ᠡᠪᠦᠭᠡ ᠳ᠋ᠡᠭᠡᠨ ᠪᠢ ᠵᠠᠬᠢᠲᠠᠯ ᠪᠢᠴᠢᠯ᠎ᠡ – ᠭᠦᠷᠵᠠᠪ Өвөөдөө би захидал бичлээ  –   Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠪᠦᠭᠡ ᠳ᠋ᠡᠭᠡᠨ ᠪᠢ ᠵᠠᠬᠢᠲᠠᠯ ᠪᠢᠴᠢᠯ᠎ᠡ – ᠭᠦᠷᠵᠠᠪ Өвөөдөө би захидал бичлээ  –   Гүржав

ᠡᠪᠦᠭᠡ ᠳ᠋ᠡᠭᠡᠨ ᠪᠢ ᠵᠠᠬᠢᠲᠠᠯ ᠪᠢᠴᠢᠯ᠎ᠡ – ᠭᠦᠷᠵᠠᠪ Өвөөдөө би захидал бичлээ  –   Гүржав

2023-03-14

278

ᠡᠪᠦᠭᠡ ᠳ᠋ᠡᠭᠡᠨ ᠪᠢ ᠵᠠᠬᠢᠲᠠᠯ ᠪᠢᠴᠢᠯ᠎ᠡ


            ᠭᠦᠷᠵᠡᠪ

ᠥᠷᠭᠡᠨ ᠬᠠᠩᠭᠠᠢ ᠳ᠋ᠠᠭᠠᠨ ᠬᠣᠨᠢ ᠪᠠᠨ ᠪᠡᠯᠴᠢᠭᠡᠭᠡᠳ 
ᠥᠨᠲᠥᠷ ᠬᠠᠶ᠋ᠢᠷᠬᠠᠨ ᠳ᠋ᠠᠭᠠᠨ ᠬᠠᠨ᠎ᠠ ᠪᠠᠨ ᠲᠦᠰᠢᠭᠦᠯᠦᠭᠡᠳ
ᠥᠲᠡᠯᠬᠦ ᠶ᠋ᠢᠨ ᠡᠷᠡᠨ ᠳᠤ ᠨᠠᠷᠠ ᠪᠠᠨ ᠳᠤᠷᠠᠰᠤᠭᠰᠠᠨ
ᠥᠷᠥᠰᠢᠶᠡᠯᠲᠦ ᠲᠠ ᠮᠢᠨᠢ ᠰᠠᠶ᠋ᠢᠨ ᠪᠠᠶ᠋ᠢᠨ᠎ᠠ ‍ᠤᠤ
ᠠᠩᠬ᠋᠎ᠠ ᠦᠷ᠎ᠡ ᠳ᠋ᠡᠭᠡᠨ ᠰᠠᠨᠠᠬ᠋᠎ᠠ ᠬᠠᠶᠠᠭᠠᠳ
ᠠᠮᠠᠷᠠᠯᠲᠠ ᠴᠢᠯᠥᠭᠡ ᠳ᠋ᠤᠨᠢ ᠰᠤᠷᠠᠭ ᠲᠠᠯᠪᠢᠭᠠᠳ
ᠠᠬᠲᠠ ᠬᠥᠯᠥᠭ ᠲᠡᠭᠡᠨ ᠡᠮᠡᠭᠡᠯ ᠳᠠᠷᠤᠨ
ᠠᠮᠵᠢᠵᠤ ᠲᠣᠰᠬᠤ ᠪᠠᠷ ᠪᠡᠯᠡᠤᠠᠴᠦ ᠪᠠᠶ᠋ᠢᠨ᠎ᠠ ‍ᠤᠤ
ᠠᠶ᠋ᠢᠯ ᠦ᠋ᠨ ᠣᠯᠠᠨ ᠲᠠᠢ ᠵᠣᠭᠣᠭ ᠲᠠᠭᠠᠷᠠᠭᠠᠳ
ᠠᠯᠢ ᠪᠠᠶ᠋ᠢᠬᠰᠠᠨ ᠶ᠋ᠢᠠᠨ ᠳᠡᠯᠭᠡᠨ ᠬᠦᠷᠦᠭᠡᠳ
ᠠᠮᠢᠲᠤᠷᠠᠯ ᠦ᠋ᠨ ᠰᠠᠶ᠋ᠢᠬᠠᠨ ᠶ᠋ᠢᠠᠨ ᠱᠠᠭᠰᠢᠨ ᠪᠠᠬᠠᠲᠤᠨ
ᠠᠵᠠ ᠶ᠋ᠢᠨ ᠢᠨᠢᠶᠡᠲᠦ ᠲᠡᠢ ᠮᠥᠰᠢᠶᠡᠨ ᠪᠠᠶ᠋ᠢᠨ᠎ᠠ ‍ᠤᠤ 
ᠡᠪᠦᠭᠡ ᠲᠠ ᠮᠢᠨᠢ ᠮᠡᠨᠲᠦ ᠪᠠᠶ᠋ᠢᠨ᠎ᠠ ‍ᠤᠤ
ᠥᠰᠪᠥᠷᠢ ᠨᠠᠮᠠᠢ᠍ᠢ ᠪᠠᠨ ᠳᠤᠷᠠᠰᠤᠭᠰᠠᠭᠠᠷ ᠪᠠᠶ᠋ᠢᠨ᠎ᠠ ‍ᠤᠤ
ᠥᠷᠯᠥᠭᠡ ᠦᠲᠡᠰᠢ ᠦᠭᠡᠢ ᠰᠠᠷᠠᠪᠴᠢᠯᠠᠭᠰᠠᠭᠠᠷ ᠪᠠᠶ᠋ᠢᠨ᠎ᠠ ‍ᠤᠤ
ᠥᠤᠠᠲᠡᠷ ᠤᠴᠢᠬᠤ ᠶ᠋ᠢ ᠮᠢᠨᠢ ᠬᠦᠯᠢᠶᠡᠭᠰᠡᠭᠡᠷ ᠪᠠᠶ᠋ᠢᠨ᠎ᠠ ‍ᠤᠤ ᠁ 
