ᠳᠠᠯᠠᠨ ᠬᠠᠷ᠎ᠠ – ᠭ · ᠴᠢᠩᠪᠠᠭᠠᠲᠤᠷ Далан хар – Г· Чинбаатар
ᠳᠠᠯᠠᠨ ᠬᠠᠷ᠎ᠠ
ᠭ · ᠴᠢᠩᠪᠠᠭᠠᠲᠤᠷ
ᠪᠣᠲᠣᠯ ᠳᠤ ᠪᠠᠨ ᠳᠠᠷᠤᠭᠳᠠᠨ ᠲᠦᠩᠰᠦᠶ᠋ᠢᠭᠡ ᠴᠤ᠌ ᠶᠤᠮ ᠤᠤ ᠂
ᠮᠢᠨᠦ ᠳᠠᠯᠠᠨ ᠬᠠᠷ᠎ᠠ
ᠪᠤᠷᠬᠠᠨ ᠬᠠᠯᠲᠤᠨ ᠡᠵᠢ ᠪᠡᠨ ᠰᠠᠨᠠᠬ᠋᠎ᠠ ᠴᠤ᠌ ᠶᠤᠮ ᠤᠤ ᠂
ᠮᠢᠨᠦ ᠳᠠᠯᠠᠨ ᠬᠠᠷ᠎ᠠ
ᠪᠣᠯᠪᠠᠯ ᠭᠠᠯᠲᠤ ᠠᠭᠤᠯᠠ ᠰᠢᠭ᠋ ᠳᠡᠯᠪᠡᠷᠡᠶᠡ ᠭᠡᠵᠦ ᠪᠤᠬᠢᠨᠢᠲᠤᠬ᠋ᠠ ᠴᠤ᠌ ᠶᠤᠮ ᠤᠤ ᠂
ᠮᠢᠨᠦ ᠳᠠᠯᠠᠨ ᠬᠠᠷ᠎ᠠ
ᠪᠣᠲᠣᠬᠤ ᠳᠤ ᠲᠦᠮᠡᠳ ᠦ᠋ᠨ ᠲᠠᠯ᠎ᠠ ᠪᠠᠨ ᠲᠡᠪᠡᠷᠢᠶ᠎ᠡ ᠭᠡᠵᠦ ᠬᠦᠰᠡᠭᠡ ᠴᠤ᠌ ᠶᠤᠮ ᠤᠤ ᠂
ᠮᠢᠨᠦ ᠳᠠᠯᠠᠨ ᠬᠠᠷ᠎ᠠ
ᠰᠠᠯᠬᠢᠨ ᠳᠤ ᠤᠷᠤᠭᠤᠲᠠᠭᠰᠠᠨ ᠭᠠᠭᠴᠠ ᠰᠠᠭᠠᠷᠠᠯ ᠮᠣᠷᠢ ᠪᠠᠨ
ᠲᠩᠷᠢ ᠡᠴᠡ ᠰᠤᠷᠠᠭᠯᠠᠨ
ᠰᠠᠷ᠎ᠠ ᠨᠠᠷᠠᠨ ᠠ᠋ᠴᠠ ᠭᠡᠭᠡ ᠪᠠᠷᠢᠨ ᠴᠥᠬᠥᠷᠡᠩ ᠶ᠋ᠢᠡᠨ ᠪᠠᠷᠠᠲᠠᠯ᠎ᠠ
ᠡᠷᠢᠭᠡ ᠴᠤ᠌ ᠶᠤᠮ ᠤᠤ
ᠠᠯᠲᠠᠨ ᠬᠠᠭᠠᠨ ᠪ ᠠᠷᠭᠤᠮᠠᠭ ᠲᠦᠮᠡᠨ ᠠᠲᠤᠭᠤ ᠶ᠋ᠢ
ᠵᠡᠭᠦᠲᠦᠯᠡᠨ ᠵᠡᠭᠦᠲᠦᠯᠡᠨ
ᠠᠶ᠎ᠠ ᠮᠢᠨᠦ ᠳᠠᠯᠠᠨ ᠬᠠᠷ᠎ᠠ ᠲᠦᠪᠡᠷᠭᠡᠨ ᠪ ᠴᠢᠮᠡᠭᠡ ᠠᠨᠢᠷᠲᠤᠨ
ᠬᠦᠯᠢᠶᠡᠭᠡ ᠴᠤ᠌ ᠶᠤᠮ ᠤᠤ
ᠲᠠᠯ᠎ᠠ ᠶ᠋ᠢᠨ ᠬᠠᠷᠠᠭᠤᠯ — ᠳᠠᠯᠠᠨ ᠬᠠᠷ᠎ᠠ ᠮᠢᠨᠢ
ᠲᠠ ᠣᠲᠣ ᠶᠠᠭᠤ ᠬᠠᠷᠠᠵᠤ ᠪᠠᠶ᠋ᠢᠬ᠋᠎ᠠ ᠪᠤᠢ?
