠨ ᠳᠦᠷᠰᠦᠯᠢᠭ ᠪᠣᠳᠠᠰ ‍ᠤᠨ ᠳᠦᠷᠢ ᠢᠯᠡᠷᠡᠵᠦ ᠵᠠᠪᠳᠤᠳᠠᠭ ‍ᠢ ᠥᠭᠦᠯᠡᠵᠦ ᠢᠯᠡᠳᠬᠡᠬᠦ ‍ᠳᠤ ᠨᠡᠭᠡᠷᠡᠨ ᠪᠡᠷᠬᠡᠲᠡᠢ ᠶᠤᠮ ᠃ ᠣᠨᠢᠰᠣᠭ᠎ᠠ ᠲᠠᠭᠠᠯᠴᠠᠭᠠᠨ ‍ᠳᠤ ᠳᠡᠶ᠋ᠢᠯᠵᠦ ᠭᠠᠷᠤᠭᠠᠳ ᠪᠠᠶᠠᠷᠯᠠᠵᠤ ᠬᠥᠭᠡᠷᠳᠡᠭ ᠨᠢ ᠬᠡᠳᠦᠢ ᠪᠠᠶ᠋ᠢᠨ᠎ᠠ ᠭᠡᠬᠦ ‍ᠳᠦ ᠲᠠᠪᠤᠨ ᠣᠨᠢᠰᠣᠭ᠎ᠠ  ᠲᠠᠭᠠᠵᠤ  ᠳᠡᠶ᠋ᠢᠯᠬᠦ ᠦᠭᠡᠢ ᠎ᠪᠡᠷ  《 ᠬᠤᠳᠠᠯᠳᠤᠭᠳᠠᠭᠠᠳ  》 ᠭᠡᠮᠰᠢᠵᠦ  ᠪᠠᠶ᠋ᠢᠳᠠᠭ ᠨᠢ ᠴᠤ᠌ ᠮᠤᠩ ᠦᠭᠡᠢ ᠶᠤᠮ ᠃ ᠢᠯᠠᠩᠭᠤᠶ᠎ᠠ ᠣᠨᠢᠰᠣᠭ᠎ᠠ ᠬᠤᠳᠠᠯᠳᠤᠭᠴᠢ ‍ᠶ᠋ᠢᠨ ᠬᠣᠷᠣᠰᠬᠠᠨ ᠳᠠᠭᠤᠯᠠᠬᠤ ‍ᠶ᠋ᠢ ᠰᠣᠨᠣᠰᠤᠭᠠᠳ ᠶᠠᠭᠠᠬᠢᠬᠤ ᠠᠷᠭ᠎ᠠ ᠦᠭᠡᠢ ᠬᠣᠷᠣ ᠬᠥᠳᠡᠯᠳᠡᠭ ‍ᠢ ᠨᠢ ᠳᠦᠷᠰᠦᠯᠡᠬᠦ ‍ᠳᠦ ᠨᠡᠩ ᠬᠡᠴᠡᠭᠦᠦ ᠪᠠᠶ᠋ᠢᠳᠠᠭ ᠪᠢᠯᠡ ᠃ ᠬᠥᠷ ᠨᠠᠶ᠋ᠢᠷ ‍ᠢᠶ᠋ᠠᠨ ᠬᠥᠷᠥᠭᠡᠬᠦ ᠦᠭᠡᠢ ᠶ᠋ᠢᠨ ᠲᠥᠯᠥᠭᠡ ᠳᠠᠭᠤᠴᠢᠨ ᠡᠷᠭᠢᠭᠡᠳ ᠄ 
                        
    ① ᠡᠨᠡ ᠨᠢ ᠣᠨᠢᠰᠣᠭ᠎ᠠ ᠲᠠᠭᠠᠯᠭᠠᠬᠤ ᠬᠥᠮᠦᠨ ᠎ᠡᠴᠡ ᠬᠣᠯᠪᠣᠭ᠎ᠠ ‍ᠶ᠋ᠢᠨ ᠠᠶ᠎ᠠ ᠎ᠪᠠᠷ ᠬᠡᠯᠡᠳᠡᠭ ᠬᠡᠪᠰᠢᠮᠡᠯ ᠤᠷᠠᠨ ᠬᠡᠯᠡᠯᠭᠡ ᠪᠣᠯᠤᠨ᠎ᠠ ᠃ 《 ᠳᠠᠭᠤᠤ 》 ᠭᠡᠵᠦ ᠪᠠᠶ᠋ᠢᠪᠠᠴᠤ ᠲᠤᠰᠬᠠᠢ ᠠᠶᠠᠯᠭᠤ ᠭᠡᠵᠦ ᠪᠠᠶ᠋ᠢᠳᠠᠭ ᠦᠭᠡᠢ ᠃ ᠰᠢᠯᠢ ‍ᠶ᠋ᠢᠨ ᠭᠣᠣᠯ ᠠᠶ᠋ᠢᠮᠠᠭ ‍ᠤᠨ ᠵᠠᠷᠢᠮ ᠬᠣᠰᠢᠭᠤ ᠂  ᠵᠠᠷᠤᠳ ᠂ ᠠᠷᠤ ᠬᠣᠷᠴᠢᠨ ‍ᠢᠶ᠋ᠠᠷ ᠦᠯᠡᠳᠡᠭᠳᠡᠵᠦ ᠪᠠᠶ᠋ᠢᠨ᠎ᠠ ᠃ ᠥᠭᠡᠯᠡᠳ ‍ᠦᠨ ᠬᠢᠨ ᠡᠭᠦᠨ ‍ᠢ 《 ᠶᠠᠨᠳᠠᠭ᠎ᠠ 》 ᠭᠡᠵᠦ ᠬᠡᠯᠡᠳᠡᠭ ᠃

  ‍《 ᠵᠠ ᠲᠡᠭᠡᠭᠡᠳ ᠬᠣᠶᠠᠭᠤᠯᠠ ᠎ᠪᠠᠨ
 ᠵᠠᠯᠭᠠᠭᠠᠳ ᠪᠠᠰᠠ ᠲᠠᠭᠠᠯᠴᠠᠶ᠎ᠠ ᠳ᠋ᠠ ᠃
 ᠵᠠᠪᠠᠯ ᠨᠠᠮ᠎ᠠ ‍ᠶ᠋ᠢ ᠳᠡᠶ᠋ᠢᠯᠬᠦ ᠎ᠪᠡᠷ
 ᠴᠢ ᠤᠬᠠᠭᠠᠨ ‍ᠢᠶ᠋ᠠᠨ ᠬᠤᠷᠴᠠᠯᠠ ᠳ᠋ᠠ ᠃
 ᠤᠯᠠᠨ ᠤᠯᠠᠨ ᠲᠠᠭᠠᠯᠴᠠᠵᠤ
 ᠣᠢ ᠤᠬᠠᠭᠠᠨ ‍ᠢᠶ᠋ᠠᠨ ᠨᠡᠮᠡᠶ᠎ᠡ ᠃
 ᠳᠠᠬᠢᠨ ᠳᠠᠬᠢᠨ ᠲᠠᠭᠠᠯᠴᠠᠵᠤ
 ᠳᠠᠯᠠᠢ ᠮᠡᠷᠭᠡᠨ ᠪᠣᠯᠤᠶ᠎ᠠ! 》ᠭᠡᠵᠦ ᠳᠠᠭᠤᠯᠠᠪᠠᠯ ᠤᠬᠢᠯᠠᠵᠤ ᠪᠠᠶ᠋ᠢᠬᠰᠠᠨ 《 ᠤᠶ᠋ᠢᠯᠠᠩᠬᠠᠢ 》 ᠳᠣᠣᠷ᠎ᠠ ᠎ᠪᠠᠨ ᠤᠷᠮᠠᠰᠢᠨ ᠢᠨᠢᠶᠡᠵᠦ ᠨᠢᠯᠪᠤᠰᠤ ᠎ᠪᠠᠨ ᠠᠷᠴᠢᠨ ᠳᠠᠬᠢᠭᠠᠳ ᠯᠠ ᠲᠠᠭᠠᠯᠴᠠᠭᠠᠨ ‍ᠳᠤ ᠣᠷᠣᠯᠴᠠᠵᠤ ᠬᠥᠭᠡᠷᠳᠡᠭ ᠰᠠᠨ ᠃ ᠣᠨᠢᠰᠣᠭᠠᠨ ᠲᠠᠭᠠᠯᠴᠠᠭᠠᠨ ‍ᠳᠤ ᠵᠣᠷᠢᠬ ᠮᠣᠬᠣᠵᠤ ᠣᠬᠣᠷᠢᠬᠤ ᠬᠡᠦᠬᠡᠳ ᠭᠡᠵᠦ ᠶᠡᠷᠦ ᠪᠠᠶ᠋ᠢᠳᠠᠭ ᠦᠭᠡᠢ ᠳᠡᠭᠡᠷ᠎ᠡ ᠎ᠪᠠᠨ ᠬᠠᠷᠢᠨ ᠬᠡᠳᠦᠢ ᠳᠡᠶ᠋ᠢᠯᠦᠭᠳᠡᠬᠦ ᠳᠣᠳᠣᠮ ᠲᠡᠳᠦᠢ ᠠᠲᠠᠭ᠎ᠠ ᠎ᠲᠠᠢ ᠂ ᠪᠠᠬᠠᠲᠠᠢ ᠣᠷᠣᠵᠤ ᠨᠠᠭᠠᠳᠤᠮ ᠲᠠᠷᠬᠠᠭᠰᠠᠨ ‍ᠤ ᠬᠣᠶ᠋ᠢᠨ᠎ᠠ ᠠᠷᠪᠢᠨ ᠠᠷᠪᠢᠨ ᠣᠨᠢᠰᠣᠭ᠎ᠠ ᠰᠤᠷᠴᠤ ᠴᠡᠭᠡᠵᠢᠯᠡᠵᠦ ᠠᠪᠬᠤ ᠎ᠪᠠᠷ ᠮᠡᠷᠡᠶ᠋ᠢᠨ ᠴᠢᠷᠮᠠᠶ᠋ᠢᠳᠠᠭ ᠪᠠᠶ᠋ᠢᠬᠰᠠᠨ ᠃ ᠲᠠᠭᠠᠯᠴᠠᠵᠤ ᠬᠠᠯᠠᠮᠰᠢᠭᠠᠳ ᠭᠠᠯ ᠬᠥᠭ ᠳᠡᠭᠡᠷ᠎ᠡ ᠎ᠪᠠᠨ ᠣᠷᠣᠬᠤ ᠦᠶᠡᠰ ᠡᠪᠦᠭᠡᠳ ᠬᠥᠭᠰᠢᠳ ᠬᠡᠦᠬᠡᠳ ᠱᠤᠬᠠᠳ ᠶᠡᠬᠡ ᠪᠠᠭ᠎ᠠ ᠦᠭᠡᠢ ᠪᠦᠭᠦᠳᠡ ᠬᠥᠳᠡᠯᠦᠯᠴᠡᠳᠡᠭ ᠨᠢ ᠬᠥᠳᠡᠭᠡ ‍ᠶ᠋ᠢᠨ ᠣᠨᠢᠰᠣᠭᠠᠨ ᠲᠠᠭᠠᠯᠴᠠᠭᠠᠨ ‍ᠳᠤ ᠦᠷᠭᠦᠯᠵᠢ ᠭᠠᠷᠳᠠᠭ ᠬᠥᠭᠵᠢᠶᠡᠨ ᠎ᠲᠠᠢ ᠦᠵᠡᠭᠳᠡᠯ ᠶᠤᠮ ᠃ ᠰᠣᠶᠣᠯ ‍ᠤᠨ ᠠᠮᠢᠳᠤᠷᠠᠯ ‍ᠢᠶ᠋ᠠᠷ ᠶᠠᠳᠠᠮᠠᠭ ᠥᠩᠭᠡᠷᠡᠭᠰᠡᠨ ‍ᠦ ᠬᠥᠳᠡᠭᠡ ᠨᠤᠲᠤᠭ ‍ᠢᠶ᠋ᠠᠷ ᠣᠨᠢᠰᠣᠭ᠎ᠠ ᠲᠠᠭᠠᠯᠴᠠᠬᠤ ᠨᠠᠭᠠᠳᠤᠮ ᠥᠷᠭᠡᠨ ᠳᠡᠯᠭᠡᠷᠡᠵᠦ ᠪᠠᠶ᠋ᠢᠬᠰᠠᠨ ᠪᠥᠭᠡᠳ ᠣᠳᠣ ᠴᠤ᠌ ᠭᠡᠰᠡᠨ ᠵᠠᠷᠢᠮ ᠭᠠᠵᠠᠷ ᠣᠷᠣᠨ ‍ᠢᠶ᠋ᠠᠷ ᠤᠯᠠᠮᠵᠢᠯᠠᠨ ᠶᠠᠪᠤᠭᠳᠠᠭᠰᠠᠭᠠᠷ ᠪᠠᠶ᠋ᠢᠨ᠎ᠠ ᠃ ᠣᠨᠢᠰᠣᠭ᠎ᠠ ᠪᠣᠯ ᠬᠡᠦᠬᠡᠳ ᠲᠤ ᠬᠠᠮᠤᠭ ᠠ᠋ᠴᠠ ᠣᠶ᠋ᠢᠷ᠎ᠠ ᠳᠣᠲᠣᠨᠣ ᠪᠠᠶ᠋ᠢᠳᠠᠭ ᠭᠡᠰᠡᠨ ‍ᠢ ᠣᠨᠢᠰᠣᠭᠠᠨ ᠲᠠᠭᠠᠯᠴᠠᠭᠠᠨ ᠠ᠋ᠴᠠ ᠲᠣᠳᠣᠷᠬᠠᠢ ᠣᠯᠵᠤ ᠮᠡᠳᠡᠳᠡᠭ ᠃
      ᠲᠡᠭᠡᠪᠡᠯ ᠣᠨᠢᠰᠣᠭ᠎ᠠ ᠶᠠᠭᠠᠬᠢᠭᠠᠳ ᠬᠡᠦᠬᠡᠳ ᠲᠤ ᠡᠳᠦᠢ ᠣᠶ᠋ᠢᠷ᠎ᠠ ᠳᠣᠲᠣᠨᠣ ᠬᠠᠴᠢᠨ ᠰᠣᠨᠢᠷᠬᠠᠯᠲᠠᠢ ᠪᠠᠶ᠋ᠢᠳᠠᠭ ᠶᠤᠮ ᠪᠤᠢ? ᠭᠡᠪᠡᠯ ᠂ ᠡᠭᠦᠨ ‍ᠢ ᠣᠨᠢᠰᠣᠭ᠎ᠠ ‍ᠶ᠋ᠢᠨ ᠤᠷᠠᠯᠢᠬ ‍ᠤᠨ ᠣᠨᠴᠠᠯᠢᠬ ᠠ᠋ᠴᠠ ᠪᠣᠯᠤᠭᠰᠠᠨ ᠭᠡᠵᠦ ᠦᠵᠡᠬᠦ ᠶᠣᠰᠣᠲᠠᠢ ᠃
      ᠬᠡᠦᠬᠡᠳ 《 ᠡᠯᠳᠡᠪ ‍ᠦᠨ ᠶᠠᠭᠤᠮᠠᠨ ‍ᠳᠤ ᠳᠤᠷᠠᠯᠠᠵᠤ 》 ᠰᠣᠨᠢᠷᠬᠠᠯ ᠲᠥᠷᠥᠭᠡᠳ ᠶᠡᠬᠡ ᠬᠥᠮᠦᠨ ᠎ᠡᠴᠡ ᠬᠡᠵᠢᠶᠡᠳᠡ ᠡᠨᠡ ᠲᠡᠷᠡ ‍ᠶ᠋ᠢ ᠠᠰᠠᠭᠤᠨ ᠰᠤᠷᠠᠵᠤ 《 ᠶᠠᠭᠠᠬᠢᠭᠠᠳ ᠶᠤᠮ ᠪᠤᠢ? 》 ᠭᠡᠰᠡᠨ ᠠᠰᠠᠭᠤᠯᠲᠠ ‍ᠶ᠋ᠢ ᠭᠡᠲᠦ ᠳᠠᠪᠰᠢᠭᠤᠯᠵᠤ ᠲᠠᠯᠪᠢᠳᠠᠭ ᠵᠠᠩ ᠎ᠲᠠᠢ ᠪᠢᠯᠡ ᠃ ᠭᠡᠲᠦ ᠳᠠᠪᠲᠠᠨ ᠠᠰᠠᠭᠤᠬᠤ ᠰᠢᠯᠭᠠᠯᠲᠠ ‍ᠶ᠋ᠢ ᠳᠠᠭᠠᠭᠠᠳᠠᠭ ᠦᠭᠡᠢ ᠬᠡᠷᠡᠭ ᠪᠣᠳᠠᠰ ᠪᠣᠯ ᠲᠡᠳᠡᠨ ‍ᠳᠦ ᠲᠡᠶ᠋ᠢᠮᠦ ᠰᠣᠨᠢᠷᠬᠠᠯᠲᠠᠢ ᠰᠠᠨᠠᠭᠳᠠᠳᠠᠭ ᠦᠭᠡᠢ ᠃ ᠬᠡᠦᠬᠡᠳ ‍ᠦᠨ ᠡᠨᠡ ᠵᠠᠩ ‍ᠢᠶ᠋ᠠᠷ ᠣᠨᠢᠰᠣᠭ᠎ᠠ ‍ᠶ᠋ᠢ ᠰᠢᠨᠵᠢᠪᠡᠯ ᠂ ᠣᠨᠢᠰᠣᠭ᠎ᠠ ‍ᠶ᠋ᠢᠨ ᠪᠢᠲᠡᠭᠦᠦ ᠎ᠪᠠᠷ ᠥᠭᠦᠯᠡᠳᠡᠭ ᠤᠷᠠᠯᠢᠬ ‍ᠤᠨ ᠣᠨᠴᠠᠯᠢᠬ ᠨᠢ ᠬᠡᠦᠬᠡᠳ ‍ᠦᠨ ᠠᠩᠬᠠᠷᠤᠯ ᠰᠣᠨᠢᠷᠬᠠᠯ ‍ᠢ ᠶᠡᠬᠡᠳᠡ ᠲᠠᠲᠠᠳᠠᠭ ᠪᠠᠶ᠋ᠢᠨ᠎ᠠ ᠃ ᠣᠨᠢᠰᠣᠭ᠎ᠠ ᠨᠢ  ᠣᠨᠢᠰᠤᠯᠠᠬᠤᠨ ᠪᠠ ᠣᠨᠢᠰᠤᠯᠠᠭᠳᠠᠬᠤᠨ ᠂ ᠥᠭᠡᠷ᠎ᠡ ᠎ᠪᠡᠷ ᠬᠡᠯᠡᠪᠡᠯ ᠲᠠᠶ᠋ᠢᠯᠬᠤᠨ ᠪᠠ ᠲᠠᠶ᠋ᠢᠯᠤᠭᠳᠠᠬᠤᠨ ᠬᠣᠶᠠᠷ ‍ᠢᠶ᠋ᠠᠷ ᠪᠦᠷᠢᠯᠳᠦᠵᠦ ᠪᠠᠶ᠋ᠢᠳᠠᠭ ᠃ ᠣᠨᠢᠰᠣᠭ᠎ᠠ ‍ᠶ᠋ᠢᠨ ᠭᠣᠣᠯ ᠰᠠᠨᠠᠭ᠎ᠠ ᠪᠣᠯᠬᠤ ᠣᠨᠢᠰᠤᠯᠠᠭᠳᠠᠬᠤᠨ ᠂ ᠨᠢ ᠶᠡᠷᠦ ᠎ᠡᠴᠡ ᠨᠢᠭᠤᠴᠠ ᠪᠢᠲᠡᠭᠦᠦ ᠪᠠᠶ᠋ᠢᠳᠠᠭ ᠲᠤᠯᠠ ᠬᠥᠮᠦᠰ ‍ᠢ ᠲᠠᠭᠠᠵᠤ ᠪᠣᠳᠣᠭᠤᠯᠬᠤ ᠰᠢᠨᠵᠢᠲᠡᠢ ᠃ ᠭᠡᠪᠡᠴᠦ ᠣᠨᠢᠰᠤᠯᠠᠭᠳᠠᠬᠤᠨ  ( ᠲᠠᠶ᠋ᠢᠯᠤᠭᠳᠠᠬᠤᠨ ) ᠨᠢ ᠭᠣᠣᠯ  ᠭᠣᠣᠯ ᠣᠨᠴᠠᠯᠢᠬ ᠰᠢᠨᠵᠢ ‍ᠶ᠋ᠢᠨ ‍ᠢᠶ᠋ᠠᠨ ᠢᠯᠡᠳᠬᠡᠮᠵᠢ ᠪᠣᠯᠤᠭᠰᠠᠨ ᠣᠨᠢᠰᠤᠯᠠᠬᠤᠨ ( ᠲᠠᠶ᠋ᠢᠯᠬᠤᠨ ) ‍ᠳᠤ ᠣᠨᠢᠰᠤᠯᠠᠭᠳᠠᠨ ᠪᠢᠲᠡᠭᠦᠯᠡᠭᠳᠡᠵᠦ ᠪᠠᠶ᠋ᠢᠭ᠎ᠠ ᠤᠴᠢᠷ ᠠ᠋ᠴᠠ ᠬᠥᠮᠦᠰ ᠦᠵᠡᠭᠳᠡᠯ ‍ᠢᠶ᠋ᠡᠷ ᠨᠢ ᠳᠠᠮᠵᠢᠨ ᠮᠥᠨ ᠴᠢᠨᠠᠷ ‍ᠤᠨ ᠶᠠᠭᠤᠮ᠎ᠠ ‍ᠶ᠋ᠢ ᠨᠢ ᠣᠯᠵᠤ ᠠᠪᠳᠠᠭ ᠃ ᠡᠭᠦᠨ ᠎ᠡᠴᠡ ᠨᠢ ᠦᠵᠡᠪᠡᠯ ᠣᠨᠢᠰᠣᠭ᠎ᠠ ‍ᠶ᠋ᠢ ᠪᠠᠰᠠ ᠢᠯᠡ ᠰᠢᠨᠵᠢᠲᠡᠢ ᠭᠡᠵᠦ ᠬᠡᠯᠡᠵᠦ ᠪᠣᠯᠤᠨ᠎ᠠ ᠃ ᠲᠡᠷᠡ ᠨᠢ ᠢᠯᠡ ᠪᠠ ᠪᠢᠲᠡᠭᠦᠦ ᠬᠣᠶᠠᠷ ‍ᠤᠨ ᠬᠤᠪᠢᠰᠤᠩᠭᠤᠢ ᠬᠠᠷᠢᠴᠠᠭ᠎ᠠ ᠎ᠪᠠᠷ ᠪᠦᠷᠢᠯᠳᠦᠵᠦ ᠪᠠᠶ᠋ᠢᠳᠠᠭ ᠃ ᠣᠨᠢᠰᠣᠭ᠎ᠠ ᠲᠠᠭᠠᠯᠴᠠᠵᠤ ᠪᠠᠶ᠋ᠢᠭ᠎ᠠ ᠬᠡᠦᠬᠡᠳ 《 ᠶᠠᠭᠠᠬᠢᠭᠠᠳ ᠶᠤᠮ ᠪᠤᠢ? 》 ᠭᠡᠵᠦ ᠠᠮᠠᠨ ᠳᠡᠭᠡᠷ᠎ᠡ ᠎ᠪᠠᠨ ᠠᠰᠠᠭᠤᠭ᠎ᠠ ᠦᠭᠡᠢ ᠪᠣᠯᠪᠠᠴᠤ ᠤᠷᠤᠭᠤᠯ ᠲᠣᠮᠪᠣᠶ᠋ᠢᠯᠭᠠᠨ ᠲᠣᠷᠮᠣᠩ ᠲᠣᠷᠮᠣᠩ ᠬᠠᠷᠠᠵᠤ ᠬᠡᠷᠬᠢᠨ ᠲᠠᠶ᠋ᠢᠯᠬᠤ ᠎ᠪᠠᠨ ᠪᠣᠳᠣᠵᠤ ᠰᠠᠭᠤᠬᠤ ᠵᠠᠭᠤᠷ᠎ᠠ ᠎ᠪᠠᠨ ᠢᠩᠭᠢᠵᠦ ᠠᠰᠠᠭᠤᠬᠤ ᠶᠠᠪᠤᠴᠠ ‍ᠶ᠋ᠢ ᠥᠪᠡᠷ ‍ᠦᠨ ᠡᠷᠬᠡ ᠦᠭᠡᠢ ᠥᠩᠭᠡᠷᠡᠭᠡᠵᠦ ᠪᠠᠶ᠋ᠢᠳᠠᠭ ᠶᠤᠮ ᠃ ᠬᠡᠦᠬᠡᠳ ‍ᠦᠨ 《 ᠠᠰᠠᠭᠤᠯᠲᠠ ᠲᠠᠯᠪᠢᠨ ᠬᠠᠷᠢᠭᠤᠯᠲᠠ ᠣᠯᠬᠤ 》 ᠰᠡᠳᠬᠢᠬᠦᠢ ‍ᠶ᠋ᠢᠨ ᠡᠨᠡᠬᠦ ᠬᠥᠳᠡᠯᠭᠡᠭᠡᠨ ᠨᠢ ᠣᠨᠢᠰᠣᠭ᠎ᠠ  ‍ᠶ᠋ᠢᠨ ᠢᠯᠡᠳᠬᠡᠬᠦ ᠠᠷᠭ᠎ᠠ ‍ᠶ᠋ᠢᠨ ᠤᠷᠠᠨ ᠰᠡᠳᠬᠢᠮᠵᠢ ‍ᠶ᠋ᠢ ᠳᠠᠭᠠᠨ ᠪᠤᠢ ᠪᠣᠯᠵᠤ ᠬᠥᠭᠵᠢᠳᠡᠭ ᠪᠠᠶ᠋ᠢᠨ᠎ᠠ ᠃
   ᠣᠨᠢᠰᠣᠭ᠎ᠠ ‍ᠶ᠋ᠢᠨ ᠰᠠᠨᠠᠭ᠎ᠠ ᠤᠷᠠᠨ ᠪᠥᠭᠡᠳ ᠢᠯᠡᠳᠬᠡᠮᠵᠢ ᠪᠠᠶᠠᠯᠢᠬ ᠶᠤᠮ ᠃ ᠣᠨᠢᠰᠣᠭ᠎ᠠ ‍ᠶ᠋ᠢᠨ ᠣᠨᠢᠰᠤᠯᠠᠭᠳᠠᠬᠤᠨ ‍ᠢ ᠶᠠᠭᠤᠨ ‍ᠤ ᠡᠮᠦᠨ᠎ᠡ ᠵᠦᠢᠷᠯᠡᠨ ᠳᠦᠷᠰᠦᠯᠡᠵᠦ ᠢᠯᠡᠳᠬᠡᠳᠡᠭ ᠃ ᠵᠢᠱ᠌ᠢᠶᠡᠯᠡᠪᠡᠯ ᠄

 ᠬᠠᠭᠤᠷᠠᠢ ᠮᠣᠳᠣ ᠬᠤᠨᠴᠢᠨ ᠳᠠᠭᠤ ᠎ᠲᠠᠢ
 ᠬᠤᠯᠤᠰᠤᠨ ᠰᠢᠷᠭ᠎ᠠ  ᠤᠨᠠᠭᠠᠨ ᠳᠠᠭᠤ ᠎ᠲᠠᠢ
          (  ᠬᠤᠭᠤᠷ)

 ᠤᠯᠠᠨ ‍ᠳᠤ ᠠᠰᠢᠬᠲᠠᠢ ᠬᠡ
 ᠣᠶᠤᠨ ‍ᠢ ᠨᠡᠭᠡᠭᠡᠭᠳᠡᠭᠦᠯᠳᠡᠭ ᠬᠡ
 ᠲᠦᠮᠡᠨ ‍ᠳᠦ ᠠᠰᠢᠬᠲᠠᠢ ᠬᠡ
 ᠲᠥᠷᠥ ‍ᠶ᠋ᠢ ᠮᠠᠨᠳᠤᠭᠤᠯᠳᠠᠭ ᠬᠡ
         (  ᠪᠢᠴᠢᠭ)

 ᠭᠠᠬᠠᠢ ‍ᠶ᠋ᠢᠨ ᠭᠡᠳᠡᠰᠦ ᠎ᠲᠡᠢ
 ᠭᠠᠯᠠᠭᠤᠨ ᠬᠦᠵᠦᠭᠦᠦ ᠎ᠲᠡᠢ
       (  ᠳᠡᠪᠦᠷ᠎ᠡ)
 ᠭᠡᠬᠦ ᠵᠡᠷᠭᠡ ᠎ᠪᠡᠷ ᠲᠠᠶ᠋ᠢᠯᠤᠭᠳᠠᠬᠤ ᠬᠡᠷᠡᠭ ᠪᠣᠳᠠᠰ ‍ᠢᠶ᠋ᠠᠨ ᠥᠭᠡᠷ᠎ᠡ ᠨᠢᠭᠡ ᠵᠦᠢᠯ ‍ᠦᠨ ᠬᠡᠷᠡᠭ ᠪᠣᠳᠠᠰ ‍ᠤᠨ ᠰᠢᠨᠵᠢ ᠪᠠᠶ᠋ᠢᠳᠠᠯ ᠣᠨᠴᠠᠯᠢᠬ ‍ᠢᠶ᠋ᠠᠷ ᠤᠷᠠᠯᠢᠬ ‍ᠢᠶ᠋ᠠᠷ ᠳᠦᠷᠰᠦᠯᠡᠵᠦ ᠭᠠᠷᠭᠠᠳᠠᠭ ᠃ ᠲᠡᠭᠡᠪᠡᠯ

 ᠣᠲᠣᠯᠠᠢ ᠮᠣᠳᠣᠨ ᠳᠡᠭᠡᠷ᠎ᠡ
 ᠳᠣᠲᠣᠯᠠᠢ ᠰᠢᠪᠠᠭᠤ
     (  ᠬᠤᠷᠤᠭᠤᠪᠴᠢ)
 ᠭᠡᠬᠦᠴᠢᠯᠡᠨ ᠬᠣᠶᠠᠷ ᠶᠠᠭᠤᠮᠠᠨ ‍ᠤ ᠬᠣᠭᠣᠷᠣᠨᠳᠣᠬᠢ ᠬᠣᠯᠪᠣᠭᠳᠠᠯ ᠪᠦᠬᠦᠢ ᠰᠢᠨᠵᠢ ᠳᠦᠷᠰᠦ ᠎ᠪᠡᠷ ᠢᠯᠡᠳᠬᠡᠳᠡᠭ ᠃ ᠪᠠᠰᠠ

 ᠡᠷᠢᠶᠡᠨ ᠪᠠᠶ᠋ᠢᠬᠤ ᠨᠢ ᠪᠠᠷᠰ ᠰᠢᠭ᠋
 ᠡᠪᠡᠷ ᠎ᠲᠡᠢ ᠪᠠᠶ᠋ᠢᠬᠤ ᠨᠢ ᠪᠤᠭᠤ ᠰᠢᠭ᠋
 ᠨᠣᠭᠣᠭᠠᠨ ᠪᠠᠶ᠋ᠢᠬᠤ ᠨᠢ ᠲᠣᠷᠭ᠎ᠠ ᠰᠢᠭ᠋
 ᠨᠤᠲᠤᠭ ‍ᠢᠶ᠋ᠠᠨ ᠮᠠᠭᠲᠠᠬᠤ ᠨᠢ ᠳᠠᠭᠤᠴᠢᠨ ᠰᠢᠭ᠋
      (  ᠭᠣᠯᠢᠶ᠎ᠠ)

 ᠡᠳᠦᠷ ‍ᠦᠨ ᠭᠡᠭᠡ ᠎ᠲᠡᠢ ‍ᠳᠦ ᠨᠥᠬᠥᠴᠡᠭᠡᠳ ᠭᠦᠶᠦᠨ᠎ᠡ
 ᠦᠳᠡᠰᠢ ‍ᠶ᠋ᠢᠨ ᠬᠠᠷᠠᠩᠭᠤᠢ ‍ᠳᠤ ᠰᠠᠯᠤᠭᠠᠳ ᠤᠳᠤᠨ᠎ᠠ
      (  ᠰᠡᠭᠦᠳᠡᠷ)
 ᠭᠡᠵᠦ ᠬᠡᠷᠡᠭ ᠪᠣᠳᠠᠰ ᠰᠢᠨᠵᠢ ᠪᠠᠶ᠋ᠢᠳᠠᠯ ᠳᠦᠷᠰᠦ ‍ᠶ᠋ᠢ ᠰᠢᠭᠤᠳ ᠤᠷᠠᠯᠠᠨ ᠳᠦᠷᠰᠦᠯᠡᠵᠦ ᠢᠯᠡᠳᠬᠡᠳᠡᠭ ᠃ ᠢᠯᠡᠳᠬᠡᠬᠦ ᠠᠷᠭ᠎ᠠ ᠳ᠋ᠠᠬᠢ ᠪᠠᠰᠠ ᠨᠢᠭᠡ ᠴᠢᠬᠤᠯᠠ ᠠᠷᠭ᠎ᠠ ᠪᠠᠷᠢᠯ ᠨᠢ ᠭᠡᠪᠡᠯ ᠣᠨᠢᠰᠤᠯᠠᠬᠤᠨ ᠪᠡ ᠣᠨᠢᠰᠤᠯᠠᠭᠳᠠᠬᠤᠨ ( ᠲᠠᠶ᠋ᠢᠯᠬᠤᠨ ᠪᠡ ᠲᠠᠶ᠋ᠢᠯᠤᠭᠳᠠᠬᠤᠨ ) ‍ᠤ ᠬᠣᠭᠣᠷᠣᠨᠳᠣ ᠡᠰᠡᠷᠭᠦ ᠲᠡᠰᠡᠷᠭᠦ ᠰᠢᠨᠵᠢ ᠴᠢᠨᠠᠷ ‍ᠤᠨ ᠵᠥᠷᠢᠴᠡᠯ ᠮᠥᠷᠭᠥᠯᠳᠦᠭᠡᠨ ᠭᠠᠷᠭᠠᠵᠤ ᠥᠭᠦᠯᠡᠬᠦ ᠎ᠪᠡᠷ ᠣᠨᠢᠰᠣᠭ᠎ᠠ ᠪᠦᠲᠦᠭᠡᠬᠦ ᠶᠠᠪᠤᠳᠠᠯ ᠪᠣᠯᠤᠨ᠎ᠠ ᠃ ᠵᠢᠱ᠌ᠢᠶᠡᠯᠡᠪᠡᠯ ᠄
 ᠠᠮᠢ ᠦᠭᠡᠢ ᠪᠠᠶ᠋ᠢᠭᠠᠳ ᠳᠠᠭᠤ ᠎ᠲᠠᠢ
 ᠠᠶ᠋ᠢᠯ ᠪᠢᠰᠢ ᠪᠠᠶ᠋ᠢᠭᠠᠳ ᠭᠡᠷ ᠎ᠲᠡᠢ
 ᠯᠠᠮᠠ ᠪᠢᠰᠢ ᠪᠠᠶ᠋ᠢᠭᠠᠳ ᠨᠣᠮ ᠎ᠲᠠᠢ
 ᠡᠮ᠎ᠡ ᠪᠢᠰᠢ ᠪᠠᠶ᠋ᠢᠭᠠᠳ ᠵᠡᠭᠦᠦ ᠎ᠲᠡᠢ
      (  ᠡᠭᠡᠰᠢᠭᠲᠦ ᠬᠠᠶ᠋ᠢᠷᠴᠠᠭ)


 ᠡᠷᠭᠢᠯᠳᠦᠭᠡᠳ ᠪᠠᠶ᠋ᠢᠨ᠎ᠠ ᠡᠷᠭᠢᠭᠦᠦ ᠶᠤᠮ ‍ᠤᠤ? ᠪᠠᠰᠠ ᠪᠢᠰᠢ
 ᠡᠷᠢᠶᠡᠨ ᠪᠠᠶ᠋ᠢᠨ᠎ᠠ ᠪᠠᠷᠰ ᠶᠤᠮ ‍ᠤᠤ? ᠪᠠᠰᠠ ᠪᠢᠰᠢ
 ᠤᠩᠰᠢᠭᠠᠳ ᠪᠠᠶ᠋ᠢᠨ᠎ᠠ ᠨᠣᠮ ᠶᠤᠮ ‍ᠤᠤ? ᠪᠠᠰᠠ ᠪᠢᠰᠢ
 ᠤᠬᠢᠯᠠᠭᠠᠳ ᠪᠠᠶ᠋ᠢᠨ᠎ᠠ ᠬᠡᠦᠬᠡᠨ ᠶᠤᠮ ‍ᠤᠤ? ᠪᠠᠰᠠ ᠪᠢᠰᠢ
          (  ᠵᠥᠭᠡᠢ)

 ᠭᠡᠬᠦ ᠮᠡᠲᠦ ᠃ ᠵᠠᠷᠢᠮ ᠳ᠋ᠠᠭᠠᠨ ᠂

 ᠬᠠᠲᠠᠷᠢᠬᠤ ‍ᠳᠤ ᠬᠥᠯᠥᠰᠥ ᠦᠭᠡᠢ
 ᠬᠠᠳᠬᠤᠬᠤ ‍ᠳᠤ ᠴᠢᠰᠤ ᠦᠭᠡᠢ
       (  ᠮᠠᠰᠢᠨ ᠲᠡᠷᠭᠡ)

 ᠠᠪᠤ ‍ᠶ᠋ᠢᠨ ᠬᠢᠭᠰᠡᠨ ᠬᠤᠪᠢᠩ ‍ᠢ ᠬᠥᠮᠥᠷᠴᠥ ᠪᠣᠯᠳᠠᠭ ᠦᠭᠡᠢ
         (  ᠬᠤᠳᠳᠤᠭ)

 ᠭᠡᠵᠦ ᠬᠡᠷᠡᠭ ᠪᠣᠳᠠᠰ ‍ᠤᠨ ᠭᠣᠣᠯ ᠰᠢᠨᠵᠢ ᠴᠢᠨᠠᠷ ᠪᠠᠶ᠋ᠢᠳᠠᠯ ‍ᠢ ᠦᠭᠡᠶ᠋ᠢᠰᠬᠡᠯ ‍ᠢᠶ᠋ᠡᠷ ᠢᠯᠡᠳᠬᠡᠵᠦ ᠣᠨᠢᠰᠣᠭ᠎ᠠ ᠪᠦᠲᠦᠭᠡᠳᠡᠭ ᠃ ᠣᠨᠢᠰᠣᠭ᠎ᠠ ‍ᠶ᠋ᠢᠨ ᠰᠠᠨᠠᠭ᠎ᠠ ‍ᠶ᠋ᠢ ᠶᠠᠮᠠᠷ ᠠᠷᠭ᠎ᠠ ᠎ᠪᠠᠷ ᠢᠯᠡᠳᠬᠡᠪᠡᠴᠦ ᠂ ᠣᠨᠢᠰᠣᠭ᠎ᠠ ᠲᠠᠭᠠᠵᠤ ᠡᠬᠢᠯᠡᠮᠡᠭᠴᠡ  ᠲᠠᠶ᠋ᠢᠯᠤᠭᠳᠠᠬᠤ ᠬᠡᠷᠡᠭ ᠪᠣᠳᠠᠰ ᠤᠴᠢᠷ ᠶᠠᠪᠤᠳᠠᠯ ‍ᠢ ᠳᠦᠷᠰᠦᠯᠡᠨ ᠢᠯᠡᠳᠬᠡᠵᠦ ᠪᠠᠶ᠋ᠢᠭ᠎ᠠ ᠲᠡᠷᠡ ᠬᠡᠷᠡᠭ ᠪᠣᠳᠠᠰ ‍ᠤᠨ ᠠᠮᠢᠳᠤᠯᠢᠬ ᠳᠦᠷᠢ ᠨᠢ ᠬᠡᠦᠬᠡᠳ ‍ᠦᠨ ᠠᠩᠬᠠᠷᠤᠯ ‍ᠢ ᠬᠦᠴᠦᠲᠡᠢ ᠲᠠᠲᠠᠳᠠᠭ ‍ᠢᠶ᠋ᠠᠷ ᠬᠡᠦᠬᠡᠳ ‍ᠦᠳ ᠰᠣᠨᠣᠰᠤᠭᠠᠳ 《 ᠬᠠᠷᠠᠭᠳᠠᠭᠰᠠᠨ 》 ᠡᠨᠡ ᠬᠡᠷᠡᠭ ᠪᠣᠳᠠᠰ ‍ᠤᠨ ᠬᠡᠯᠪᠡᠷᠢ ᠳᠦᠷᠰᠦ ᠣᠨᠴᠠᠯᠢᠬ ᠰᠢᠨᠵᠢ ‍ᠶ᠋ᠢ ᠳᠠᠮᠵᠢᠨ ᠂ ᠥᠭᠡᠷ᠎ᠡ ᠎ᠪᠡᠷ ᠬᠡᠯᠡᠪᠡᠯ ᠣᠨᠢᠰᠤᠯᠠᠬᠤᠨ ᠪᠠ ᠣᠨᠢᠰᠤᠯᠠᠭᠳᠠᠬᠤᠨ ( ᠲᠠᠶ᠋ᠢᠯᠬᠤᠨ ᠪᠠ ᠲᠠᠶ᠋ᠢᠯᠤᠭᠳᠠᠬᠤᠨ ) ‍ᠤ ᠬᠣᠭᠣᠷᠣᠨᠳᠣᠬᠢ ᠳᠦᠷᠰᠦᠯᠢᠭ ᠤᠷᠠᠨ ᠬᠣᠯᠪᠣᠭ᠎ᠠ ᠎ᠪᠠᠷ ᠳᠡᠮᠵᠢᠵᠦ ᠪᠠᠶ᠋ᠢᠭᠠᠳ ᠣᠨᠢᠰᠣᠭ᠎ᠠ ‍ᠶ᠋ᠢᠨ ᠰᠠᠨᠠᠭ᠎ᠠ ‍ᠶ᠋ᠢ ᠡᠷᠢᠵᠦ ᠤᠬᠤᠴᠢᠯᠠᠳᠠᠭ ᠃ ᠢᠩᠭᠢᠭᠡᠳ ᠣᠨᠢᠰᠣᠭ᠎ᠠ ‍ᠶ᠋ᠢᠨ ᠢᠯᠡ ᠎ᠡᠴᠡ ᠪᠢᠲᠡᠭᠦᠦ ‍ᠳᠦ ᠣᠷᠣᠬᠤ ᠶᠠᠪᠤᠴᠠ ‍ᠶ᠋ᠢ ᠥᠩᠭᠡᠷᠡᠭᠡᠵᠦ 《 ᠶᠠᠭᠠᠬᠢᠭᠠᠳ ᠶᠤᠮ ᠪᠤᠢ? 》 ᠭᠡᠵᠦ ᠬᠠᠴᠢᠷᠬᠠᠨ  ᠰᠣᠨᠢᠷᠬᠠᠬᠤ ᠳᠤᠷ᠎ᠠ ᠪᠠᠬ᠎ᠠ ᠎ᠪᠠᠨ ᠪᠦᠷᠢᠨ ᠬᠠᠩᠭᠠᠳᠠᠭ ᠃ ᠣᠨᠢᠰᠣᠭ᠎ᠠ ᠨᠢ ᠡᠨᠡ ᠮᠡᠲᠦ ᠎ᠪᠡᠷ ᠬᠥᠮᠦᠰ ‍ᠦᠨ ᠲᠠᠨᠢᠯᠲᠠ ‍ᠶ᠋ᠢ ᠭᠥᠢᠬᠡᠨ ᠎ᠡᠴᠡ ᠭᠦᠨ ᠂ ᠰᠠᠷᠠᠯ ᠎ᠡᠴᠡ ᠣᠶᠤᠨ ‍ᠤ ᠵᠦᠭ ᠳᠠᠪᠰᠢᠭᠤᠯᠬᠤ ᠴᠢᠳᠠᠯ ᠎ᠲᠠᠢ ᠲᠤᠯᠠ ᠂ ᠲᠡᠭᠦᠨ ‍ᠢ 《 ᠣᠶᠤᠨ ᠲᠦᠯᠬᠢᠭᠦᠷ 》 ᠭᠡᠵᠦ ᠬᠡᠯᠡᠬᠦ ‍ᠳᠦ ᠪᠤᠷᠤᠭᠤᠳᠠᠬᠤ ᠭᠠᠵᠠᠷ ᠦᠭᠡᠢ ᠪᠢᠵᠡ ᠃ ᠬᠡᠦᠬᠡᠳ ‍ᠦᠨ ᠣᠨᠢᠰᠣᠭᠠᠨ ‍ᠳᠤ ᠳᠤᠷᠠᠲᠠᠢ ᠪᠠᠬᠠᠲᠠᠢ ᠪᠠᠶ᠋ᠢᠳᠠᠭ ‍ᠤᠨ ᠬᠠᠮᠤᠭ ‍ᠤᠨ ᠭᠣᠣᠯ ᠰᠢᠯᠲᠠᠭᠠᠨ ᠨᠢ ᠡᠭᠦᠨ ‍ᠳᠦ ᠣᠷᠣᠰᠢᠨ᠎ᠠ ᠃  ᠣᠨᠢᠰᠣᠭ᠎ᠠ ᠪᠠᠰᠠ ᠶᠦᠮᠦᠷᠯᠢᠭ ᠶᠣᠭᠲᠠ ᠂ ᠣᠬᠣᠷ ᠠᠪᠰᠠᠷᠬᠠᠨ ᠂ ᠰᠢᠯᠦᠭᠯᠡᠭᠦᠨ ᠤᠷᠤᠰᠤᠮ᠎ᠠ ᠰᠠᠶ᠋ᠢᠬᠠᠨ ᠬᠡᠯᠡᠯᠭᠡ ᠎ᠲᠠᠢ ᠂ ᠴᠡᠭᠡᠵᠢᠯᠡᠵᠦ ᠲᠣᠭᠲᠠᠭᠠᠬᠤ ‍ᠳᠤ ᠳᠥᠭᠥᠮ ᠂ ᠲᠡᠶ᠋ᠢᠮᠦ ᠠᠮᠠᠷᠬᠠᠨ ᠮᠠᠷᠲᠠᠭᠳᠠᠵᠤ ᠬᠠᠶᠠᠭᠳᠠᠳᠠᠭ ᠦᠭᠡᠢ ᠰᠠᠢᠨᠲᠠᠢ ᠪᠣᠯᠬᠣᠷ ᠬᠡᠦᠬᠡᠳ ‍ᠦᠨ ᠳᠤᠷ᠎ᠠ ᠪᠠᠬ᠎ᠠ ‍ᠶ᠋ᠢ ᠬᠢᠯᠪᠠᠷᠬᠠᠨ ᠪᠤᠯᠢᠶᠠᠳᠠᠭ ᠪᠢᠯᠡ ᠃
      ᠮᠣᠩᠭᠣᠯᠴᠤᠳ ᠠᠮᠠᠨ ᠵᠣᠬᠢᠶᠠᠯ ᠎ᠲᠠᠢ ᠪᠣᠯᠤᠭᠰᠠᠨ ᠲᠡᠷᠡ ᠴᠠᠭ ᠠ᠋ᠴᠠ ᠎ᠪᠠᠨ ᠡᠬᠢᠯᠡᠭᠡᠳ ᠣᠨᠢᠰᠣᠭ᠎ᠠ ᠎ᠪᠠᠷ ᠣᠶᠤᠨ ‍ᠤ ᠨᠡᠭᠡᠭᠡᠯᠲᠡ ‍ᠶ᠋ᠢᠨ ᠬᠤᠷᠴᠠ ᠵᠡᠪᠰᠡᠭ ‍ᠢᠶ᠋ᠡᠨ ᠪᠣᠯᠭᠠᠭᠰᠠᠭᠠᠷ ᠢᠷᠡᠭᠰᠡᠨ ᠪᠠ ᠶᠠᠳᠠᠷᠠᠯ ᠵᠦᠳᠡᠷᠡᠯ ‍ᠢᠶ᠋ᠠᠨ ᠲᠠᠶ᠋ᠢᠯᠬᠤ ᠤᠷᠠᠨ ᠰᠣᠨᠢᠷᠬᠠᠯ ‍ᠤᠨ ᠵᠤᠭ᠎ᠠ ᠪᠣᠯᠭᠠᠵᠤ ᠪᠠᠶ᠋ᠢᠬᠰᠠᠨ ‍ᠢᠶ᠋ᠠᠷ ᠦᠯᠦ ᠪᠠᠷᠠᠨ ᠲᠡᠭᠦᠪᠡᠷ ᠬᠡᠦᠬᠡᠳ ᠳᠡᠭᠦᠦ ᠨᠠᠷ ‍ᠢᠶ᠋ᠠᠨ ᠬᠥᠮᠦᠵᠢᠭᠦᠯᠵᠦ ᠰᠣᠨᠢᠷᠬᠠᠯ ‍ᠢ ᠨᠢ ᠬᠥᠭᠵᠢᠭᠡᠨ ᠂ ᠣᠢ ᠤᠬᠠᠭᠠᠨ ‍ᠢ ᠨᠢ ᠲᠡᠩᠰᠡᠵᠦ ᠤᠷᠠᠯᠠᠨ ᠰᠡᠳᠬᠢᠬᠦ ᠴᠢᠳᠠᠪᠤᠷᠢ ‍ᠶ᠋ᠢ ᠨᠢ ᠨᠡᠮᠡᠭᠳᠡᠭᠦᠯᠵᠦ ᠪᠠᠶ᠋ᠢᠵᠠᠢ ᠃ ᠣᠨᠢᠰᠣᠭ᠎ᠠ ‍ᠶ᠋ᠢᠨ ᠳᠣᠲᠣᠷ᠎ᠠ ᠬᠥᠮᠦᠨ ᠎ᠲᠠᠢ ᠦᠷᠭᠦᠯᠵᠢ ᠬᠠᠷᠢᠴᠠᠭ᠎ᠠ ᠭᠠᠷᠳᠠᠭ ᠪᠠᠶ᠋ᠢᠭᠠᠯᠢ ᠶᠢᠷᠲᠢᠨᠴᠦ ‍ᠶ᠋ᠢᠨ ᠠᠮᠢ ᠎ᠲᠠᠢ ᠠᠮᠢ ᠦᠭᠡᠢ ᠲᠦᠮᠡᠨ ᠪᠣᠳᠠᠰ ᠂ ᠠᠵᠤ ᠠᠮᠢᠳᠤᠷᠠᠯ ‍ᠤᠨ ᠬᠡᠷᠡᠭᠰᠡᠯ ᠂ ᠠᠵᠢᠯ ᠦᠢᠯᠡᠰ ᠲᠤᠰᠬᠠᠭᠳᠠᠭᠰᠠᠨ ‍ᠢᠶ᠋ᠠᠷ ᠂ ᠣᠨᠢᠰᠣᠭ᠎ᠠ ᠲᠠᠭᠠᠯᠴᠠᠭ᠎ᠠ ᠎ᠪᠠᠷ ᠳᠠᠮᠵᠢᠭᠤᠯᠤᠨ ᠬᠡᠦᠬᠡᠳ ‍ᠦᠨ ‍ᠢᠶ᠋ᠡᠨ ᠢᠯᠭᠠᠨ ᠲᠠᠨᠢᠬᠤ ᠴᠢᠳᠠᠪᠤᠷᠢ ‍ᠶ᠋ᠢ ᠳᠡᠭᠡᠭᠰᠢᠯᠡᠭᠦᠯᠵᠦ ᠪᠠᠶ᠋ᠢᠭᠠᠯᠢ ᠪᠠ ᠨᠡᠶ᠋ᠢᠭᠡᠮ ‍ᠦᠨ ᠲᠤᠬᠠᠢ ᠥᠷᠭᠡᠨ ᠮᠡᠳᠡᠯᠭᠡ ‍ᠶ᠋ᠢ ᠣᠯᠭᠣᠵᠤ ᠪᠠᠶ᠋ᠢᠬᠰᠠᠨ ᠶᠤᠮ ᠃
      ᠣᠨᠢᠰᠣᠭ᠎ᠠ ᠨᠢ ᠬᠥᠮᠦᠨ ‍ᠦ ᠨᠡᠶ᠋ᠢᠭᠡᠮ ᠎ᠲᠠᠢ ᠰᠠᠯᠤᠰᠢ ᠦᠭᠡᠢ ᠬᠣᠯᠪᠣᠭ᠎ᠠ ᠎ᠲᠠᠢ ᠤᠴᠢᠷ ᠠ᠋ᠴᠠ ᠬᠥᠮᠦᠨ ‍ᠦ ᠨᠡᠶ᠋ᠢᠭᠡᠮ ‍ᠦᠨ ᠬᠥᠭᠵᠢᠬᠦ ‍ᠶ᠋ᠢ ᠳᠠᠭᠠᠵᠤ ᠬᠥᠭᠵᠢᠨ ᠂ ᠨᠡᠶ᠋ᠢᠭᠡᠮ ‍ᠦᠨ ᠦᠢᠯᠡᠳᠪᠦᠷᠢᠯᠡᠯ ‍ᠦᠨ ᠬᠦᠴᠦᠨ ‍ᠦ ᠬᠥᠭᠵᠢᠯ ᠂ ᠨᠡᠶ᠋ᠢᠭᠡᠮ ‍ᠦᠨ ᠶᠣᠰᠣ ᠰᠤᠷᠲᠠᠬᠤᠨ ‍ᠤ ᠬᠤᠪᠢᠷᠠᠯ ᠂ ᠰᠣᠶᠣᠯ ᠰᠢᠨᠵᠢᠯᠡᠬᠦ ᠤᠬᠠᠭᠠᠨ ‍ᠤ ᠬᠥᠭᠵᠢᠯ ᠪᠠᠳᠠᠷᠠᠯ ᠣᠨᠢᠰᠣᠭ᠎ᠠ ‍ᠶ᠋ᠢᠨ ᠳᠣᠲᠣᠷ᠎ᠠ ᠨᠡᠯᠢᠶᠡᠳ ᠲᠦᠷᠭᠡᠨ ᠲᠤᠰᠬᠠᠭᠳᠠᠳᠠᠭ ᠃
     ᠣᠨᠢᠰᠣᠭ᠎ᠠ ᠪᠣᠯ  ᠠᠮᠠ ᠎ᠪᠠᠷ ᠵᠣᠬᠢᠶᠠᠭᠳᠠᠬᠤ ᠪᠠ ᠪᠢᠴᠢᠭ ‍ᠢᠶ᠋ᠡᠷ ᠵᠣᠬᠢᠶᠠᠭᠳᠠᠬᠤ ᠬᠣᠶᠠᠷ ᠵᠠᠮ ‍ᠢᠶ᠋ᠠᠷ ᠬᠥᠭᠵᠢᠳᠡᠭ ᠪᠠᠶ᠋ᠢᠨ᠎ᠠ ᠃ ᠮᠣᠩᠭᠣᠯ ‍ᠤᠨ ᠪᠢᠴᠢᠭ ‍ᠦᠨ ᠬᠥᠮᠦᠰ ᠡᠷᠲᠡ ᠳᠡᠭᠡᠷ᠎ᠡ ᠦᠶᠡᠰ ᠎ᠡᠴᠡ ᠣᠨᠢᠰᠣᠭ᠎ᠠ ᠵᠣᠬᠢᠶᠠᠵᠤ ᠪᠠᠶ᠋ᠢᠬᠰᠠᠨ ᠲᠡᠦᠬᠡ ᠎ᠲᠡᠢ ᠂ ᠡᠭᠦᠨ ‍ᠳᠦ ᠶᠡᠬᠡ ᠵᠣᠬᠢᠶᠠᠯᠴᠢ ᠢᠨᠵᠠᠨᠨᠠᠰᠢ ᠂ ᠰᠢᠯᠦᠭᠴᠢ ᠲᠦᠢᠩᠺᠡᠷ ᠤᠯᠠᠨ ᠠᠷᠪᠢᠨ ᠣᠨᠢᠰᠣᠭ᠎ᠠ ᠵᠣᠬᠢᠶᠠᠵᠤ ᠥᠪ ᠬᠥᠷᠥᠩᠭᠡ ‍ᠶ᠋ᠢᠨ ᠬᠤᠪᠢ ᠎ᠪᠠᠷ ᠮᠠᠨ ‍ᠳᠤ ᠦᠯᠡᠳᠡᠭᠡᠭᠰᠡᠨ ‍ᠢ  ᠣᠨᠴᠣᠭᠣᠶ᠋ᠢᠯᠠᠨ ᠲᠡᠮᠳᠡᠭᠯᠡᠭᠦᠰᠢᠲᠡᠢ ᠃ ᠲᠡᠳᠡᠭᠡᠷ  ᠨᠢ ᠥᠨᠥᠳᠥᠷ ‍ᠦᠨ ᠬᠥᠮᠦᠰ ‍ᠦᠨ ᠰᠤᠷᠴᠤ ᠰᠤᠳᠤᠯᠤᠨ ᠵᠠᠯᠭᠠᠮᠵᠢᠯᠠᠨ ᠬᠥᠭᠵᠢᠭᠦᠯᠬᠦ ᠨᠠᠨᠳᠢᠨ ᠬᠥᠷᠥᠩᠭᠡ ᠪᠣᠯᠵᠤ ᠪᠠᠶ᠋ᠢᠨ᠎ᠠ ᠃ ᠪᠢᠳᠡ ᠣᠨᠢᠰᠣᠭ᠎ᠠ ᠎ᠪᠠᠷ ᠳᠠᠮᠵᠢᠨ ᠦᠨᠳᠦᠰᠦᠲᠡᠨ ‍ᠦ ᠎ᠪᠠᠨ ᠡᠷᠲᠡᠨ ‍ᠦ ᠠᠵᠤ ᠠᠮᠢᠳᠤᠷᠠᠯ ᠂ ᠵᠠᠩ ᠠᠭᠠᠯᠢ ᠂ ᠱᠠᠰᠢᠨ ᠰᠤᠷᠲᠠᠬᠤᠨ ᠂ ᠰᠣᠶᠣᠯ ᠪᠣᠯᠪᠠᠰᠤᠷᠠᠯ ‍ᠤᠨ ᠪᠠᠶ᠋ᠢᠳᠠᠯ ‍ᠢ ᠣᠶ᠋ᠢᠯᠠᠭᠠᠵᠤ ᠪᠣᠯᠬᠤ ᠪᠥᠭᠡᠳ ᠨᠤᠲᠤᠭ ᠤᠰᠤ ᠂ ᠪᠠᠶ᠋ᠢᠭᠠᠯᠢ ᠨᠡᠶ᠋ᠢᠭᠡᠮ ‍ᠦᠨ ᠣᠷᠴᠢᠨ ᠲᠣᠭᠣᠷᠢᠨ ᠠᠳᠠᠯᠢ ᠦᠭᠡᠢ ᠎ᠡᠴᠡ ᠪᠣᠯᠵᠤ ᠂ ᠬᠡᠷᠡᠭ ᠪᠣᠳᠠᠰ ᠤᠴᠢᠷ ᠶᠠᠪᠤᠳᠠᠯ ᠦᠢᠯᠡ ᠠᠵᠢᠯᠯᠠᠭ᠎ᠠ ‍ᠶ᠋ᠢ ᠲᠤᠰᠬᠠᠭᠰᠠᠨ ᠣᠨᠢᠰᠣᠭ᠎ᠠ ᠨᠢ ᠴᠤ᠌ ᠬᠣᠭᠣᠷᠣ ᠬᠣᠭᠣᠷᠣᠨᠳᠣ ᠎ᠪᠠᠨ ᠠᠳᠠᠯᠢ ᠦᠭᠡᠢ ᠭᠡᠳᠡᠭ ‍ᠢ ᠮᠡᠳᠡᠵᠦ ᠪᠣᠯᠤᠨ᠎ᠠ ᠃ ᠨᠢᠭᠡ ᠯᠡ ᠵᠦᠢᠯ ‍ᠦᠨ ᠶᠠᠭᠤᠮ᠎ᠠ ‍ᠶ᠋ᠢ ᠣᠷᠳᠣᠰ ᠲᠦ ᠢᠩᠭᠢᠵᠦ ᠬᠡᠯᠡᠳᠡᠭ ᠪᠣᠯ ᠣᠶ᠋ᠢᠷᠠᠳ ᠲᠤ ᠂ ᠬᠥᠬᠡᠨᠠᠭᠤᠷ ᠲᠤ ᠲᠡᠭᠡᠵᠦ ᠬᠡᠯᠡᠳᠡᠭ ᠃ ᠰᠢᠯᠢ ‍ᠶ᠋ᠢᠨ ᠭᠣᠣᠯ ‍ᠤᠨ ᠮᠠᠯᠵᠢᠬᠤ ᠣᠷᠣᠨ ‍ᠳᠤ ᠮᠣᠩᠭᠣᠯ ᠭᠡᠷ ᠂ ᠮᠠᠯ ᠠᠵᠤ ᠠᠬᠤᠢ ‍ᠶ᠋ᠢᠨ ᠲᠤᠬᠠᠢ ᠣᠨᠢᠰᠣᠭ᠎ᠠ ᠡᠯᠪᠡᠭ ᠳᠡᠯᠪᠡᠭ ᠪᠠᠶ᠋ᠢᠬᠤ ‍ᠳᠤ ᠬᠣᠷᠴᠢᠨ ᠮᠡᠲᠦ ‍ᠶ᠋ᠢᠨ ᠲᠠᠷᠢᠶᠠᠯᠠᠬᠤ ᠂ ᠬᠠᠭᠠᠰ ᠲᠠᠷᠢᠶᠠᠯᠠᠬᠤ ᠬᠠᠭᠠᠰ ᠮᠠᠯᠵᠢᠬᠤ ᠣᠷᠣᠨ ‍ᠳᠤ ᠡᠶ᠋ᠢᠮᠦ ᠣᠨᠢᠰᠣᠭ᠎ᠠ ᠴᠥᠭᠡᠨ ᠂ ᠬᠠᠷᠢᠨ ᠲᠠᠪᠤᠨ ᠲᠠᠷᠢᠶ᠎ᠠ ᠂ ᠨᠣᠭᠣᠭ᠎ᠠ ᠴᠠᠭ᠎ᠠ ‍ᠶ᠋ᠢ ᠢᠯᠡᠳᠬᠡᠭᠰᠡᠨ ᠲᠠᠷᠢᠶᠠᠯᠠᠬᠤ ᠠᠮᠢᠳᠤᠷᠠᠯ ‍ᠤᠨ ᠠᠭᠤᠯᠭ᠎ᠠ ᠎ᠲᠠᠢ ᠵᠦᠢᠯ ᠣᠯᠠᠨ ᠃
     ᠰᠣᠶᠣᠯ ‍ᠤᠨ ᠥᠪ ᠪᠣᠯᠵᠤ ᠪᠠᠶ᠋ᠢᠭ᠎ᠠ ᠠᠭᠤᠯᠭ᠎ᠠ ᠪᠠᠶᠠᠯᠢᠬ ᠤᠷᠠᠯᠢᠬ ᠰᠡᠪᠡᠭᠦᠨ ᠮᠣᠩᠭᠣᠯ ᠣᠨᠢᠰᠣᠭ᠎ᠠ ᠂ ᠲᠡᠭᠦᠨ ‍ᠦ ᠬᠣᠵᠢᠮ ‍ᠤᠨ ᠰᠢᠨ᠎ᠡ ᠬᠥᠭᠵᠢᠯ ‍ᠳᠦ ᠵᠤᠵᠠᠭᠠᠯᠢᠬ ᠰᠢᠮᠡᠲᠦ ᠬᠥᠷᠥᠰᠥ ᠰᠢᠷᠣᠢ ᠪᠣᠯᠵᠤ ᠥᠭᠬᠦ ᠨᠢ ᠳᠠᠮᠵᠢᠬ ᠦᠭᠡᠢ ᠃
     ᠪᠠᠭᠠᠴᠤᠳ ᠬᠡᠦᠬᠡᠳ ᠪᠣᠯ ᠮᠠᠨ ‍ᠤ ᠬᠣᠶ᠋ᠢᠴᠢ ᠦᠶ᠎ᠡ ᠂ ᠠᠯᠤᠰ ᠢᠷᠡᠭᠡᠳᠦᠢ ‍ᠶ᠋ᠢᠨ ᠪᠦᠲᠦᠭᠡᠨ ᠪᠠᠶ᠋ᠢᠭᠤᠯᠤᠭᠴᠢ ᠶᠤᠮ ᠃ ᠲᠡᠳᠡᠨ ‍ᠢ ᠡᠷᠳᠡᠮ ᠮᠡᠳᠡᠯᠭᠡ ᠎ᠲᠡᠢ ᠪᠦᠲᠦᠭᠡᠨ ᠪᠠᠶ᠋ᠢᠭᠤᠯᠤᠭᠴᠢ ᠪᠣᠯᠭᠠᠨ ᠬᠥᠮᠦᠵᠢᠭᠦᠯᠬᠦ ‍ᠳᠦ ᠵᠠᠷᠢᠮ ᠮᠡᠳᠡᠯᠭᠡ ᠂ ᠶᠣᠰᠣ ᠮᠣᠷᠠᠯ ‍ᠤᠨ ᠵᠦᠢᠯ ‍ᠢ ᠲᠡᠳᠡᠨ ‍ᠦ ᠳᠤᠷᠠᠲᠠᠢ ᠪᠠᠬᠠᠲᠠᠢ ᠦᠢᠯᠡ ᠠᠵᠢᠯᠯᠠᠭ᠎ᠠ ᠎ᠪᠠᠷ ᠳᠠᠮᠵᠢᠨ ᠣᠯᠭᠣᠵᠤ ᠪᠣᠯᠳᠠᠭ ᠃ ᠣᠨᠢᠰᠣᠭ᠎ᠠ ᠲᠠᠭᠠᠯᠴᠠᠭ᠎ᠠ ᠨᠢ ᠵᠥᠪᠬᠡᠨ ᠨᠢᠭᠡ ᠬᠡᠳᠦᠨ ᠵᠦᠢᠯ ‍ᠦᠨ ᠬᠡᠷᠡᠭ ᠪᠣᠳᠠᠰ ‍ᠢ ᠲᠠᠨᠢᠭᠤᠯᠵᠤ ᠮᠡᠳᠡᠯᠭᠡ ᠣᠯᠭᠣᠬᠤ ᠲᠡᠳᠦᠢ ᠎ᠪᠡᠷ ᠵᠣᠭᠰᠣᠬᠤ ᠦᠭᠡᠢ ᠂ ᠪᠠᠰᠠ ᠴᠤ᠌ ᠪᠠᠶ᠋ᠢᠭᠠᠯᠢ ‍ᠶ᠋ᠢᠨ ᠪᠡ ᠨᠡᠶ᠋ᠢᠭᠡᠮ ‍ᠦᠨ ᠣᠷᠴᠢᠨ ᠲᠣᠭᠣᠷᠢᠨ ‍ᠳᠤ ᠰᠡᠳᠬᠢᠯ ᠲᠠᠯᠪᠢᠬᠤ ᠂ ᠶᠠᠮᠠᠷ ᠨᠢᠭᠡᠨ ᠬᠡᠷᠡᠭ ᠪᠣᠳᠠᠰ ‍ᠢ ᠠᠵᠢᠬᠯᠠᠵᠤ ᠰᠢᠨᠵᠢᠯᠡᠬᠦ ᠰᠠᠢᠨ ᠰᠠᠶ᠋ᠢᠬᠠᠨ ᠰᠣᠳᠣᠯᠣᠩᠭᠤᠢ ᠣᠪᠣᠷ ᠰᠤᠷᠲᠠᠯ ᠎ᠲᠠᠢ ᠪᠣᠯᠭᠠᠵᠤ ᠴᠢᠳᠠᠬᠤ ᠴᠢᠬᠤᠯᠠ ᠠᠷᠭ᠎ᠠ ᠪᠣᠯᠬᠤ ᠶᠤᠮ ᠃ ᠲᠡᠭᠦᠨᠴᠢᠯᠡᠨ ᠪᠠᠭᠠᠴᠤᠳ ᠬᠡᠦᠬᠡᠳ ‍ᠢ ᠬᠠᠷ᠎ᠠ ᠪᠠᠭ᠎ᠠ ᠠ᠋ᠴᠠ ᠨᠢ ᠤᠯᠤᠰ ᠣᠷᠣᠨ ᠂ ᠦᠨᠳᠦᠰᠦᠲᠡᠨ ‍ᠦ ᠬᠤᠪᠢ ᠵᠠᠶᠠᠭᠠᠨ ‍ᠤ ᠰᠢᠨ᠎ᠡ ᠰᠢᠨ᠎ᠡ ᠠᠰᠠᠭᠤᠳᠠᠯ ᠲᠠᠰᠢ ᠲᠠᠲᠠᠵᠤ ᠂ ᠲᠠᠰᠤᠷᠠᠰᠢ ᠦᠭᠡᠢ ᠪᠤᠢ ᠪᠣᠯᠵᠤ ᠪᠠᠶ᠋ᠢᠭ᠎ᠠ ᠰᠢᠨ᠎ᠡ ᠰᠢᠨ᠎ᠡ ᠬᠡᠷᠡᠭ ᠪᠣᠳᠠᠰ ‍ᠢ ᠵᠠᠳᠠᠯᠤᠨ  ᠰᠢᠨᠵᠢᠬᠦ ᠵᠠᠩᠰᠢᠯ ᠎ᠲᠠᠢ ᠪᠣᠯᠭᠠᠨ ᠰᠤᠷᠴᠤ ᠰᠤᠳᠤᠯᠬᠤ ᠤᠷᠮ᠎ᠠ ᠪᠠᠬ᠎ᠠ ‍ᠶ᠋ᠢ ᠨᠢ ᠲᠠᠲᠠᠬᠤ ᠂ ᠰᠡᠳᠬᠢᠬᠦᠢ ‍ᠶ᠋ᠢ ᠨᠢ ᠬᠥᠭᠵᠢᠭᠦᠯᠵᠦ ᠂ ᠤᠷᠠᠯᠠᠨ ᠰᠡᠳᠬᠢᠬᠦ ᠴᠢᠳᠠᠪᠤᠷᠢ ‍ᠶ᠋ᠢ ᠨᠢ ᠨᠡᠮᠡᠭᠳᠡᠭᠦᠯᠬᠦ ᠪᠠ ᠤᠷᠠᠨ ᠪᠠᠶᠠᠯᠢᠬ ᠲᠥᠷᠥᠯᠬᠢ ᠮᠣᠩᠭᠣᠯ ᠬᠡᠯᠡ ᠎ᠪᠡᠨ ᠰᠠᠢᠨ ᠡᠵᠡᠮᠰᠢᠬᠦ ‍ᠳᠦ ᠪᠦᠷ ᠠᠰᠢᠬᠲᠠᠢ ᠶᠤᠮ ᠃
      ᠮᠠᠨ ‍ᠤ ᠵᠣᠬᠢᠶᠠᠭᠴᠢ ᠎ᠨᠠᠷ ᠣᠳᠣᠬᠢ ᠦᠢᠯᠡᠳᠪᠦᠷᠢᠯᠡᠯ ‍ᠦᠨ ᠬᠦᠴᠦ ᠂ ᠰᠣᠶᠣᠯ ᠰᠢᠨᠵᠢᠯᠡᠬᠦ ᠤᠬᠠᠭᠠᠨ ᠂ ᠰᠠᠢᠨ ᠰᠠᠶ᠋ᠢᠬᠠᠨ ᠵᠠᠩ ᠮᠣᠷᠠᠯ ‍ᠢ ᠲᠤᠰᠬᠠᠭᠰᠠᠨ ᠰᠢᠨ᠎ᠡ ᠰᠢᠨ᠎ᠡ ᠣᠨᠢᠰᠣᠭ᠎ᠠ ᠎ᠨᠤᠭᠤᠳ ‍ᠢ ᠵᠣᠬᠢᠶᠠᠵᠤ ᠂ ᠬᠡᠦᠬᠡᠳ ‍ᠦᠨ ᠰᠤᠷᠬᠤ ᠪᠢᠴᠢᠭ ᠂ ᠰᠣᠨᠢᠨ ᠰᠡᠳᠭᠦᠯ ᠳᠡᠭᠡᠷ᠎ᠡ ᠦᠷᠭᠦᠯᠵᠢ ᠣᠷᠣᠭᠤᠯᠵᠤ ᠥᠭᠪᠡᠯ ᠲᠣᠩ ᠠᠴᠢ ᠲᠤᠰᠠ ᠎ᠲᠠᠢ ᠪᠣᠯᠬᠤ ᠪᠢᠯᠡ ᠃ ᠪᠢᠳᠡ ᠣᠨᠢᠰᠣᠭ᠎ᠠ ᠬᠡᠦᠬᠡᠳ ᠬᠣᠶᠠᠷ ‍ᠤᠨ ᠬᠠᠷᠢᠴᠠᠭ᠎ᠠ ‍ᠶ᠋ᠢ ᠤᠯᠠᠮ ᠨᠢᠬᠲᠠᠷᠠᠭᠤᠯᠵᠤ ᠣᠨᠢᠰᠣᠭ᠎ᠠ ‍ᠶ᠋ᠢᠨ ᠪᠠᠶ᠋ᠢᠯᠳᠤᠭᠠᠨᠴᠢ ᠂ ᠬᠥᠮᠦᠵᠢᠭᠦᠯᠦᠭᠴᠢ ᠦᠢᠯᠡᠳᠦᠯ ‍ᠢ ᠭᠦᠢᠴᠡᠳ ᠪᠠᠳᠠᠷᠠᠭᠤᠯᠤᠨ ᠦᠷ᠎ᠡ ᠬᠡᠦᠬᠡᠳ ‍ᠢᠶ᠋ᠡᠨ ᠤᠯᠠᠮ ᠤᠢ ᠤᠬᠠᠭᠠᠨ ᠎ᠲᠠᠢ ᠂ ᠰᠡᠴᠡᠨ ᠰᠡᠷᠭᠦᠯᠡᠩ ᠂ ᠬᠤᠷᠴᠠ ᠮᠡᠷᠭᠡᠨ ᠪᠣᠯᠭᠠᠨ ᠬᠥᠮᠦᠵᠢᠭᠦᠯᠵᠦ ᠮᠠᠷᠭᠠᠰᠢ ‍ᠶ᠋ᠢᠨ ᠰᠠᠢᠨ ᠰᠠᠶ᠋ᠢᠬᠠᠨ ‍ᠤ ᠲᠥᠯᠥᠭᠡ ᠳᠠᠪᠰᠢᠨ ᠳᠡᠭᠦᠯᠢᠬᠦ ᠳ᠋ᠦ᠍ᠨᠢ ᠬᠠᠳᠠᠨ ᠪᠥᠬᠡ ᠣᠶᠤᠨ ᠰᠠᠨᠠᠭᠠᠨ ‍ᠤ ᠵᠢᠭᠦᠷ ᠤᠷᠭᠤᠭᠤᠯᠵᠤ ᠥᠭᠬᠦ ‍ᠳᠦ ᠬᠦᠴᠦᠯᠡᠶ᠎ᠡ ᠃

         ᠨᠢᠮ᠎ᠠ

                  1980 —1985.9 ᠪᠡᠭᠡᠵᠢᠩ ‍ᠳᠦ

        ᠦᠰᠦᠭ ᠠᠮᠢᠯᠠᠭᠤᠯᠤᠭᠰᠠᠨ ᠨᠢ:  ᠮᠢᠩᠭᠠᠳ ᠴᠢᠮᠡᠭ᠂   ᠬᠠᠳᠠᠴᠢ ᠤᠷᠠᠨ᠎ᠠ
                ᠬᠢᠨᠠᠭ᠍ᠴᠢ :  ᠬᠠᠷᠠᠨᠤᠳ  ᠲᠤᠶᠠᠭ᠎ᠠ