ᠥᠭᠦᠭᠡᠷᠲᠡᠵᠦ ᠰᠠᠨᠠᠲᠠᠭ ᠣᠮᠪᠣᠯᠣ ᠴᠢᠨᠢ — ᠪᠢ
ᠡᠪᠦᠷᠯᠡᠵᠦ ᠬᠠᠶ᠋ᠢᠷᠠᠯᠠᠲᠠᠭ ᠦᠷ᠎ᠡ ᠴᠢᠨᠢ  — ᠪᠢ
ᠡᠲᠦᠷᠵᠢᠨ ᠬᠤᠪᠢᠶᠠᠭᠲᠠᠲᠠᠭ ᠰᠡᠤᠠᠬᠢᠯ ᠴᠢᠨᠢ — ᠪᠢ
ᠥᠭᠡᠲᠡᠯᠡᠨ ᠮᠠᠨᠲᠤᠬᠤ ᠬᠦᠰᠡᠯ ᠴᠢᠨᠢ — ᠪᠢ
ᠰᠤᠷᠤᠭᠰᠠᠨ ᠬᠢᠴᠢᠶᠡᠯ ᠶ᠋ᠢᠡᠨ ᠣᠶᠤᠨ ᠳ᠋ᠠᠭᠠᠨ ᠰᠢᠩᠭᠡᠭᠡᠳ
ᠰᠤᠷᠤᠯᠬ᠋᠎ᠠ ᠶ᠋ᠢᠨ ᠬᠤᠭᠤᠴᠠᠬ᠋᠎ᠠ ᠪᠠᠨ ᠠᠮᠵᠢᠯᠲᠠ ᠲᠠᠢ ᠲᠡᠭᠦᠰᠭᠡᠭᠡᠳ
ᠠᠶᠤᠤᠯᠢᠬᠠᠢ ᠳᠦᠭᠦᠷᠡᠩ ᠪᠠᠬᠠᠲᠤᠯ ᠪᠠᠶᠠᠷ ᠲᠠᠢ  
ᠠᠴᠢᠲᠤ ᠲᠠᠨ ᠳ᠋ᠠᠭᠠᠨ ᠵᠣᠯᠭᠠᠬᠤ ᠪᠠᠷ ᠣᠴᠢᠨ᠎ᠠ
ᠡᠪᠦᠭᠡ ᠲᠠ ᠮᠢᠨᠢ ᠰᠠᠨᠠᠬ᠋᠎ᠠ ᠠᠮᠤᠷ ᠪᠠᠢ
ᠠᠮᠵᠢᠯᠲᠠ ᠲᠠᠢ ᠪᠤᠴᠠᠬᠤ ᠶ᠋ᠢ ᠮᠢᠨᠢ ᠢᠲᠡᠭᠡᠵᠦ ᠪᠠᠢ
ᠡᠲᠦᠷ ᠰᠥᠨᠢ ᠦᠭᠡᠢ ᠵᠥᠩᠨᠡᠵᠦ ᠪᠠᠢ
ᠥᠷᠥᠴᠡ ᠵᠢᠷᠦᠬᠡᠨ ᠡᠴᠡ ᠪᠡᠨ ᠢᠷᠥᠭᠡᠵᠦ ᠪᠠᠢ ᠡ !

ᠭᠦᠷᠵᠠᠪ ᠤᠨ ᠵᠤᠬᠢᠶᠠᠭᠰᠠᠨ < ᠬᠡᠤᠭᠡᠳ ᠨᠠᠰᠤ ᠰᠠᠶ᠋ᠢᠬᠠᠨ > ᠎ ᠡᠴᠡ ᠰᠤᠩᠭᠤᠪᠠ
          ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
          ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
          ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
         2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
         2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ

     ᠦᠰᠦᠭ  ᠠᠮᠢᠯᠠᠭᠤᠯᠤᠭᠴᠢ ᠄ ᠤᠷᠠᠨᠴᠡᠴᠡᠭ
       ᠦᠰᠦᠭ  ᠬᠢᠨᠠᠭᠴᠢ ᠄ ᠪᠠᠶᠠᠷᠴᠡᠴᠡᠭ 
            2023 ᠣᠨ ᠪ3 ᠰᠠᠷ᠎ᠠ ᠶ᠋ᠢᠨ7 ᠪ ᠡᠲᠦᠷ ᠃