ᠨᠡᠭᠦᠷᠡᠰᠦ ( ᠮᠡᠲᠡᠯᠭᠡᠲᠦ ᠰᠢᠯᠦᠭ ) – ᠭᠦᠷᠵᠠᠪ Нүүрс ( мэдлэгт шүлэг ) – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠡᠭᠦᠷᠡᠰᠦ ( ᠮᠡᠲᠡᠯᠭᠡᠲᠦ ᠰᠢᠯᠦᠭ ) – ᠭᠦᠷᠵᠠᠪ Нүүрс ( мэдлэгт шүлэг ) – Гүржав

ᠨᠡᠭᠦᠷᠡᠰᠦ ( ᠮᠡᠲᠡᠯᠭᠡᠲᠦ ᠰᠢᠯᠦᠭ ) – ᠭᠦᠷᠵᠠᠪ Нүүрс ( мэдлэгт шүлэг ) – Гүржав

2023-03-14

280

ᠨᠡᠭᠦᠷᠡᠰᠦ


            ( ᠮᠡᠲᠡᠯᠭᠡᠲᠦ ᠰᠢᠯᠦᠭ )
         ᠭᠦᠷᠵᠠᠪ

 ᠬᠦ᠋ ᠬᠠᠷ᠎ᠠ ᠵᠢᠰᠦ ᠲᠡᠢ
 ᠬᠦᠷᠡᠩ ᠤᠯᠠᠭᠠᠨ ᠵᠢᠷᠦᠬᠡ ᠲᠡᠢ
 ᠬᠦᠷᠴᠢᠭᠢᠨᠡᠲᠡᠯ᠎ᠡ ᠨᠣᠴᠣᠲᠠᠭ ᠡᠷᠲᠡᠮ ᠲᠡᠢ
 ᠬᠦᠲᠡᠷ ᠴᠢᠭᠢᠷᠠᠭ ᠨᠡᠭᠦᠷᠡᠰᠦ —
 ᠤᠲᠠᠭᠠᠨ ᠣᠨ ᠵᠢᠯ ᠠᠭᠤᠯᠠ ᠶ᠋ᠢᠨ ᠳᠣᠣᠷ᠎ᠠ ᠬᠡᠪᠲᠡᠭᠰᠡᠨ
 ᠤᠷᠭᠤᠮᠠᠯ ᠪᠣᠲᠠᠰ ᠦ᠋ᠨ ᠴᠢᠯᠠᠭᠤᠵᠢᠮᠠᠯ
 ᠤᠨᠲᠠᠷᠠᠭᠰᠠᠨ ᠭᠠᠯᠪᠠ ᠶ᠋ᠢᠨ ᠦᠯᠡᠳᠡᠭᠳᠡᠯ
 ᠠᠭᠤᠷᠬᠠᠶ᠋ᠢᠴᠢᠨ ᠠᠪᠠᠬ᠋᠎ᠠ ᠶ᠋ᠢᠨ ᠴᠢᠷᠮᠠᠶ᠋ᠢᠯᠬ᠋᠎ᠠ ᠪᠠᠷ
 ᠤᠷᠠᠨ ᠮᠡᠷᠭᠡᠵᠢᠯ ᠦ᠋ᠨ ᠦᠢᠯᠡᠲᠦᠯᠭᠡ ᠪᠡᠷ
 ᠤᠨᠲᠠᠭᠰᠠᠨ ᠨᠣᠶ᠋ᠢᠷ ᠠ᠋ᠴᠠ ᠪᠠᠨ ᠰᠡᠷᠡᠭᠰᠡᠨ
 ᠤᠬᠠᠬ᠋᠎ᠠ ᠰᠡᠬᠡᠭᠡᠲᠤ ᠨᠠᠶ᠋ᠢᠵᠠ
 ᠤᠰᠤ ᠭᠠᠯ ᠊ᠢ ᠤᠴᠠᠷᠠᠭᠤᠯᠵᠤ
 ᠠᠭᠤᠷ ᠮᠠᠨᠠᠨ ᠊ᠢ ᠳᠡᠭᠳᠡᠭᠦᠯᠵᠦ
 ᠤᠤᠭᠤᠵᠤ ᠢᠲᠡᠬᠦ ᠶ᠋ᠢ ᠪᠤᠯᠭᠤᠭᠠᠴᠢ
 ᠤᠶᠠᠬᠠᠨ ᠠᠭᠠᠯᠢᠲᠤ ᠵᠢᠤᠠᠬᠦᠯᠲᠡᠨ
 ᠭᠡᠷᠡᠯ ᠢᠯᠴᠢ ᠶ᠋ᠢ ᠡᠭᠦᠰᠬᠡᠵᠦ
 ᠭᠡᠷ ᠡᠷᠦᠬᠡ ᠶ᠋ᠢ ᠳᠤᠯᠠᠭᠠᠯᠠᠵᠤ
 ᠬᠡᠲᠦ ᠶ᠋ᠢᠨ ᠬᠦᠰᠡᠯᠡᠩ ᠊ᠢ ᠳᠤᠯᠠᠯᠭᠠᠭᠴᠢ
 ᠭᠡᠭᠡᠨ ᠰᠠᠷᠠᠭᠤᠯ ᠰᠡᠤᠠᠬᠢᠯᠲᠡᠨ ᠁
 ᠭᠠᠩ ᠪᠣᠯᠣᠳ ᠊ᠢ ᠬᠠᠶ᠋ᠢᠯᠤᠭᠤᠯᠵᠤ
 ᠭᠠᠯ ᠲᠡᠷᠭᠡ ᠶ᠋ᠢ ᠵᠣᠬᠢᠶᠠᠯᠭᠠᠵᠤ
 ᠭᠠᠵᠠᠷ ᠦ᠋ᠨ ᠬᠣᠯᠠ ᠳᠠᠪᠬᠢᠭᠤᠯᠤᠭᠴᠢ