ᠲᠠᠪᠤᠨ ᠬᠣᠰᠢᠭᠤ ᠮᠠᠯ ᠴᠤ᠌ ᠦᠭᠡᠢ ᠲᠠᠮᠲᠤᠷᠬᠠᠢ ᠲᠠᠯ᠎ᠠ ᠪᠠᠨ ᠬᠠᠷᠠᠭᠠᠳ
ᠲᠠᠨ ᠪ ᠴᠢᠯᠠᠭᠤ ᠮᠢᠨᠦ ᠵᠢᠷᠦᠬᠡ ᠰᠢᠭ᠌ ᠬᠦᠨᠲᠦᠷᠡᠵᠦ ᠪᠠᠶ᠋ᠢᠬ᠋᠎ᠠ ᠴᠤ᠌ ᠶᠤᠮ ᠤᠤ ᠁
ᠬᠠᠬᠢᠷ ᠬᠦᠢᠲᠡᠨ ᠤᠮᠠᠷᠠᠲᠤ ᠶ᠋ᠢᠨ ᠰᠠᠯᠬᠢ ᠱᠤᠤᠭᠢᠨ ᠰᠢᠭᠤᠷᠠᠲᠠᠭ ᠶᠠᠩᠵᠤ ᠪᠠᠷ ᠶ᠋ᠢᠠᠨ
ᠬᠠᠲᠠᠭᠤ ᠴᠢᠯᠠᠭᠤᠨ ᠬᠡᠷᠡᠮ ᠴᠤ᠌ ᠬᠠᠰᠢᠵᠤ ᠴᠢᠲᠠᠲᠠᠭ ᠦᠭᠡᠢ ᠬᠡᠪ ᠶ᠋ᠢᠡᠷ ᠶ᠋ᠢᠡᠨ
ᠬᠠᠷᠢᠨ ᠲᠡᠷᠡ ᠲᠩᠷᠢ ᠶ᠋ᠢᠨ ᠴᠡᠷᠢᠭ ᠮᠣᠷᠢᠲᠤ ᠳᠠᠶ᠋ᠢᠴᠢᠳ
ᠬᠠᠮᠢᠭᠠᠰᠢ ᠶᠠᠪᠤᠯᠤᠬ᠋ᠠ ᠂ ᠠᠭᠤᠯᠠ ᠲᠠᠯ᠎ᠠ ᠮᠢᠨᠢ ᠠᠵᠢᠨ ᠳᠠᠵᠢᠨ ᠁
ᠵᠠᠭᠤᠨ ᠵᠠᠭᠤᠨ ᠪ ᠠᠯᠤᠰ ᠳᠠᠬᠢ ᠶ᠋ᠢ ᠡᠬᠡᠷ ᠲᠠᠲᠠᠲᠠᠯ᠎ᠠ ᠰᠠᠨᠠᠬᠤ ᠠ᠋ᠴᠠ
ᠥᠭᠡᠷ᠎ᠡ ᠶᠠᠭᠠᠬᠢᠬᠤ ᠪᠤᠢ?
ᠵᠢᠷᠭᠤᠭᠠᠨ ᠰᠠᠷ᠎ᠠ ᠶ᠋ᠢᠨ ᠴᠡᠴᠡᠭ ᠰᠢᠭ᠌ ᠬᠡᠭᠡᠮᠰᠦᠭᠯᠡᠵᠦ ᠯᠡ ᠶᠠᠪᠤᠬᠤ ᠠ᠋ᠴᠠ
ᠣᠨᠲᠣᠣ ᠶᠠᠭᠠᠬᠢᠬᠤ ᠪᠤᠢ?
ᠠᠭᠤᠯᠠ ᠲᠠᠢ ᠬᠥᠮᠦᠨ ᠂ ᠲᠦᠰᠢᠭ ᠲᠡᠢ ᠬᠥᠮᠦᠨ ᠭᠡᠵᠦ
ᠲᠦᠮᠡᠳ ᠲᠠᠯ᠎ᠠ ᠲᠠᠢ ᠪᠠᠨ ᠬᠣᠶᠠᠭᠤᠯᠠ
ᠠᠭᠤᠷ ᠰᠠᠪᠰᠠᠭᠤᠯᠤᠭᠰᠠᠨ ᠡᠪᠦᠯ ᠦ᠋ᠨ ᠨᠠᠭᠤᠷ ᠰᠢᠭ᠋ ᠳᠦᠩᠭᠢᠨᠡᠬᠦ ᠡᠴᠡ
ᠴᠠᠭᠠᠰᠢ ᠶᠠᠭᠠᠬᠢᠬᠤ ᠪᠤᠢ?
ᠳᠠᠯᠠᠨ ᠬᠠᠷᠠᠭᠤᠯ ᠲᠠᠢ ᠪᠠᠶ᠋ᠢᠲᠠᠯ᠎ᠠ ᠲᠠᠯ᠎ᠠ ᠮᠢᠨᠢ
ᠶᠠᠭᠤᠨ ᠳᠤ ᠪᠠᠨ ᠡᠵᠡᠭᠦᠶ᠋ᠢᠷᠡᠪᠡ?
ᠲᠠᠭᠠᠨ᠎ᠠ ᠶ᠋ᠢᠨ ᠴᠠᠭᠠᠨ ᠴᠡᠴᠡᠭ ᠳᠡᠭᠡᠷ᠎ᠡ ᠰᠢᠭᠦᠲᠡᠷᠢ ᠪᠡᠷ
ᠬᠡᠨ ᠤᠬᠢᠯᠠᠪᠠ?
ᠲᠠᠯ᠎ᠠ ᠮᠢᠨᠢ ᠬᠥᠭᠡᠷᠦᠬᠦᠢ ᠠᠭᠤᠯᠠ ᠪᠠᠨ ᠳᠠᠭᠠᠭᠠᠬᠤ ᠲᠡᠩᠬᠡᠭᠡ ᠴᠤ᠌ ᠦᠭᠡᠢ
ᠪᠣᠯᠤᠭᠰᠠᠨ ᠬᠣᠶ᠋ᠢᠨ᠎ᠠ
ᠲᠠᠨ ᠶ᠋ᠢᠠᠨ ᠪᠢ ᠲᠤᠷᠢᠬᠠᠨ ᠵᠢᠷᠦᠬᠡᠨ ᠳᠤ ᠪᠡᠨ ᠲᠡᠭᠡᠭᠡᠵᠦ ᠯᠡ ᠬᠡᠯᠲᠦᠷᠢᠬᠦ ᠡᠴᠡ
ᠣᠨᠲᠣᠣ ᠶᠠᠭᠠᠬᠢᠬᠤ ᠪᠤᠢ
ᠳᠠᠯᠠᠨ ᠬᠠᠷ᠎ᠠ ᠮᠢᠨᠢ!
ᠦᠰᠦᠭ ᠠᠮᠢᠯᠠᠭᠤᠯᠤᠭᠴᠢ ᠄ ᠭᠡᠷᠡᠯ
ᠬᠢᠨᠠᠭᠴᠢ ᠄ ᠰᠡᠯᠡᠭᠦᠨ ᠪᠠᠭᠰᠢ