 ᠭᠠᠶ᠋ᠢᠬᠠᠮᠰᠢᠬᠲᠤ ᠰᠢᠲᠢᠲᠦ ᠬᠦᠴᠦᠨ
 ᠦᠬᠦᠵᠦ ᠰᠢᠷᠬᠠᠲᠤᠭᠰᠠᠳ ᠊ᠢ ᠠᠪᠤᠷᠠᠵᠤ
 ᠦᠭᠡᠶ᠋ᠢᠷᠡᠵᠦ ᠶᠠᠲᠠᠭᠤᠷᠠᠭᠰᠠᠳ ᠊ᠢ ᠲᠤᠰᠠᠯᠠᠵᠤ
 ᠦᠬᠦᠨ ᠦᠬᠦᠲᠡᠯ᠎ᠡ ᠪᠡᠨ ᠠᠵᠢᠯᠯᠠᠭᠴᠢ
 ᠦᠨᠡᠨᠴᠢ ᠴᠠᠭᠠᠪᠤᠷ ᠦᠢᠯᠡᠰᠴᠢᠨ
 ᠦᠵᠡᠬᠦ ᠵᠢᠰᠦ ᠨᠢ ᠬᠠᠷ᠎ᠠ ᠴᠤ᠌
 ᠦᠨᠡᠨ ᠴᠢᠨᠠᠷ ᠨᠢ ᠴᠠᠭᠠᠨ
 ᠦᠨᠡᠰᠦ ᠤᠲᠤᠬ᠋᠎ᠠ ᠨᠢ ᠪᠤᠵᠠᠷ ᠴᠤ᠌
 ᠦᠢᠯᠡ ᠠᠵᠢᠯᠯᠠᠬ᠋᠎ᠠ ᠨᠢ ᠴᠡᠪᠡᠷ
 ᠥᠩᠭᠡᠲᠦ ᠬᠠᠷ᠎ᠠ ᠨᠡᠭᠦᠷᠡᠰᠦ
 ᠦᠯᠡᠮᠵᠢ ᠭᠠᠪᠢᠶᠠᠲᠤ ᠠᠴᠢᠲᠠᠨ 
 ᠥᠷᠥᠭᠡᠯ ᠪᠤᠰᠤᠳ ᠦ᠋ᠨ ᠡᠮᠦᠨ᠎ᠡ ᠡᠴᠡ
 ᠥᠪᠡᠷ ᠊ᠢ ᠪᠡᠨ ᠥᠷᠡᠭᠳᠡᠭᠦᠯᠦᠭᠴᠢ ᠪᠠᠭᠠᠲᠤᠷ
 ᠬᠠᠯᠠ ᠵᠣᠪᠠᠯᠠᠩ ᠠ᠋ᠴᠠ ᠠᠶᠤᠲᠠᠭ ᠦᠭᠡᠢ
 ᠬᠠᠷᠢᠶᠠᠯ ᠳᠣᠷᠣᠮᠵᠢᠯᠠᠯ ᠠ᠋ᠴᠠ  ᠰᠦᠷᠳᠡᠳᠡᠭ ᠦᠭᠡᠢ
 ᠬᠠᠮᠢᠬ᠋᠎ᠠ ᠣᠴᠢᠪᠠᠯ ᠲᠡᠨᠲᠡ ᠪᠡᠨ ᠭᠠᠪᠰᠢᠭᠠᠶ᠋ᠢᠯᠠᠭᠴᠢ
 ᠬᠠᠲᠠᠨ ᠵᠣᠷᠢᠬ ᠲᠠᠢ ᠡᠷ᠎ᠡ ᠃

ᠭᠦᠷᠵᠠᠪ ᠤᠨ ᠵᠤᠬᠢᠶᠠᠭᠰᠠᠨ < ᠬᠡᠤᠭᠡᠳ ᠨᠠᠰᠤ ᠰᠠᠶ᠋ᠢᠬᠠᠨ > ᠎ ᠡᠴᠡ ᠰᠤᠩᠭᠤᠪᠠ
          ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
          ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
          ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
         2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
         2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ

      ᠦᠰᠦᠭ  ᠠᠮᠢᠯᠠᠭᠤᠯᠤᠭᠴᠢ ᠄ ᠪᠠᠶᠠᠷᠴᠡᠴᠡᠭ
        ᠬᠢᠨᠠᠭᠴᠢ ᠄ ᠪᠠᠶᠠᠷᠴᠡᠴᠡᠭ
               20230306