ᠬᠣᠶᠠᠷ ᠵᠠᠭᠠᠯ ᠦ᠋ᠨ ᠲᠣᠭᠣᠵᠢ Хоёр заалын тууж
ᠬᠣᠶᠠᠷ ᠵᠠᠭᠠᠯ ᠦ᠋ᠨ ᠲᠣᠭᠣᠵᠢ
ᠡᠷᠲᠡ ᠨᠢᠭᠡᠨ ᠴᠠᠭ ᠲᠤ ᠡᠵᠡᠨ ᠴᠢᠩᠭᠢᠰ ᠬᠠᠭᠠᠨ ᠪ ᠪᠣᠮ ᠰᠥᠷᠦᠭ ᠦ᠋ᠨ ᠲᠣᠲᠤᠷᠠᠬᠢ ᠂ ᠪᠤᠭᠤᠷᠤᠯ ᠤᠯᠠᠭᠠᠨ ᠠᠵᠢᠷᠬ᠋ᠠ ᠡᠴᠡ ᠡᠷᠡᠮᠡᠭ ᠴᠠᠭᠠᠭᠴᠢᠨ ᠭᠡᠭᠦᠦ ᠡᠴᠡ ᠡᠷ᠎ᠡ ᠬᠣᠶᠠᠷ ᠵᠠᠭᠠᠯ ᠲᠥᠷᠥᠪᠡ ᠭᠡᠨ᠎ᠡ ᠃ ᠲᠤᠩᠭᠠᠯᠠᠭ ᠮᠥᠷᠡᠨ ᠪ ᠵᠠᠬ᠎ᠠ ᠳᠤ᠂ ᠲᠤᠪᠤᠴᠠᠭ ᠠᠭᠤᠯᠠ ᠶ᠋ᠢᠨ ᠣᠷᠭᠢᠯ ᠳᠡᠭᠡᠷ᠎ᠡ ᠂ ᠲᠣᠭᠰᠢᠨ ᠬᠤᠷ᠎ᠠ ᠶ᠋ᠢᠨ ᠡᠲᠦᠷ ᠤᠨᠠᠭᠠᠯᠠᠭᠰᠠᠨ ᠬᠣᠶᠠᠷ ᠵᠠᠭᠠᠯ ᠭᠡᠨ᠎ᠡ ᠃ ᠲᠦᠷᠪᠡᠨ ᠲᠤᠭᠤᠷᠠᠢ ᠠᠨᠤ ᠠᠭᠰᠢᠭᠠᠲᠤᠢ ᠳ᠋ᠤᠷ ᠂ ᠡᠷᠡᠮᠡᠭ ᠴᠠᠭᠠᠭᠴᠢᠨ ᠡᠬᠡ ᠪᠠᠨ ᠲᠤᠭᠤᠷᠢᠨ ᠲᠤᠭᠯᠠᠵᠤ ᠶᠠᠪᠤᠬᠤᠢ ᠳ᠋ᠠᠭᠠᠨ ᠄ ᠲᠦᠩᠭᠡᠷᠴᠡᠭ ᠦ᠋ᠨ ᠴᠢᠨᠡᠭᠡᠨ ᠴᠢᠯᠠᠭᠤᠨ ᠊ᠢ ᠲᠦᠯᠬᠢᠨ ᠤᠨᠠᠭᠠᠵᠤ ᠂ ᠠᠶᠠᠭᠠᠨ ᠴᠢᠨᠡᠭᠡᠨ ᠴᠢᠯᠠᠭᠤᠨ ᠊ᠢ ᠠᠯᠤᠰ ᠬᠤᠯᠠ ᠬᠠᠶᠠᠯᠠᠨ ᠨᠠᠭᠠᠤᠠᠴᠤ ᠪᠠᠶ᠋ᠢᠲᠠᠯᠡ ᠂ ᠡᠵᠡᠨ ᠴᠢᠩᠭᠢᠰ ᠶᠡᠬᠡ ᠠᠪᠠ ᠲᠠᠯᠪᠢᠵᠤ ᠶᠠᠪᠤᠬᠤᠢ ᠳᠤ ᠪᠠᠨ᠂ ᠤᠯᠠᠭᠠᠨ ᠪᠤᠭᠤᠷᠤᠯ ᠠᠵᠢᠷᠬ᠋ᠠ ᠶ᠋ᠢᠨ ᠡᠷᠡᠮᠡᠭ ᠴᠠᠭᠠᠭᠴᠢᠨ ᠭᠡᠭᠦᠦ ᠶ᠋ᠢᠨ ᠡᠷ᠎ᠡ ᠬᠣᠶᠠᠷ ᠵᠠᠭᠠᠯ ᠦ᠋ᠨ ᠲᠣᠭᠯᠠᠵᠤ ᠨᠠᠭᠠᠲᠤᠨ ᠪᠠᠶ᠋ᠢᠬᠤ ᠶ᠋ᠢ ᠠᠵᠢᠶᠠᠷᠠᠨ ᠦᠵᠡᠭᠡᠳ ᠶᠡᠬᠡᠲᠡ ᠪᠠᠶᠠᠰᠴᠤ ᠂ ᠰᠢᠨᠵᠢᠯᠡᠨ ᠦᠵᠡᠭᠡᠳ ᠰᠠᠶ᠋ᠢᠨ ᠵᠠᠶᠠᠭᠠᠲᠤ ᠬᠥᠯᠥᠭ ᠬᠡᠮᠡᠨ ᠰᠠᠶ᠋ᠢᠰᠢᠶᠠᠵᠤ ᠂ ᠡᠴᠢᠭᠡ ᠲᠩᠷᠢ ᠶ᠋ᠢᠨ ᠮᠢᠨᠤ ᠬᠠᠶ᠋ᠢᠷᠠᠯᠠᠭᠰᠠᠨ ᠡᠷ᠎ᠡ ᠬᠣᠶᠠᠷ ᠵᠠᠭᠠᠯ ᠬᠡᠮᠡᠨ ᠮᠠᠭᠲᠠᠵᠤ ᠂ ᠶᠢᠰᠦᠭᠡᠳ ᠶᠢᠰᠦᠭᠡᠳ ᠭᠡᠭᠦᠨ ᠳ᠋ᠦ᠍ᠷ ᠲᠡᠯᠡᠯᠡᠨ ᠬᠦᠬᠦᠭᠦᠯᠵᠦ ᠦᠰᠭᠡᠭᠡᠳ ᠤᠨᠠᠬ᠋᠎ᠠ ᠠᠬᠤ ᠳ᠋ᠤᠨᠢ ᠤᠶᠠᠵᠤ ᠂ ᠳᠠᠬ᠋ᠠ ᠠᠬᠤ ᠳ᠋ᠤᠨᠢ ᠳᠠᠪᠲᠠᠵᠤ ᠂ ᠰᠣᠶᠣᠭᠠᠯᠠᠩ ᠴᠠᠭᠲᠤᠷ ᠬᠤᠶᠠᠭᠯᠠᠵᠤ ᠵᠢᠬᠰᠠᠭᠠᠨ ᠭᠤᠷᠪᠠᠨ ᠰᠠᠷ᠎ᠠ ᠬᠠᠭᠰᠠᠭᠠᠵᠤ ᠂ ᠨᠢᠭᠡᠨ ᠡᠲᠦᠷ ᠡᠵᠡᠨ ᠵᠠᠷᠯᠢᠬ ᠪᠣᠯᠤᠷᠤᠨ ᠄ 《 ᠡᠨᠡ ᠬᠣᠶᠠᠷ ᠵᠠᠭᠠᠯ ᠮᠣᠷᠢ ᠪᠠᠨ ᠡᠨᠡ ᠡᠲᠦᠷ ᠰᠣᠷᠢᠵᠤ ᠦᠵᠡᠶ᠎ᠡ 》 ᠬᠡᠮᠡᠭᠡᠳ ᠶᠡᠬᠡ ᠴᠡᠷᠢᠭ ᠠᠪᠠ ᠪᠠᠨ ᠬᠥᠲᠡᠯᠭᠡᠨ ᠶᠠᠪᠤᠬᠤᠢ ᠳ᠋ᠤᠷ ᠂ ᠬᠦᠬᠡ ᠴᠢᠨᠣ᠎ᠠ ᠨᠢᠭᠡ ᠪᠦᠯᠦᠭ ᠳᠠᠭᠠᠷᠢᠬᠳᠠᠭᠰᠠᠨ ᠊ᠢ ᠬᠥᠲᠡᠯᠭᠡᠯ ᠦᠭᠡᠢ ᠴᠦᠮ ᠳᠠᠭᠠᠷᠢᠨ ᠤᠨᠠᠭᠠᠵᠤ ᠭᠠᠷᠪᠠ ᠃ ᠠᠷᠭᠠᠯᠢ ᠤᠭᠠᠯᠵᠠ ᠶ᠋ᠢ ᠠᠩᠨᠠᠨ ᠬᠥᠭᠡᠭᠡᠪᠡᠰᠦ ᠂ ᠠᠷᠬ᠋᠎ᠠ ᠦᠭᠡᠢ ᠬᠦᠢᠴᠡᠭᠳᠡᠵᠦ ᠠᠯᠠᠭᠤᠯᠪᠠ ᠃ ᠶᠠᠮᠠᠷᠮᠠᠢ ᠶ᠋ᠢᠨ ᠠᠪᠠᠴᠢᠨ ᠨᠢᠭᠡ ᠬᠣᠶᠠᠷ ᠴᠦ᠍ ᠡᠰᠡ ᠭᠦᠢᠴᠡᠪᠡ ᠭᠡᠨ᠎ᠡ ᠃
ᠡᠨᠲᠡ ᠬᠣᠶᠠᠷ ᠵᠠᠭᠠᠯ ᠳ᠋ᠤᠷ ᠤᠶᠠᠷᠠᠬᠤ ᠰᠡᠤᠠᠬᠢᠯ ᠲᠦᠷᠦᠵᠦ ᠂ ᠤᠬᠢᠯᠠᠬᠤ ᠨᠢᠯᠪᠤᠰᠤ ᠭᠠᠷᠭᠠᠪᠠ ᠃ ᠬᠠᠷᠢᠵᠤ ᠢᠷᠡᠭᠰᠡᠨ ᠪ ᠬᠣᠶ᠋ᠢᠨ᠎ᠠ ᠂ ᠪᠠᠬ᠋᠎ᠠ ᠵᠠᠭᠠᠯ ᠳᠡᠭᠦᠦ ᠢᠨᠤ ᠂ ᠶᠡᠬᠡ ᠵᠠᠭᠠᠯ ᠠᠬ᠎ᠠ ᠳᠤ ᠪᠠᠨ ᠬᠡᠯᠡᠪᠡ ᠄ 《 ᠠᠪᠤᠭᠠᠢ ᠮᠢᠨᠦ ᠂ ᠴᠢ ᠪᠢᠲᠡ ᠬᠣᠶᠠᠷ ᠶᠠᠪᠤᠶ᠎ᠠ ᠂ ᠠᠰᠠᠷᠠᠵᠤ ᠤᠨᠤᠬᠤ ᠠᠨᠤ ᠡᠷᠬᠡ ᠵᠡᠭᠡᠷᠲᠡ ᠪᠢᠰᠢᠦ ᠃ ᠠᠯᠠᠨ ᠪᠣᠯᠠᠨ ᠤᠨᠤᠬᠤ ᠠᠨᠤ ᠴᠢ ᠪᠢᠲᠡ ᠬᠣᠶᠠᠷ ᠪᠠᠶ᠋ᠢᠨᠠᠮ ᠃ ᠬᠠᠶ᠋ᠢᠷᠠᠯᠠᠵᠤ ᠤᠨᠤᠬᠤ ᠠᠨᠤ ᠬᠠᠷ᠎ᠠ ᠬᠤᠯᠠᠨ ᠪᠢᠰᠢᠦ ᠃ ᠬᠠᠲᠠᠭᠤ ᠰᠢᠷᠦᠭᠦᠨ ᠳᠤ ᠤᠨᠤᠬᠤ ᠠᠨᠤ ᠴᠢ ᠪᠢᠲᠡ ᠬᠣᠶᠠᠷ ᠪᠠᠶ᠋ᠢᠨᠠᠮ ᠃ ᠡᠮᠡᠭᠡᠨ ᠶ᠋ᠢᠡᠨ ᠮᠡᠲᠦ ᠰᠠᠨᠠᠭᠴᠢ ᠡᠷᠬᠡ ᠵᠡᠭᠡᠷᠲᠡ ᠪᠢᠰᠢᠦ ᠃ ᠡᠩ ᠦ᠋ᠨ ᠮᠡᠲᠦ ᠰᠠᠨᠠᠭᠴᠢ ᠠᠨᠤ ᠴᠢ ᠪᠢᠲᠡ ᠬᠣᠶᠠᠷ ᠪᠠᠶ᠋ᠢᠨᠠᠮ ᠃ ᠬᠠᠲᠤᠨ ᠶ᠋ᠢᠠᠨ ᠮᠡᠲᠦ ᠰᠠᠨᠠᠭᠴᠢ ᠬᠠᠷ᠎ᠠ ᠬᠤᠯᠠᠨ ᠠᠨᠤ ᠪᠢᠰᠢᠦ ᠃ ᠬᠠᠷᠠᠲᠠᠨ ᠮᠡᠲᠦ ᠰᠠᠨᠠᠭᠴᠢ ᠠᠨᠤ ᠴᠢ ᠪᠢᠲᠡ ᠬᠣᠶᠠᠷ ᠪᠠᠶ᠋ᠢᠨᠠᠮ ᠃ ᠠᠪᠠᠬᠠᠢ ᠪᠠᠨ ᠮᠡᠲᠦ ᠰᠠᠨᠠᠭᠴᠢ ᠠᠯ ᠵᠤᠯᠠ ᠪᠣᠷᠣ ᠮᠣᠷᠢ ᠪᠢᠰᠢᠦ ᠃ ᠠᠯᠠᠨ ᠪᠤᠯᠠᠨ ᠠᠰᠠᠨᠴᠢᠯᠠᠭᠴᠢ ᠠᠨᠤ ᠴᠢ ᠪᠢᠲᠡ ᠬᠣᠶᠠᠷ ᠪᠠᠶ᠋ᠢᠨᠠᠮ ᠃ ᠠᠪᠤᠭᠠᠢ ᠮᠢᠨᠦ ᠴᠢ ᠪᠢᠲᠡ ᠬᠣᠶᠠᠷ ᠶᠠᠪᠤᠶ᠎ᠠ ᠃ ᠠᠯᠲᠠᠢ ᠬᠠᠨ ᠭᠡᠭᠴᠢ ᠭᠠᠵᠠᠷ ᠪᠠᠶ᠋ᠢᠨᠠᠮ ᠃ ᠠᠷᠤ ᠦᠪᠥᠷ ᠦᠭᠡᠢ ᠤᠰᠤ ᠲᠠᠢ ᠭᠡᠨᠡᠮ ᠃ ᠠᠬᠢ ᠰᠢᠪᠠᠭ ᠡᠪᠡᠰᠦ ᠲᠠᠢ ᠭᠡᠨᠡᠮ ᠃ ᠠᠯᠲᠠᠭᠤᠯᠤᠨ ᠬᠦᠷᠴᠦ ᠠᠮᠠᠷᠠᠵᠤ ᠬᠡᠪᠲᠡᠶ᠎ᠡ ᠃ ᠬᠦᠬᠦᠢ ᠬᠠᠨ ᠭᠡᠭᠴᠢ ᠭᠠᠵᠠᠷ ᠪᠠᠶ᠋ᠢᠨᠠᠮ ᠃ ᠬᠥᠪᠲᠡ ᠪᠦᠷᠢ ᠡᠪᠡᠰᠦ ᠲᠠᠢ ᠭᠡᠨᠡᠮ ᠃ ᠬᠥᠬᠥᠷᠡᠮ ᠪᠦᠷᠢ ᠤᠰᠤ ᠲᠠᠢ ᠭᠡᠨᠡᠮ ᠃ ᠭᠦᠶᠦᠵᠦ ᠬᠦᠷᠴᠦ ᠤᠷᠪᠠᠵᠤ ᠬᠥᠷᠪᠡᠵᠦ ᠬᠡᠪᠲᠡᠶ᠎ᠡ ᠃ ᠬᠤᠤᠬᠠᠢ ᠶ᠋ᠢᠨ ᠭᠤᠷᠪᠠᠨ ᠴᠠᠪᠴᠢᠭᠤᠷ ᠭᠡᠭᠴᠢ ᠭᠠᠵᠠᠷ ᠪᠠᠶ᠋ᠢᠨᠠᠮ ᠃ ᠬᠤᠷᠪᠢ ᠪᠦᠷᠢ ᠡᠪᠡᠰᠦ ᠲᠠᠢ ᠭᠡᠨᠡᠮ ᠃ ᠬᠣᠲᠣᠭᠣᠷ ᠪᠦᠷᠢᠨ ᠬᠤᠵᠢᠷ ᠲᠠᠢ ᠭᠡᠨᠡᠮ ᠃ ᠬᠣᠯᠠᠤᠠᠴᠤ ᠬᠦᠷᠴᠦ ᠤᠷᠪᠠᠨ ᠬᠦᠷᠪᠡᠨ ᠠᠮᠠᠷᠠᠶ᠎ᠠ ᠃ ᠠᠢ ᠠᠪᠠᠢ ᠮᠢᠨᠤ ᠠᠯᠲᠠᠭᠤᠯᠵᠤ ᠬᠦᠷᠦᠶ᠎ᠡ ᠃ ᠠᠮᠠᠷᠠᠵᠤ ᠬᠡᠪᠲᠡᠶ᠎ᠡ ᠃ ᠪᠣᠰᠴᠤ ᠢᠲᠡᠶᠡ ᠃ ᠬᠠᠯᠠᠭᠤᠨ ᠡᠲᠦᠷ ᠪᠠᠷᠢᠨᠠᠮ ᠪᠢᠰᠢᠦ ᠃ ᠬᠠᠲᠠᠲᠠᠯ᠎ᠠ ᠴᠢᠯᠡᠲᠡᠯ᠎ᠡ ᠤᠶᠠᠨᠠᠮ ᠪᠢᠰᠢᠦ ᠃ ᠬᠠᠷ᠎ᠠ ᠰᠢᠷ᠎ᠠ ᠲᠣᠬᠣᠮ ᠲᠣᠬᠣᠨᠠᠮ ᠪᠢᠰᠢᠦ ᠃ ᠬᠠᠶ᠋ᠢᠷ ᠴᠢᠯᠠᠭᠤ ᠡᠮᠬᠦᠭᠦᠯᠦᠨᠡᠮ ᠪᠢᠰᠢᠦ ᠃ ᠠᠪᠤᠭᠠᠢ ᠮᠢᠨᠦ ᠶᠠᠪᠤᠶ᠎ᠠ ᠃ ᠬᠦᠢᠲᠡᠨ ᠡᠲᠦᠷ ᠪᠠᠷᠢᠨᠠᠮ ᠪᠢᠰᠢᠦ ᠃ ᠬᠦᠬᠡ ᠲᠡᠮᠦᠷ ᠡᠮᠬᠦᠭᠦᠯᠦᠨᠡᠮ ᠪᠢᠰᠢᠦ ᠃ ᠭᠦᠷᠦᠮᠡᠯ ᠲᠣᠬᠣᠮ ᠲᠣᠬᠣᠨᠠᠮ ᠪᠢᠰᠢᠦ ᠃ ᠬᠦᠢᠲᠡᠨ ᠴᠠᠰᠤ ᠡᠮᠬᠦᠭᠦᠯᠦᠨᠡᠮ ᠪᠢᠰᠢᠦ ᠃ ᠶᠠᠭᠠᠬᠢᠶ᠎ᠠ ᠠᠪᠤᠭᠠᠢ ᠮᠢᠨᠦ ᠂ ᠶᠠᠪᠤᠶ᠎ᠠ 》 ᠭᠡᠪᠡ ᠃ ᠳᠡᠭᠦᠦ ᠪᠣᠷᠣ ᠵᠠᠭᠠᠯ ᠲᠡᠷᠡ ᠮᠡᠲᠦ ᠨᠢᠭᠤᠵᠤ ᠬᠡᠯᠡᠬᠦ ᠳ᠋ᠤᠷ ᠂ ᠶᠡᠬᠡ ᠵᠠᠭᠠᠯ ᠠᠬ᠎ᠠ ᠠᠨᠤ ᠂ ᠳᠡᠭᠦᠦ ᠪᠠᠬ᠋᠎ᠠ ᠵᠠᠭᠠᠯ ᠳᠤ ᠪᠠᠨ ᠬᠡᠯᠡᠪᠡ ᠄ 《 ᠠᠢ ᠂ ᠢᠨᠠᠭ ᠪᠣᠷᠣ ᠵᠠᠭᠠᠯ ᠮᠢᠨᠦ ᠃ ᠴᠢ ᠶᠠᠭᠤ ᠭᠡᠵᠦ ᠢᠩᠭᠢᠵᠦ ᠤᠶ᠋ᠢᠲᠤᠨᠠᠮ ᠪᠢᠯᠡ ᠃ ᠡᠷ᠎ᠡ ᠬᠥᠮᠦᠨ ᠪᠠᠶᠠᠷᠯᠠᠪᠠᠴᠤ ᠮᠠᠩᠨᠠᠢ ᠦᠯᠦ ᠬᠠᠭᠠᠷᠠᠨᠠᠮ ᠭᠡᠯᠡ ᠃ ᠠᠭᠲᠠ ᠮᠣᠷᠢ ᠲᠠᠷᠭᠤᠯᠠᠪᠠᠴᠤ ᠰᠠᠭᠠᠷᠢ ᠦᠯᠦ ᠢᠵᠠᠷᠠᠨᠠᠮ ᠭᠡᠯᠡ ᠃ ᠠᠢ ᠢᠨᠠᠭ ᠪᠣᠷᠣ ᠵᠠᠭᠠᠯ ᠮᠢᠨᠦ ᠂ ᠶᠠᠭᠤᠨ ᠭᠡᠨᠡᠮ ᠃ ᠬᠠᠲᠠᠨ ᠪ ᠡᠪᠡᠰᠦ ᠬᠠᠨᠲᠠᠲᠠᠢ ᠴᠦ᠍ ᠪᠣᠯᠪᠠ ᠂ ᠬᠠᠯᠭᠤᠷᠠᠮ ᠪᠠᠶ᠋ᠢᠵᠤ ᠢᠲᠡᠶᠡ ᠃ ᠪᠣᠲᠠᠨ ᠪ ᠡᠪᠡᠰᠦ ᠪᠣᠭᠲᠠᠢ ᠴᠦ᠍ ᠪᠣᠯᠪᠠ ᠃ ᠪᠣᠯᠭᠤᠷᠠᠮ ᠪᠠᠶ᠋ᠢᠵᠤ ᠢᠲᠡᠶᠡ ᠂ ᠠᠢ ᠢᠨᠠᠭ ᠪᠣᠷᠣ ᠵᠠᠭᠠᠯ ᠮᠢᠨᠦ ᠂ ᠶᠠᠭᠤᠨ ᠭᠡᠨᠡᠮ ᠂ ᠮᠠᠨ ᠊ᠢ ᠦᠵᠡᠭᠰᠡᠨ ᠬᠥᠮᠦᠨ ᠂ ᠬᠥᠮᠦᠨ ᠪ ᠭᠡᠵᠦ ᠬᠥᠭᠡᠭᠡᠨ ᠦᠯᠲᠡᠬᠦ ᠪᠢᠵᠡ ᠃ ᠳᠠᠶ᠋ᠢᠰᠤᠨ ᠪ ᠭᠡᠵᠦ ᠳᠠᠶᠠᠭᠠᠷ ᠦᠯᠲᠡᠬᠦ ᠪᠢᠵᠡ ᠃ ᠵᠡᠷᠯᠢᠭ ᠭᠡᠵᠦ ᠵᠡᠪᠡ ᠪᠡᠷ ᠤᠨᠠᠭᠠᠬᠤ ᠪᠢᠵᠡ ᠃ ᠠᠢ ᠢᠨᠠᠭ ᠪᠣᠷᠣ ᠵᠠᠭᠠᠯ ᠮᠢᠨᠦ ᠂ ᠶᠠᠭᠤ ᠭᠡᠨᠡᠮ ᠃ ᠡᠵᠡᠨ ᠭᠡᠵᠦ ᠴᠢᠩᠭᠢᠰ ᠬᠠᠭᠠᠨ ᠳ᠋ᠤᠷ ᠠᠲᠠᠯᠢ ᠡᠵᠡᠨ ᠤᠯᠲᠠᠬᠤ ᠪᠤᠶᠤ ᠃ ᠡᠵᠢ ᠭᠡᠵᠦ ᠡᠷᠡᠮᠡᠭ ᠴᠠᠭᠠᠭᠴᠢᠨ ᠭᠡᠭᠦᠨ ᠳ᠋ᠦ᠍ᠷ ᠠᠲᠠᠯᠢ ᠡᠵᠢ ᠣᠯᠲᠠᠬᠤ ᠪᠤᠶᠤ ᠃ ᠡᠶ᠋ᠢᠨ ᠬᠦ ᠰᠠᠨᠠᠬᠤᠯ᠎ᠠ ᠪᠠᠶ᠋ᠢᠭᠠᠰᠠᠢ ᠠᠪᠠᠢ ᠮᠢᠨᠦ ᠃ ᠠᠷᠪᠠᠨ ᠰᠠᠷ᠎ᠠ ᠪᠣᠯᠲᠠᠯ᠎ᠠ ᠭᠡᠲᠡᠰᠦᠨ ᠳᠤ ᠪᠡᠨ ᠡᠷᠭᠦᠭᠰᠡᠨ᠂ ᠬᠣᠩᠭᠣᠷ ᠰᠢᠷ᠎ᠠ ᠤᠭᠤᠷᠠᠭ ᠶ᠋ᠢᠠᠨ ᠰᠠᠭᠠᠨ ᠭᠥᠬᠥᠭᠦᠯᠦᠭᠰᠡᠨ ᠡᠷᠡᠮᠡᠭ ᠴᠠᠭᠠᠭᠴᠢᠨ ᠡᠵᠢ ᠶᠤᠭᠡᠨ ᠶᠠᠭᠠᠬᠢᠵᠤ ᠮᠠᠷᠲᠠᠶ᠎ᠠ ᠭᠡᠨᠡᠮ ᠃ ᠥᠰᠬᠡᠨ ᠲᠥᠷᠥᠭᠦᠯᠦᠭᠰᠡᠨ ᠤᠯᠠᠭᠠᠨ ᠪᠤᠭᠤᠷᠤᠯ ᠠᠬᠠᠢ ᠶᠤᠭᠠᠨ ᠶᠠᠭᠠᠬᠢᠵᠤ ᠮᠠᠷᠲᠠᠶ᠎ᠠ ᠭᠡᠨᠡᠮ ᠃ ᠡᠲᠦᠭᠡ ᠬᠠᠨᠢᠯᠠᠭᠰᠠᠨ ᠣᠯᠠᠨ ᠨᠤᠭᠦᠳ ᠶ᠋ᠢᠡᠨ ᠶᠠᠭᠠᠬᠢᠵᠤ ᠮᠠᠷᠲᠠᠶ᠎ᠠ ᠭᠡᠨᠡᠮ ᠃ ᠢᠨᠠᠭ ᠪᠣᠷᠣ ᠵᠠᠭᠠᠯ ᠮᠢᠨᠦ ᠶᠠᠭᠤᠨ ᠢᠩᠭᠢᠨᠡᠮ 》 ᠭᠡᠵᠦ ᠬᠣᠷᠢᠲᠠᠯᠠ ᠂ ᠡᠰᠡ ᠲᠣᠭᠲᠠᠵᠤ ᠥᠨᠲᠥᠷ ᠬᠤᠸᠠ ᠳᠣᠪᠣᠨ ᠳᠡᠭᠡᠷ᠎ᠡ ᠭᠠᠷᠴᠤ ᠂ ᠬᠠᠷᠠᠨ ᠬᠠᠷᠠᠨ ᠶᠠᠪᠤᠵᠤ ᠦᠲᠡ ᠪᠣᠯᠬᠤ ᠳ᠋ᠦ᠍ᠷ ᠭᠤᠷᠪᠠᠨ ᠤᠯᠢᠶᠠᠰᠤᠨ ᠮᠣᠲᠣᠨ ᠪ ᠰᠡᠭᠦᠲᠡᠷ ᠲᠤ ᠰᠡᠭᠦᠲᠡᠷᠯᠡᠵᠦ ᠪᠠᠶ᠋ᠢᠬᠤ ᠳᠤ᠂ ᠳᠦᠷᠪᠡᠨ ᠵᠦᠭ ᠡᠴᠡ ᠢᠨᠤ ᠳᠦᠷᠪᠡᠨ ᠦᠩᠭᠡᠲᠦ ᠠᠯᠲᠠᠨ ᠭᠤᠷᠭᠤᠤᠯᠲᠠᠢ ᠰᠢᠪᠠᠭᠤᠨ ᠪᠣᠰᠤᠨ ᠵᠢᠷᠭᠢᠪᠡ ᠄ ᠤᠷᠲᠤ ᠭᠠᠵᠠᠷ ᠦ᠋ᠨ ᠡᠪᠡᠰᠦ ᠢᠨᠤ ᠤᠨᠠᠬ᠋᠎ᠠ ᠳᠠᠬ᠋ᠠ ᠴᠢᠮᠬᠢᠬᠦ ᠮᠡᠲᠦ ᠰᠠᠶ᠋ᠢᠬᠠᠨ ᠪᠠᠶ᠋ᠢᠨᠠᠮ ᠃ ᠬᠣᠶ᠋ᠢᠲᠤ ᠭᠠᠵᠠᠷ ᠦ᠋ᠨ ᠡᠪᠡᠰᠦ ᠢᠨᠤ ᠬᠣᠨᠢ ᠬᠤᠷᠠᠬ᠋ᠠ ᠴᠢᠮᠬᠢᠬᠦ ᠮᠡᠲᠦ ᠪᠠᠶ᠋ᠢᠨᠠᠮ ᠃ ᠤᠷᠲᠤ ᠭᠠᠵᠠᠷ ᠦ᠋ᠨ ᠤᠰᠤ ᠠᠨᠤ ᠨᠠᠭᠤᠷ ᠳᠠᠯᠠᠢ ᠳ᠋ᠤᠷ ᠠᠲᠠᠯᠢ ᠪᠠᠶ᠋ᠢᠨᠠᠮ ᠃ ᠬᠣᠶ᠋ᠢᠲᠤ ᠭᠠᠵᠠᠷ ᠦ᠋ᠨ ᠤᠰᠤ ᠠᠨᠤ ᠬᠣᠶ᠋ᠢᠬ ᠦ᠋ᠨ ᠰᠢᠪᠠᠷ ᠱᠠᠯᠴᠢᠬ ᠲᠤᠷ ᠠᠲᠠᠯᠢ ᠪᠠᠶ᠋ᠢᠨᠠᠮ ᠃ ᠪᠠᠰᠠ ᠤᠷᠲᠤ ᠭᠠᠵᠠᠷ ᠦ᠋ᠨ ᠡᠷ᠎ᠡ ᠶ᠋ᠢᠨ ᠭᠡᠵᠢᠭᠡ ᠠᠨᠤ ᠠᠯᠲᠠ ᠬᠢᠭᠡᠳ ᠳᠠᠯᠢᠮ ᠠᠲᠠᠯᠢ ᠪᠠᠶ᠋ᠢᠨᠠᠮ ᠃ ᠬᠣᠶ᠋ᠢᠲᠤ ᠭᠠᠵᠠᠷ ᠦ᠋ᠨ ᠡᠷ᠎ᠡ ᠶ᠋ᠢᠨ ᠭᠡᠵᠢᠭᠡ ᠠᠨᠤ ᠢᠮᠠᠭᠠᠨ ᠪ ᠰᠡᠭᠦᠯ ᠲᠠᠢ ᠠᠲᠠᠯᠢ ᠪᠠᠶ᠋ᠢᠨᠠᠮ ᠃ ᠪᠠᠰᠠ ᠤᠷᠲᠤ ᠭᠠᠵᠠᠷ ᠦ᠋ᠨ ᠠᠭᠲᠠ ᠶ᠋ᠢᠨ ᠭᠤᠶ᠎ᠠ ᠂ ᠲᠡᠪᠡᠷᠢᠵᠦ ᠪᠠᠭᠲᠠᠰᠢ ᠦᠭᠡᠢ ᠮᠡᠲᠦ ᠰᠠᠶ᠋ᠢᠬᠠᠨ ᠪᠠᠶ᠋ᠢᠨᠠᠮ ᠃ ᠬᠣᠶ᠋ᠢᠲᠤ ᠭᠠᠵᠠᠷ ᠦ᠋ᠨ ᠠᠭᠲᠠ ᠶ᠋ᠢᠨ ᠭᠤᠶ᠎ᠠ ᠂ ᠬᠡᠭᠦᠷᠵᠡᠭᠡᠨ᠎ᠡ ᠴᠠᠷᠴᠠᠭᠠᠨ ᠪ ᠭᠤᠶ᠎ᠠ ᠠᠲᠠᠯᠢ ᠪᠠᠶ᠋ᠢᠨᠠᠮ 》 ᠭᠡᠵᠦ ᠵᠢᠷᠭᠢᠪᠡ ᠃ ᠬᠠᠷᠴᠠᠭᠠᠢ ᠰᠢᠪᠠᠭᠤᠨ ᠬᠠᠲᠠᠨ ᠳᠡᠭᠡᠷ᠎ᠡ ᠰᠠᠭᠤᠨ ᠵᠢᠷᠭᠢᠪᠡ ᠃ ᠬᠠᠭᠠᠨ ᠡᠵᠡᠨ ᠪ ᠬᠣᠶᠠᠷ ᠵᠠᠭᠠᠯ ᠭᠠᠵᠠᠷᠯᠠᠬᠤ ᠶᠣᠰᠤᠨ ᠲᠡᠭᠦᠨ ᠡᠴᠡ ᠪᠤᠯᠪᠠ ᠃ ᠪᠣᠭᠱᠤᠷᠭᠡ ᠰᠢᠪᠠᠭᠤᠨ ᠪᠣᠰᠤᠨ ᠵᠢᠷᠭᠢᠪᠡ ᠃ ᠪᠣᠭᠲᠠ ᠡᠵᠡᠨ ᠪ ᠬᠣᠶᠠᠷ ᠵᠠᠭᠠᠯ ᠭᠠᠵᠠᠷᠯᠠᠬᠤ ᠶᠣᠰᠤᠨ ᠲᠡᠭᠦᠨ ᠡᠴᠡ ᠪᠤᠯᠪᠠ ᠃ ᠠᠯᠲᠠᠨ ᠭᠤᠷᠭᠤᠤᠯᠲᠠᠢ ᠰᠢᠪᠠᠭᠤ ᠤᠯᠢᠶᠠᠰᠤᠨ ᠮᠣᠲᠣᠨ ᠪ ᠮᠥᠴᠢᠷ ᠳᠡᠭᠡᠷ᠎ᠡ ᠢᠷᠡᠨ ᠵᠢᠷᠭᠢᠪᠡ ᠃ ᠠᠭᠲᠠ ᠬᠣᠶᠠᠷ ᠵᠠᠭᠠᠯ ᠭᠠᠵᠠᠷᠯᠠᠬᠤ ᠶᠣᠰᠤᠨ ᠲᠡᠭᠦᠨ ᠡᠴᠡ ᠪᠤᠯᠪᠠ ᠃ ᠬᠦᠬᠦᠢ ᠬᠠᠨ ᠪ ᠠᠷᠤ ᠳ᠋ᠡᠬᠢ ᠬᠥᠬᠥᠭᠡ ᠰᠢᠪᠠᠭᠤ ᠢᠷᠡᠨ ᠵᠢᠷᠭᠢᠪᠡ ᠃ ᠬᠥᠭᠡᠷᠦᠬᠦᠢ ᠬᠣᠶᠠᠷ ᠵᠠᠭᠠᠯ ᠬᠣᠯᠠ ᠭᠠᠵᠠᠷᠯᠠᠬᠤ ᠶᠣᠰᠤᠨ ᠲᠡᠭᠦᠨ ᠡᠴᠡ ᠪᠣᠯᠪᠠ ᠃ ᠲᠡᠲᠡᠭᠡᠷ ᠰᠢᠪᠠᠭᠤᠳ ᠊ᠢ ᠳᠦᠷᠪᠡᠨ ᠵᠦᠭ ᠡᠴᠡ ᠵᠢᠷᠭᠢᠬᠦᠢ ᠳ᠋ᠦ᠍ᠷ ᠂ ᠲᠡᠷᠡ ᠬᠣᠶᠠᠷ ᠵᠠᠭᠠᠯ ᠮᠣᠷᠢ ᠂ ᠬᠣᠶᠠᠷ ᠴᠢᠬᠢ ᠪᠠᠨ ᠰᠡᠷᠲᠡᠶ᠋ᠢᠵᠦ ᠂ ᠰᠡᠭᠦᠯ ᠶ᠋ᠢᠡᠨ ᠰᠠᠭᠰᠠᠶ᠋ᠢᠯᠭᠠᠵᠤ ᠂ ᠬᠠᠮᠠᠷ ᠶ᠋ᠢᠠᠨ ᠬᠤᠤᠬᠢᠷᠴᠤ ᠴᠢᠩᠨᠠᠨ ᠪᠠᠶ᠋ᠢᠭᠠᠳ ᠂ ᠬᠠᠶ᠋ᠢᠷᠠᠲᠤ ᠪᠠᠬ᠋᠎ᠠ ᠵᠠᠭᠠᠯ ᠭᠠᠵᠠᠷᠯᠠᠨ ᠶᠠᠪᠤᠪᠠ ᠃ ᠲᠡᠷᠡ ᠵᠠᠭᠠᠯ ᠮᠣᠷᠢ ᠲᠦᠷᠭᠡᠨ ᠲᠦᠷᠭᠡᠨ ᠶᠠᠪᠤᠬᠤᠢ ᠳ᠋ᠤᠷ ᠲᠥᠩᠬᠡᠷᠴᠡᠭ ᠦ᠋ᠨ ᠴᠢᠨᠡᠭᠡᠨ ᠴᠢᠯᠠᠭᠤᠨ ᠊ᠢ ᠬᠥᠲᠡᠯᠭᠡᠨ ᠂ ᠠᠷᠭᠠᠷ ᠠᠷᠭᠠᠷ ᠶᠠᠪᠤᠬᠤᠢ ᠳ᠋ᠤᠷ ᠠᠶᠠᠬ᠋᠎ᠠ ᠶ᠋ᠢᠨ ᠴᠢᠨᠡᠭᠡᠨ ᠴᠢᠯᠠᠭᠤᠨ ᠊ᠢ ᠴᠣᠬᠢᠯᠠᠨ ᠶᠠᠪᠤᠪᠠ ᠃ ᠲᠡᠲᠦᠢ ᠬᠤᠤᠬᠠᠢ ᠶ᠋ᠢᠨ ᠭᠤᠷᠪᠠᠨ ᠴᠠᠪᠴᠢᠭᠤᠷ ᠊ᠢ ᠵᠣᠷᠢᠨ ᠶᠠᠪᠤᠵᠤ ᠬᠦᠷᠴᠦ ᠪᠠᠶ᠋ᠢᠲᠠᠯ᠎ᠠ ᠂ ᠶᠡᠬᠡ ᠵᠠᠭᠠᠯ ᠠᠬ᠎ᠠ ᠠᠨᠤ ᠳᠡᠭᠦᠦ ᠪᠠᠬ᠋᠎ᠠ ᠵᠠᠭᠠᠯ ᠦ᠋ᠨ ᠲᠣᠭᠣᠰᠣᠨ ᠊ᠢ ᠬᠠᠷᠠᠵᠤ ᠪᠠᠶ᠋ᠢᠭᠠᠳ ᠡᠰᠡ ᠳᠠᠰᠤᠨ ᠂ ᠬᠣᠶ᠋ᠢᠨ᠎ᠠ ᠠ᠋ᠴᠠ ᠬᠦᠷᠴᠦ ᠢᠷᠡᠬᠦ ᠳᠤ ᠪᠡᠨ ᠬᠠᠷ᠎ᠠ ᠬᠥᠯᠥᠰᠥ ᠪᠡᠨ ᠭᠠᠷᠭᠠᠵᠤ ᠂ ᠬᠠᠮᠠᠷ ᠶ᠋ᠢᠠᠨ ᠰᠡᠷᠲᠡᠶ᠋ᠢᠵᠦ ᠂ ᠠᠷᠠᠶ᠋ᠢᠬᠠᠨ ᠭᠡᠵᠦ ᠠᠮᠢ ᠲᠡᠮᠡᠴᠡᠬᠦ ᠮᠡᠲᠦ ᠭᠦᠢᠴᠡᠵᠦ ᠢᠷᠡᠪᠡ ᠃
ᠲᠡᠲᠦᠢ ᠪᠣᠭᠣᠯ ᠮᠡᠴᠢᠨ ᠠᠲᠤᠭᠤᠨ ᠳ᠋ᠤᠷ ᠣᠷᠣᠵᠤ ᠦᠵᠡᠪᠡᠰᠦ ᠂ ᠬᠣᠶᠠᠷ ᠵᠠᠭᠠᠯ ᠦᠭᠡᠢ ᠠᠵᠤᠭᠤ ᠃ ᠡᠷᠡᠮᠡᠭ ᠴᠠᠭᠠᠭᠴᠢᠨ ᠭᠡᠭᠦᠨ ᠢᠨᠤ ᠡᠶ᠋ᠢᠰᠢ ᠲᠡᠶ᠋ᠢᠰᠢ ᠬᠠᠷᠠᠵᠤ ᠂ ᠬᠣᠶᠠᠷ ᠨᠢᠲᠦᠨ ᠡᠴᠡ ᠨᠢᠯᠪᠤᠰᠤ ᠭᠠᠷᠭᠠᠵᠤ ᠂ ᠬᠣᠶᠠᠷ ᠬᠦᠬᠦᠨ ᠡᠴᠡ ᠰᠦᠨ ᠴᠤᠪᠤᠷᠠᠭᠤᠯᠵᠤ ᠪᠠᠶ᠋ᠢᠪᠠ ᠃ ᠲᠡᠲᠦᠢ ᠪᠤᠭᠤᠯ ᠮᠡᠴᠢᠨ ᠡᠷᠲᠡ ᠮᠠᠨᠠᠭᠠᠷ ᠶᠠᠪᠤᠵᠤ ᠂ ᠲᠠᠪᠤᠨ ᠦᠩᠭᠡ ᠳᠦᠷᠪᠡᠨ ᠬᠠᠷᠢ ᠶ᠋ᠢᠨ ᠤᠯᠤᠰ ᠶ᠋ᠢᠠᠨ ᠴᠤᠭᠯᠠᠭᠤᠯᠵᠤ ᠠᠪᠠᠴᠢᠪᠠ ᠃ ᠢᠷᠡᠭᠰᠡᠨ ᠪ ᠬᠣᠶ᠋ᠢᠨ᠎ᠠ ᠠᠴᠢᠲᠤ ᠬᠠᠭᠠᠨ ᠡᠵᠡᠨ ᠠᠯ ᠵᠤᠯᠠ ᠪᠣᠷᠣ ᠮᠣᠷᠢᠨ ᠳᠤ ᠪᠠᠨ ᠠᠯᠲᠠᠨ ᠡᠮᠡᠭᠡᠯ ᠲᠣᠬᠣᠮ ᠶ᠋ᠢᠠᠨ ᠲᠣᠬᠣᠵᠤ ᠂ ᠠᠯᠲᠠᠨ ᠰᠠᠭᠠᠲᠠᠭ ᠶ᠋ᠢᠠᠨ ᠪᠦᠰᠡᠯᠡᠵᠦ ᠂ ᠠᠯᠠᠩᠭᠢᠷ ᠴᠠᠭᠠᠨ ᠨᠣᠮᠣᠨ ᠶ᠋ᠢᠠᠨ ᠲᠦᠷᠦᠵᠦ ᠂ ᠠᠯ ᠨᠠᠴᠢᠨ ᠬᠠᠷᠴᠠᠭᠠᠢ ᠪᠠᠨ ᠪᠠᠷᠢᠭᠤᠯᠵᠤ ᠂ ᠠᠮᠠ ᠴᠠᠭᠠᠨ ᠰᠢᠷ᠎ᠠ ᠨᠣᠬᠠᠢ ᠪᠠᠨ ᠬᠦᠲᠦᠯᠭᠡᠵᠦ ᠂ ᠠᠭᠲᠠ ᠬᠣᠶᠠᠷ ᠵᠠᠭᠠᠯ ᠶ᠋ᠢᠠᠨ ᠡᠷᠢᠬᠦᠢ ᠳ᠋ᠦ᠍ᠷ ᠠᠪᠠ ᠶ᠋ᠢᠨ ᠶᠡᠬᠡ ᠤᠯᠤᠰ ᠲᠤ ᠪᠠᠨ ᠵᠠᠷᠯᠢᠬ ᠪᠣᠯᠪᠠ ᠄ 《 ᠲᠡᠷᠡ ᠬᠣᠶᠠᠷ ᠵᠠᠭᠠᠯ ᠊ᠢ ᠬᠡᠨ ᠬᠥᠮᠦᠨ ᠭᠦᠢᠴᠡᠪᠡᠰᠦ ᠪᠤᠤ ᠬᠠᠷᠪᠤ ᠂ ᠲᠡᠮ ᠲᠡᠮ ᠶ᠋ᠢᠡᠨ ᠲᠣᠰᠴᠤ ᠤᠭᠲᠤᠵᠤ ᠪᠠᠷᠢ ᠃ ᠲᠡᠷᠡ ᠪᠠᠷᠢᠬᠰᠠᠨ ᠬᠥᠮᠦᠨ ᠳᠤ ᠂ ᠳᠦᠷᠪᠡᠨ ᠬᠤᠰᠢᠭᠤᠨ ᠮᠠᠯ ᠡᠴᠡ ᠲᠡᠭᠰᠢ ᠬᠤᠪᠢᠶᠠᠵᠤ ᠥᠭᠭᠦᠶ᠎ᠡ ᠭᠡᠪᠡ ᠃ ᠬᠦᠬᠦᠢ ᠬᠠᠨ ᠪ ᠥᠪᠥᠷ ᠶ᠋ᠢᠡᠷ ᠴᠣᠪᠤᠨ ᠶᠠᠪᠤᠵᠤ ᠠᠯᠲᠠᠢ ᠬᠠᠨ ᠪ ᠠᠷᠤ ᠪᠠᠷ ᠠᠪᠤᠯᠴᠠᠶᠠ ᠃ ᠲᠦᠪ ᠦ᠋ᠨ ᠬᠥᠮᠦᠨ ᠲᠦᠷᠭᠡᠨ ᠶᠠᠪᠤ ᠃ ᠣᠲᠣᠢ ᠶ᠋ᠢᠨ ᠬᠥᠮᠦᠨ ᠤᠷᠢᠳ ᠶᠠᠪᠤ ᠃ ᠲᠠᠬᠢᠮ ᠦ᠋ᠨ ᠬᠥᠮᠦᠨ ᠲᠠᠰᠤᠷᠠᠨ ᠪᠤᠤ ᠬᠣᠴᠣᠷ 》 ᠭᠡᠵᠦ ᠵᠠᠷᠯᠠᠯ ᠥᠭᠭᠦᠭᠡᠳ ᠂ ᠬᠦᠬᠦᠢ ᠬᠠᠨ ᠪ ᠥᠪᠥᠷ ᠶ᠋ᠢᠡᠷ ᠠᠯᠲᠠᠢ ᠬᠠᠨ ᠪ ᠠᠷᠤ ᠪᠡᠷ ᠠᠪᠤᠯᠴᠠᠵᠤ ᠢᠷᠡᠬᠦᠢ ᠳ᠋ᠦ᠍ᠷ ᠂ ᠶᠡᠬᠡ ᠵᠠᠭᠠᠯ ᠠᠬ᠎ᠠ ᠠᠨᠤ ᠪᠠᠬ᠋᠎ᠠ ᠵᠠᠭᠠᠯ ᠳᠡᠭᠦᠦ ᠳᠤ ᠪᠡᠨ ᠄ 《 ᠠᠪᠠ ᠶ᠋ᠢᠨ ᠬᠥᠮᠦᠨ ᠢᠷᠡᠪᠡ 》 ᠭᠡᠵᠦ ᠳᠠᠬᠢᠨ ᠳᠠᠬᠢᠨ ᠬᠡᠯᠡᠬᠦᠢ ᠳ᠋ᠦ᠍ᠷ ᠪᠠᠬ᠋᠎ᠠ ᠵᠠᠭᠠᠯ ᠬᠡᠯᠡᠪᠡ ᠄ 《 ᠠᠢ ᠠᠪᠤᠭᠠᠢ ᠮᠢᠨᠦ ᠃ ᠴᠢ ᠡᠮ᠎ᠡ ᠬᠥᠮᠦᠨ ᠮᠡᠲᠦ ᠣᠬᠣᠷᠬᠠᠨ ᠰᠠᠨᠠᠬ᠋᠎ᠠ ᠲᠠᠢ ᠴᠢᠨᠤ ᠶᠠᠭᠤ ᠪᠤᠢ ᠃ ᠴᠢ ᠪᠢᠲᠡ ᠬᠣᠶᠠᠭᠤᠯᠠ ᠶ᠋ᠢ ᠭᠦᠢᠴᠡᠬᠦ ᠪᠠᠶ᠋ᠢᠲᠤᠭᠠᠢ ᠮᠠᠨ ᠪ ᠪᠠᠷ᠎ᠠ ᠶ᠋ᠢ ᠬᠠᠷᠠᠬᠤ ᠮᠣᠷᠢ ᠪᠤᠢ ᠪᠢᠯᠢᠤ ᠃ ᠪᠠᠷ᠎ᠠ ᠶ᠋ᠢ ᠮᠠᠨᠢ ᠬᠠᠷᠠᠬᠤ ᠪᠣᠯᠬᠤᠯ᠎ᠠ ᠠᠯ ᠵᠤᠯᠠ ᠮᠣᠷᠢ ᠶᠠᠭᠠᠬᠢᠨᠠᠮ ᠪᠣᠯᠪᠠ ᠃ ᠲᠡᠭᠡᠪᠡᠴᠦ ᠶᠠᠭᠤᠨ ᠪᠤᠢ ᠃ ᠭᠠᠢ ᠦᠭᠡᠢ ᠂ ᠶᠠᠪᠤᠶ᠎ᠠ ᠠᠪᠠᠢ ᠮᠢᠨᠦ ᠃ ᠲᠦᠪ ᠦ᠋ᠨ ᠬᠥᠮᠦᠨ ᠳᠤ ᠲᠣᠭᠣᠰᠣᠨ ᠶ᠋ᠢᠠᠨ ᠦᠵᠡᠭᠳᠡᠶᠡ᠃ ᠣᠲᠣᠢ ᠶ᠋ᠢᠨ ᠬᠥᠮᠦᠨ ᠳᠤ ᠪᠠᠷ᠎ᠠ ᠪᠠᠨ ᠬᠠᠷᠠᠭᠲᠠᠶᠠ 》 ᠭᠡᠪᠡ ᠃ 《 ᠬᠦᠬᠦᠢ ᠬᠠᠨ ᠪ ᠥᠪᠥᠷ ᠊ᠢ ᠳᠠᠪᠠᠨ ᠭᠠᠷᠬᠤ ᠳ᠋ᠤᠷ ᠬᠦᠬᠡ ᠬᠠᠯᠵᠠᠨ ᠪᠣᠭᠣ ᠶ᠋ᠢ ᠢᠰᠬᠦᠴᠢᠨ ᠤᠨᠠᠭᠠᠵᠤ ᠪᠠᠭᠤᠶ᠎ᠠ ᠃ ᠠᠯᠲᠠᠢ ᠬᠠᠨ ᠪ ᠠᠷᠤ ᠪᠡᠷ ᠪᠠᠭᠤᠬᠤ ᠳ᠋ᠤᠷ ᠂ ᠠᠷᠭᠠᠯᠢ ᠤᠭᠠᠯᠵᠠ ᠶ᠋ᠢ ᠭᠢᠰᠬᠢᠯᠡᠵᠦ ᠪᠠᠭᠤᠶ᠎ᠠ ᠃ 》 ᠲᠡᠷᠡ ᠬᠡᠯᠡᠭᠰᠡᠨ ᠦᠭᠡ ᠪᠡᠷ ᠢᠰᠬᠦᠴᠢᠨ ᠤᠨᠠᠭᠠᠵᠤ ᠭᠠᠷᠤᠨ ᠣᠴᠢᠪᠠ ᠃
ᠬᠣᠶᠠᠷ ᠵᠠᠭᠠᠯ ᠬᠤᠤᠬᠠᠢ ᠶ᠋ᠢᠨ ᠭᠤᠷᠪᠠᠨ ᠴᠠᠪᠴᠢᠭᠤᠷ ᠲᠤ᠌ ᠬᠦᠷᠴᠦ ᠨᠤᠲᠤᠭᠯᠠᠪᠠ ᠃ ᠭᠤᠷᠪᠠᠨ ᠵᠢᠯ ᠪᠣᠯᠬᠤ ᠳ᠋ᠤᠷ ᠪᠠᠬ᠋᠎ᠠ ᠵᠠᠭᠠᠯ ᠰᠠᠭᠠᠷᠢ ᠮᠡᠲᠡᠨ ᠲᠠᠷᠭᠤᠯᠠᠪᠠ ᠃ ᠶᠡᠬᠡ ᠵᠠᠭᠠᠯ ᠬᠠᠲᠠᠵᠤ ᠵᠣᠭᠰᠣᠭᠰᠠᠨ ᠮᠣᠷᠢᠨ ᠮᠡᠲᠦ ᠶᠠᠪᠤᠪᠠᠢ ᠃ ᠴᠢᠩᠭᠢᠵᠦ ᠪᠠᠶ᠋ᠢᠲᠠᠯ᠎ᠠ ᠂ ᠪᠠᠬ᠋᠎ᠠ ᠵᠠᠭᠠᠯ ᠳᠡᠭᠦᠦ ᠢᠨᠤ ᠶᠡᠬᠡ ᠵᠠᠭᠠᠯ ᠠᠬ᠎ᠠ ᠳᠤ ᠪᠠᠨ ᠬᠡᠯᠡᠪᠡ ᠄ 《 ᠠᠢ ᠠᠪᠤᠭᠠᠢ ᠮᠢᠨᠦ ᠂ ᠴᠢ ᠡᠪᠦᠯ ᠦ᠋ᠨ ᠴᠠᠭ ᠪᠣᠯᠬᠤᠯ᠎ᠠ ᠬᠣᠶᠠᠷ ᠬᠠᠴᠠᠷ ᠲᠤᠷ ᠠᠶᠠᠬ᠋᠎ᠠ ᠶ᠋ᠢᠨ ᠴᠢᠨᠡᠭᠡ ᠮᠥᠰᠥ ᠬᠦᠷᠦᠵᠦ ᠶᠠᠪᠤᠨᠠᠮ ᠃ ᠵᠤᠨ ᠪ ᠴᠠᠭ ᠪᠣᠯᠬᠤᠯ᠎ᠠ ᠬᠣᠶᠠᠷ ᠬᠠᠴᠠᠷ ᠴᠢᠨᠤ ᠬᠠᠯᠴᠠᠭᠠᠶ᠋ᠢᠷᠠᠭᠰᠠᠨ ᠮᠡᠲᠦ ᠶᠠᠪᠤᠬᠤ ᠴᠢᠨᠤ ᠶᠠᠭᠤᠨ ᠪᠤᠢ ᠃ ᠡᠪᠡᠰᠦᠨ ᠊ᠢ ᠪᠣᠯᠪᠠᠰᠤ ᠡᠷᠡᠦ ᠪᠡᠷ ᠢᠲᠡᠨ ᠂ ᠤᠰᠤᠨ ᠊ᠢ ᠪᠣᠯᠪᠠᠰᠤ ᠤᠷᠤᠭᠤᠯ ᠶ᠋ᠢᠠᠷ ᠤᠤᠭᠤᠵᠤ ᠠᠲᠠᠯ᠎ᠠ ᠂ ᠠᠢ ᠠᠪᠤᠭᠠᠢ ᠮᠢᠨᠦ ᠂ ᠴᠢ ᠠᠷᠠᠰᠤ ᠲᠠᠢ ᠰᠢᠷᠪᠦᠰᠦ ᠲᠠᠢ ᠢᠩᠭᠢᠵᠦ ᠬᠠᠲᠠᠭᠰᠠᠨ ᠴᠢᠨᠤ ᠶᠠᠭᠤᠨ ᠪᠤᠢ ᠃ ᠠᠴᠢᠲᠤ ᠠᠪᠠᠢ ᠮᠢᠨᠦ ᠴᠢᠮ᠎ᠠ ᠶ᠋ᠢ ᠦᠬᠦᠭᠦᠯᠵᠦ ᠠᠷᠠᠰᠤ ᠶ᠋ᠢ ᠴᠢᠨᠤ ᠡᠮᠦᠰᠪᠡᠦ ᠪᠢ ᠃ ᠮᠢᠬ᠎ᠠ ᠶ᠋ᠢ ᠴᠢᠨᠤ ᠢᠲᠡᠪᠡᠦ ᠪᠢ ᠃ ᠠᠪᠠᠢ ᠮᠢᠨᠦ ᠰᠠᠨᠠᠬ᠋᠎ᠠ ᠪᠠᠨ ᠨᠠᠲᠠ ᠬᠡᠯᠡᠭᠡᠰᠡᠢ 》 ᠬᠡᠮᠡᠬᠦᠢ ᠳ᠋ᠦ᠍ᠷ ᠂ ᠶᠡᠬᠡ ᠵᠠᠭᠠᠯ ᠠᠨᠤ ᠬᠡᠯᠡᠪᠡ ᠄ 《 ᠠᠢ ᠂ ᠢᠨᠠᠭ ᠪᠣᠷᠣ ᠵᠠᠭᠠᠯ ᠮᠢᠨᠦ ᠃ ᠴᠢ ᠣᠮᠣᠭ ᠶ᠋ᠢᠠᠨ ᠳᠠᠷᠤᠭᠠᠳᠤᠢ ᠂ ᠠᠭᠤᠰᠬᠢ ᠪᠠᠨ ᠬᠠᠲᠠᠭᠠᠲᠤᠢ ᠴᠢᠨᠤ ᠶᠠᠭᠤᠨ ᠪᠤᠢ ᠃ ᠢᠨᠠᠭ ᠪᠣᠷᠣ ᠵᠠᠭᠠᠯ ᠮᠢᠨᠦ ᠂ ᠥᠰᠬᠡᠨ ᠲᠥᠷᠥᠭᠦᠯᠦᠭᠰᠡᠨ ᠡᠷᠡᠮᠡᠭ ᠴᠠᠭᠠᠭᠴᠢᠨ ᠡᠵᠢ ᠶᠤᠭᠡᠨ ᠰᠠᠨᠠᠬᠤᠯ᠎ᠠ ᠂ ᠠᠪᠤᠭᠠᠢ ᠴᠢᠨᠤ ᠪᠢ ᠡᠪᠡᠰᠦᠨ ᠳ᠋ᠦ᠍ᠷ ᠡᠷᠡᠦ ᠪᠡᠨ ᠬᠦᠷᠭᠡᠵᠦ ᠶᠠᠲᠠᠪᠠ ᠃ ᠤᠰᠤᠨ ᠳ᠋ᠤᠷ ᠤᠷᠤᠭᠤᠯ ᠶ᠋ᠢᠠᠨ ᠬᠦᠷᠭᠡᠵᠦ ᠶᠠᠲᠠᠪᠠ ᠃ ᠠᠢ ᠢᠨᠠᠭ ᠪᠣᠷᠣ ᠵᠠᠭᠠᠯ ᠮᠢᠨᠦ ᠂ ᠣᠯᠠᠨ ᠶᠡᠬᠡ ᠠᠪᠠ ᠪᠣᠯᠤᠨᠠᠮ ᠪᠢᠯᠡ ᠃ ᠤᠯᠤᠰ ᠦ᠋ᠨ ᠤᠷᠢᠳ ᠵᠢᠬᠰᠠᠵᠤ ᠬᠠᠭᠰᠠᠭᠠᠲᠠᠭ ᠪᠢᠯᠡ ᠃ ᠤᠯᠠᠭᠠᠨ ᠡᠮᠡᠭᠡᠯ ᠲᠣᠬᠣᠮ ᠶ᠋ᠢᠠᠨ ᠲᠣᠬᠣᠵᠤ ᠤᠯᠤᠰ ᠮᠣᠩᠭᠣᠯ ᠦ᠋ᠨ ᠡᠮᠦᠨ᠎ᠡ ᠡᠷᠬᠢᠮᠰᠢᠭᠦᠯᠦᠨ ᠬᠥᠲᠥᠯᠵᠦ ᠢᠷᠡᠨᠡᠮ ᠪᠢᠯᠡ ᠃ ᠬᠦᠬᠦᠢ ᠬᠠᠨ ᠪ ᠥᠪᠥᠷ ᠶ᠋ᠢᠡᠷ ᠪᠠᠭᠤᠨ ᠢᠷᠡᠬᠦᠢ ᠳ᠋ᠦ᠍ᠷ ᠂ ᠬᠦᠬᠡ ᠬᠠᠯᠵᠠᠨ ᠤᠭᠠᠯᠵᠠ ᠶ᠋ᠢ ᠪᠠᠭᠤᠯᠭᠠᠨ ᠢᠷᠡᠭᠡᠳ ᠣᠭᠲᠣᠯᠤᠨ ᠬᠠᠷᠪᠤᠨᠠᠮ ᠪᠢᠯᠡ ᠃ ᠬᠥᠪᠴᠢᠨ ᠤᠯᠤᠰ ᠮᠢᠨᠢ ᠂ ᠬᠦᠷᠵᠡ ᠶ᠋ᠢᠨ ᠴᠢᠨᠡᠭᠡᠨ ᠴᠠᠭᠠᠨ ᠰᠢᠲᠦ ᠶ᠋ᠢ ᠮᠢᠨᠦ ᠲᠠᠲᠠᠵᠤ ᠭᠠᠶ᠋ᠢᠬᠠᠲᠠᠭ ᠪᠢᠯᠡ ᠃ ᠡᠪᠡᠰᠦᠨ ᠪ ᠦᠵᠦᠭᠦᠷ ᠊ᠢ ᠢᠲᠡᠪᠡᠴᠦ ᠂ ᠤᠰᠤᠨ ᠪ ᠲᠤᠩᠭᠠᠯᠠᠭ ᠊ᠢ ᠤᠤᠭᠤᠪᠠᠴᠤ ᠶᠠᠭᠤᠨ ᠪ ᠲᠤᠰᠠ 》 ᠭᠡᠵᠦ ᠬᠡᠯᠡᠭᠡᠳ ᠤᠬᠢᠯᠠᠬᠤᠢ ᠳ᠋ᠤᠷ ᠪᠠᠬ᠋᠎ᠠ ᠵᠠᠭᠠᠯ ᠬᠡᠯᠡᠪᠡ ᠄ 《 ᠠᠢ ᠠᠪᠤᠭᠠᠢ ᠴᠢ ᠂ ᠡᠷ᠎ᠡ ᠬᠥᠮᠦᠨ ᠮᠡᠲᠦ ᠡᠷᠪᠢᠰ ᠡᠷᠪᠢᠰ ᠬᠢᠵᠦ ᠢᠨᠢᠶᠡᠵᠦ ᠶᠠᠪᠤᠬᠤ ᠪᠤᠢ ᠊ᠢ᠎ᠠ ᠃ ᠡᠮ᠎ᠡ ᠬᠥᠮᠦᠨ ᠮᠡᠲᠦ ᠢᠷᠪᠢᠰ ᠢᠷᠪᠢᠰ ᠬᠢᠵᠦ ᠤᠬᠢᠯᠠᠬᠤ ᠠᠨᠤ ᠶᠠᠭᠤᠨ 》 ᠭᠡᠵᠦ ᠬᠡᠯᠡᠭᠡᠳ ᠂ ᠪᠠᠬ᠋᠎ᠠ ᠵᠠᠭᠠᠯ ᠠᠨᠤ ᠵᠥᠪ ᠬᠠᠨᠲᠤᠨ ᠢᠨᠢᠶᠡᠵᠦ ᠂ ᠪᠤᠷᠤᠭᠤ ᠬᠠᠨᠲᠤᠨ ᠤᠬᠢᠯᠠᠵᠤ ᠂ ᠭᠡᠨᠡᠤᠠᠲᠡ ᠤᠶᠠᠷᠠᠬᠤ ᠰᠡᠤᠠᠬᠢᠯ ᠲᠦᠷᠦᠵᠦ ᠭᠡᠨᠡᠬᠡᠷᠡᠨ ᠡᠪᠡᠰᠦ ᠶ᠋ᠢ ᠨᠢᠭᠡ ᠬᠤᠶᠠᠷ ᠬᠠᠵᠠᠯᠠᠨ ᠪᠠᠶ᠋ᠢᠭᠠᠳ ᠬᠡᠯᠡᠪᠡ ᠄ 《 ᠠᠢ ᠠᠪᠤᠭᠠᠢ ᠮᠢᠨᠤ ᠂ ᠴᠢ ᠰᠠᠶ᠋ᠢᠨ ᠡᠪᠡᠰᠦ ᠶ᠋ᠢ ᠢᠲᠡ ᠂ ᠰᠠᠶ᠋ᠢᠨ ᠤᠰᠤ ᠶ᠋ᠢ ᠤᠤᠭᠤ ᠂ ᠰᠠᠨᠠᠬ᠋᠎ᠠ ᠪᠠᠨ ᠠᠮᠠᠷᠠᠵᠤ ᠰᠠᠭᠠᠷᠢ ᠮᠡᠲᠡᠨ ᠲᠠᠷᠭᠤᠯᠠᠭᠰᠠᠨ ᠪ ᠬᠣᠶ᠋ᠢᠨ᠎ᠠ ᠶᠠᠪᠤᠶ᠎ᠠ 》 ᠭᠡᠪᠡ ᠃
ᠶᠡᠬᠡ ᠵᠠᠭᠠᠯ ᠠᠨᠤ ᠵᠥᠪ ᠭᠡᠵᠦ ᠬᠡᠯᠡᠭᠡᠳ ᠂ ᠡᠪᠡᠰᠦ ᠤᠰᠤ ᠶ᠋ᠢ ᠢᠲᠡᠨ ᠤᠤᠭᠤᠵᠤ ᠂ ᠤᠷᠪᠠᠨ ᠬᠦᠷᠪᠡᠨ ᠪᠡᠶ᠎ᠡ ᠠᠮᠠᠷᠠᠵᠤ ᠤᠷᠢᠲᠤᠬᠢ ᠮᠡᠲᠦ ᠲᠠᠷᠭᠤᠯᠠᠭᠰᠠᠨ ᠪ ᠬᠣᠶ᠋ᠢᠨ᠎ᠠ ᠪᠠᠬ᠋᠎ᠠ ᠵᠠᠭᠠᠯ ᠬᠡᠯᠡᠪᠡ ᠄ 《 ᠠᠢ ᠠᠪᠤᠭᠠᠢ ᠮᠢᠨᠦ ᠂ ᠶᠠᠪᠤᠶ᠎ᠠ ᠂ ᠡᠲᠦᠭᠡ ᠬᠠᠷᠢᠶ᠎ᠠ 》 ᠭᠡᠪᠡ ᠃ ᠲᠡᠭᠡᠵᠦ ᠬᠡᠯᠡᠬᠦ ᠳ᠋ᠤᠷ ᠶᠡᠬᠡ ᠵᠠᠭᠠᠯ ᠠᠨᠤ ᠪᠠᠶᠠᠷᠯᠠᠨ ᠬᠠᠲᠠᠷᠢᠪᠠ ᠃ ᠪᠠᠬ᠋᠎ᠠ ᠵᠠᠭᠠᠯ ᠠᠨᠤ ᠰᠦᠭ ᠰᠦᠭ ᠭᠢᠵᠦ ᠶᠠᠪᠤᠪᠠ ᠃ ᠥᠪᠡᠷ ᠦ᠋ᠨ ᠭᠠᠵᠠᠷ ᠲᠠᠭᠠᠨ ᠬᠠᠷᠢᠬᠤ ᠪᠣᠯᠬᠤ ᠳ᠋ᠤᠷ ᠪᠠᠬ᠋᠎ᠠ ᠵᠠᠭᠠᠯ ᠠᠨᠤ ᠬᠡᠯᠡᠪᠡ ᠄ 《 ᠠᠢ ᠠᠪᠤᠭᠠᠢ ᠮᠢᠨᠦ ᠂ ᠭᠤᠷᠪᠠᠨ ᠰᠠᠷ᠎ᠠ ᠶ᠋ᠢᠨ ᠭᠠᠵᠠᠷ ᠊ᠢ ᠪᠣᠯᠪᠠᠴᠤ ᠭᠤᠷᠪᠠᠨ ᠬᠣᠨᠣᠭ ᠲᠤ ᠬᠦᠷᠦᠶ᠎ᠡ ᠃ ᠪᠣᠯᠵᠣᠮᠣᠷ ᠰᠢᠪᠠᠭᠤ ᠵᠢᠷᠭᠢᠬᠦᠢ ᠶ᠋ᠢᠨ ᠤᠷᠢᠲᠠ ᠂ ᠪᠣᠭᠲᠠ ᠡᠵᠡᠨ ᠦᠭᠡᠲᠡ ᠪᠣᠯᠬᠤ ᠶ᠋ᠢᠨ ᠤᠷᠢᠲᠠ ᠬᠦᠷᠦᠶ᠎ᠡ ᠃ ᠬᠠᠶ᠋ᠢᠷᠠᠭᠤᠨᠠ ᠰᠢᠪᠠᠭᠤ ᠵᠢᠷᠭᠢᠬᠦᠢ ᠶ᠋ᠢᠨ ᠤᠷᠢᠲᠠ ᠂ ᠬᠠᠭᠠᠨ ᠡᠵᠡᠨ ᠶ᠋ᠢᠡᠨ ᠦᠭᠡᠲᠡ ᠪᠣᠯᠬᠤ ᠶ᠋ᠢᠨ ᠤᠷᠢᠲᠠ ᠬᠦᠷᠦᠶ᠎ᠡ ᠃ ᠠᠯᠲᠠᠨ ᠭᠤᠷᠭᠤᠤᠯᠲᠠᠢ ᠵᠢᠷᠭᠢᠬᠦᠢ ᠶ᠋ᠢᠨ ᠤᠷᠢᠲᠠ ᠂ ᠠᠴᠢᠲᠤ ᠡᠵᠡᠨ ᠶ᠋ᠢᠡᠨ ᠥᠭᠡᠲᠡᠯᠡᠬᠦ ᠶ᠋ᠢᠨ ᠤᠷᠢᠲᠠ ᠬᠦᠷᠦᠶ᠎ᠡ ᠃ ᠤᠯᠠᠭᠠᠨ ᠨᠠᠷᠠᠨ ᠭᠠᠷᠬᠤ ᠶ᠋ᠢᠨ ᠤᠷᠢᠲᠠ ᠂ ᠤᠨᠠᠬ᠋᠎ᠠ ᠳᠠᠬ᠋ᠠ ᠪᠠᠷᠢᠯᠠᠬᠤᠢ ᠶ᠋ᠢᠨ ᠤᠷᠢᠲᠠ ᠂ ᠥᠰᠬᠡᠨ ᠲᠥᠷᠥᠭᠦᠯᠦᠭᠰᠡᠨ ᠤᠯᠠᠭᠠᠨ ᠪᠤᠭᠤᠷᠤᠯ ᠠᠬᠠᠢ ᠳᠤ ᠪᠠᠨ ᠂ ᠡᠷᠭᠦᠨ ᠲᠥᠷᠥᠭᠦᠯᠦᠭᠰᠡᠨ ᠡᠷᠡᠮᠡᠭ ᠴᠠᠭᠠᠭᠴᠢᠨ ᠡᠵᠢ ᠳᠤ ᠪᠡᠨ ᠂ ᠡᠲᠦᠢ ᠣᠯᠠᠨ ᠬᠠᠨᠢᠯᠠᠭᠰᠠᠨ ᠨᠥᠬᠥᠳ ᠲᠤ ᠪᠡᠨ᠂ ᠦᠷ ᠰᠢᠷᠠᠯᠠᠬᠤ ᠶ᠋ᠢᠨ ᠤᠷᠢᠲᠠ ᠬᠥᠷᠥᠶ᠎ᠡ 》 ᠬᠡᠮᠡᠨ ᠬᠡᠯᠡᠭᠡᠳ ᠵᠡᠷᠭᠡᠴᠡᠨ ᠬᠠᠲᠠᠷᠢᠭᠠᠳ ᠂ ᠭᠤᠷᠪᠠ ᠬᠣᠨᠣᠭ ᠲᠤ ᠬᠦᠷᠴᠦ ᠢᠷᠡᠪᠡ ᠃
ᠬᠣᠶᠠᠷ ᠵᠠᠭᠠᠯ ᠶ᠋ᠢᠠᠨ ᠬᠦᠷᠴᠦ ᠢᠷᠡᠭᠰᠡᠨ ᠪ ᠰᠦᠨᠢ ᠂ ᠪᠣᠭᠲᠠ ᠡᠵᠡᠨ ᠬᠣᠶᠠᠷ ᠵᠠᠭᠠᠯ ᠊ᠢ ᠢᠷᠡᠪᠡ ᠬᠡᠮᠡᠨ ᠵᠡᠭᠦᠲᠦᠯᠡᠪᠡ ᠃ ᠬᠠᠭᠠᠨ ᠡᠵᠡᠨ ᠡᠷᠲᠡ ᠮᠠᠨᠠᠭᠠᠷ ᠰᠡᠷᠡᠭᠡᠳ᠂ ᠪᠣᠭᠣᠯ ᠮᠡᠴᠢᠨ ᠳᠤ ᠪᠡᠨ ᠵᠠᠷᠯᠢᠬ ᠪᠣᠯᠪᠠ ᠄ 《 ᠬᠠᠭᠠᠨ ᠲᠩᠷᠢ ᠡᠴᠡ ᠵᠠᠶᠠᠭᠠᠲᠠᠢ ᠲᠥᠷᠥᠭᠰᠡᠨ ᠬᠣᠶᠠᠷ ᠵᠠᠭᠠᠯ ᠬᠠᠷᠢᠵᠤ ᠢᠷᠡᠭᠰᠡᠨ ᠊ᠢ ᠬᠠᠵᠠᠭᠠᠷᠯᠠᠵᠤ ᠪᠠᠶ᠋ᠢᠨᠠᠮ ᠭᠡᠵᠦ ᠵᠡᠭᠦᠲᠦᠯᠡᠪᠡ ᠃ ᠡᠷᠬᠡᠲᠦ ᠲᠩᠷᠢ ᠡᠴᠡ ᠡᠰᠢ ᠲᠡᠢ ᠲᠥᠷᠥᠭᠰᠡᠨ ᠬᠣᠶᠠᠷ ᠵᠠᠭᠠᠯ ᠮᠢᠨᠦ ᠡᠷᠭᠢᠵᠦ ᠢᠷᠡᠭᠰᠡᠨ ᠊ᠢ ᠡᠮᠡᠭᠡᠯᠯᠡᠵᠦ ᠪᠠᠶ᠋ᠢᠨᠠᠮ ᠭᠡᠵᠦ ᠵᠡᠭᠦᠲᠦᠯᠡᠪᠡ ᠃ ᠦᠨᠡᠨ ᠪᠤᠶᠤ ᠬᠤᠲᠠᠯ ᠪᠤᠶᠤ ᠃ ᠡᠷᠲᠡ ᠮᠠᠨᠠᠭᠠᠷ ᠠᠲᠤᠭᠤᠨ ᠳ᠋ᠤᠷ ᠣᠷᠣᠵᠤ ᠦᠵᠡ 》 ᠭᠡᠵᠦ ᠵᠠᠷᠯᠢᠬ ᠪᠣᠯᠪᠠ ᠃ ᠬᠠᠭᠠᠨ ᠡᠵᠡᠨ ᠪ ᠵᠠᠷᠯᠢᠬ ᠶ᠋ᠢᠠᠷ ᠪᠣᠭᠣᠯ ᠮᠡᠴᠢᠨ ᠠᠲᠤᠭᠤᠨ ᠳᠤ ᠣᠷᠣᠵᠤ ᠦᠵᠡᠪᠡᠰᠦ ᠂ ᠡᠷᠡᠮᠡᠭ ᠴᠠᠭᠠᠭᠴᠢᠨ ᠭᠡᠭᠦᠨ ᠡᠬᠡ ᠢᠨᠤ ᠡᠶ᠋ᠢᠨ ᠲᠡᠶ᠋ᠢᠨ ᠬᠠᠷᠠᠨ ᠂ ᠬᠣᠶᠠᠷ ᠵᠠᠭᠠᠯ ᠶᠤᠭᠠᠨ ᠢᠷᠡᠬ᠋ᠰᠡᠨ ᠊ᠢ ᠦᠵᠡᠵᠦ ᠂ ᠬᠣᠶᠠᠷ ᠬᠦᠬᠦᠨ ᠡᠴᠡ ᠰᠦᠨ ᠴᠤᠪᠤᠷᠠᠭᠤᠯᠵᠤ ᠂ ᠬᠣᠶᠠᠷ ᠨᠢᠲᠦᠨ ᠡᠴᠡ ᠨᠢᠯᠪᠤᠰᠤ ᠠᠰᠬᠠᠷᠠᠭᠤᠯᠵᠤ ᠪᠠᠶ᠋ᠢᠪᠠ ᠃ ᠬᠣᠶᠠᠷ ᠵᠠᠭᠠᠯ ᠠᠨᠤ ᠡᠷᠡᠮᠡᠭ ᠴᠠᠭᠠᠭᠴᠢᠨ ᠭᠡᠭᠦᠨ ᠪ ᠡᠨᠲᠡ ᠲᠡᠨᠲᠡ ᠡᠴᠡ ᠬᠠᠷᠠᠵᠤ ᠰᠦᠬᠦᠷᠡᠨ ᠪᠠᠶ᠋ᠢᠪᠠ ᠃ ᠪᠣᠭᠣᠯ ᠮᠡᠴᠢᠨ ᠪᠠᠷᠢᠨ ᠶᠠᠲᠠᠵᠤ ᠂ ᠤᠯᠠᠭᠠᠨ ᠪᠤᠭᠤᠷᠤᠯ ᠡᠴᠢᠭᠡ ᠂ ᠡᠷᠡᠮᠡᠭ ᠴᠠᠭᠠᠭᠴᠢᠨ ᠭᠡᠭᠦᠦ ᠲᠠᠢ ᠢᠨᠤ ᠡᠯᠲᠡᠵᠦ ᠢᠷᠡᠭᠡᠳ ᠡᠵᠡᠨ ᠳ᠋ᠤᠷ ᠬᠣᠶᠠᠷ ᠵᠠᠭᠠᠯ ᠢᠷᠡᠪᠡ 》 ᠭᠡᠵᠦ ᠮᠣᠷᠢᠨ ᠪ ᠳᠡᠭᠡᠷ᠎ᠡ ᠡᠴᠡ ᠪᠠᠷᠬᠢᠷᠠᠭᠰᠠᠭᠠᠷ ᠢᠷᠡᠬᠦᠢ ᠳ᠋ᠤᠷ ᠂ ᠬᠠᠭᠠᠨ ᠡᠵᠡᠨ ᠰᠣᠨᠣᠰᠤᠭᠠᠳ ᠨᠥᠮᠥᠭᠡᠨ ᠳᠡᠪᠡᠯ ᠶ᠋ᠢᠡᠨ ᠶᠠᠪᠤᠨ ᠶᠠᠪᠤᠨ ᠬᠠᠨᠴᠤᠶ᠋ᠢᠯᠠᠭᠠᠳ ᠂ ᠬᠣᠶᠠᠷ ᠵᠠᠭᠠᠯ ᠦ᠋ᠨ ᠡᠮᠦᠨ᠎ᠡ ᠡᠴᠡ ᠤᠭᠲᠤᠵᠤ ᠭᠠᠷᠤᠭᠠᠳ ᠄ 《 ᠡ ᠬᠣᠶᠠᠷ ᠵᠠᠭᠠᠯ ᠮᠢᠨᠦ ᠂ ᠮᠡᠨᠲᠦ ᠢᠷᠡᠪᠡᠦ 》 ᠭᠡᠵᠦ ᠵᠠᠷᠯᠢᠬ ᠪᠣᠯᠪᠠ ᠃ ᠴᠢᠩᠭᠢᠬᠦᠢ ᠳ᠋ᠤᠷ ᠂ ᠶᠡᠬᠡ ᠵᠠᠭᠠᠯ ᠠᠨᠤ ᠬᠡᠯᠡᠪᠡ ᠄ 《 ᠬᠤᠤᠬᠠᠢ ᠶ᠋ᠢᠨ ᠭᠤᠷᠪᠠᠨ ᠴᠠᠪᠴᠢᠭᠤᠷ ᠲᠦ ᠵᠣᠷᠢᠬᠰᠠᠨ ᠬᠣᠶᠠᠷ ᠵᠠᠭᠠᠯ ᠳ᠋ᠤᠷ ᠴᠤ᠌ ᠶᠠᠭᠤᠨ ᠪᠢᠯᠡ ᠃ ᠭᠤᠴᠢᠨ ᠲᠦᠮᠡᠨ ᠤᠯᠤᠰ ᠶ᠋ᠢᠠᠨ ᠡᠵᠡᠯᠡᠨ ᠰᠠᠭᠤᠭᠰᠠᠨ ᠡᠵᠡᠨ ᠮᠢᠨᠤ ᠮᠡᠨᠲᠦ ᠪᠤᠢ ᠊ᠢ᠎ᠠ ᠃ ᠬᠦᠬᠦᠢ ᠬᠠᠨ ᠳ᠋ᠤᠷ ᠵᠣᠷᠢᠬᠰᠠᠨ ᠬᠣᠶᠠᠷ ᠵᠠᠭᠠᠯ ᠳ᠋ᠤᠷ ᠴᠤ᠌ ᠶᠠᠭᠤᠨ ᠪᠢᠯᠡ ᠃ ᠬᠦᠢ ᠶᠡᠬᠡ ᠤᠯᠤᠰ ᠲᠦᠮᠡᠨ ᠶ᠋ᠢᠡᠨ ᠡᠵᠡᠯᠡᠨ ᠰᠠᠭᠤᠭᠰᠠᠨ ᠬᠠᠭᠠᠨ ᠡᠵᠡᠨ ᠮᠢᠨᠦ ᠬᠠᠷᠢᠨ ᠴᠤ᠌ ᠮᠡᠨᠲᠦ ᠪᠤᠢ ᠊ᠢ᠎ᠠ ᠃ ᠠᠯᠲᠠᠢ ᠬᠠᠨ ᠳ᠋ᠤᠷ ᠵᠣᠷᠢᠬᠰᠠᠨ ᠬᠣᠶᠠᠷ ᠵᠠᠭᠠᠯ ᠳ᠋ᠤᠷ ᠴᠤ᠌ ᠶᠠᠭᠤᠨ ᠪᠢᠯᠡ ᠃ ᠠᠷᠪᠠᠨ ᠲᠦᠮᠡᠨ ᠤᠯᠤᠰ ᠶ᠋ᠢᠠᠨ ᠡᠵᠡᠯᠡᠨ ᠰᠠᠭᠤᠭᠰᠠᠨ ᠬᠠᠭᠠᠨ ᠮᠢᠨᠦ ᠬᠠᠷᠢᠨ ᠴᠤ᠌ ᠮᠡᠨᠲᠦ ᠪᠤᠢ ᠊ᠢ᠎ᠠ 》 ᠭᠡᠪᠡ ᠃ ᠲᠡᠲᠦᠢ ᠮᠡᠨᠲᠦ ᠶ᠋ᠢ ᠠᠰᠠᠭᠤᠭᠰᠠᠨ ᠳ᠋ᠤᠷ ᠬᠠᠭᠠᠨ ᠡᠵᠡᠨ ᠪᠠᠶᠠᠰᠴᠤ ᠄ 《 ᠲᠠ ᠬᠣᠶᠠᠷ ᠊ᠢ ᠮᠢᠨᠦ ᠬᠥᠮᠦᠨ ᠤᠨᠤᠪᠠᠤ ? 》 ᠭᠡᠵᠦ ᠠᠰᠠᠭᠤᠪᠠᠰᠤ ᠂ ᠪᠠᠬ᠋᠎ᠠ ᠵᠠᠭᠠᠯ ᠬᠡᠯᠡᠪᠡ ᠄ 《 ᠬᠤᠤᠬᠠᠢ ᠶ᠋ᠢᠨ ᠭᠤᠷᠪᠠᠨ ᠴᠠᠪᠴᠢᠭᠤᠷ ᠬᠣᠯᠠ ᠪᠢᠵᠡ ᠃ ᠭᠣᠲᠣᠯᠲᠤ ᠬᠥᠮᠦᠨ ᠮᠠᠨ ᠊ᠢ ᠶᠠᠭᠠᠬᠢᠵᠤ ᠤᠨᠤᠬᠤ ᠪᠢᠯᠡ ᠃ ᠬᠦᠬᠦᠢ ᠬᠠᠨ ᠭᠡᠭᠴᠢ ᠥᠨᠲᠥᠷ ᠪᠢᠵᠡ ᠃ ᠬᠦᠯᠲᠦ ᠬᠥᠮᠦᠨ ᠮᠠᠨ ᠊ᠢ ᠶᠠᠭᠠᠬᠢᠵᠤ ᠤᠨᠤᠬᠤ ᠪᠢᠯᠡ ᠃ ᠠᠯᠲᠠᠢ ᠬᠠᠨ ᠭᠡᠭᠴᠢ ᠥᠨᠲᠥᠷ ᠪᠢᠵᠡ ᠃ ᠠᠯᠪᠠᠲᠤ ᠬᠥᠮᠦᠨ ᠮᠠᠨ ᠊ᠢ ᠶᠠᠭᠠᠬᠢᠵᠤ ᠪᠠᠷᠢᠨᠠᠮ ᠪᠢᠯᠡ ᠃ ᠠᠷᠪᠠᠨ ᠲᠦᠮᠡᠨ ᠴᠡᠷᠢᠭ ᠦ᠋ᠨ ᠠᠪᠠ ᠪᠡᠷ ᠡᠰᠡ ᠪᠠᠷᠢᠬᠰᠠᠨ ᠮᠠᠨ ᠊ᠢ ᠠᠯᠠᠲᠤ ᠬᠥᠮᠦᠨ ᠶᠠᠭᠠᠬᠢᠵᠤ ᠪᠠᠷᠢᠵᠤ ᠤᠨᠤᠬᠤ ᠪᠢᠯᠡ ᠃ ᠤᠯᠠᠨ ᠶᠡᠬᠡ ᠠᠪᠠ ᠪᠡᠷ ᠪᠠᠷᠢᠨ ᠡᠰᠡ ᠪᠣᠯᠤᠭᠠᠳ ᠂ ᠤᠭᠤᠷᠴᠠᠭ ᠬᠥᠮᠦᠨ ᠮᠠᠨ ᠊ᠢ ᠶᠠᠭᠠᠬᠢᠵᠤ ᠤᠨᠤᠬᠤ ᠪᠢᠯᠡ ᠃ ᠡᠪᠡᠰᠦ ᠪᠣᠯᠪᠠᠰᠤ ᠡᠷᠡᠦ ᠪᠡᠷ ᠂ ᠤᠰᠤ ᠪᠣᠯᠪᠠᠰᠤ ᠤᠷᠤᠭᠤᠯ ᠶ᠋ᠢᠠᠷ ᠠᠲᠠᠯᠢᠬᠠᠨ ᠢᠲᠡᠨ ᠤᠤᠭᠤᠨ ᠠᠲᠠᠯ᠎ᠠ ᠂ ᠬᠡᠨ ᠲᠠᠷᠭᠤᠯᠠᠭᠰᠠᠨ ᠂ ᠬᠡᠨ ᠡᠰᠡ ᠲᠠᠷᠭᠤᠯᠠᠭᠰᠠᠨ ᠊ᠢ ᠬᠡᠨ ᠮᠡᠲᠡᠨᠡᠮ 》 ᠭᠡᠵᠦ ᠭᠣᠲᠣᠯᠢ ᠬᠠᠷᠪᠤᠮᠠ ᠭᠠᠵᠠᠷ ᠰᠦᠭᠥᠷᠡᠨ ᠪᠠᠶ᠋ᠢᠪᠠ ᠃
ᠴᠢᠩᠭᠢᠵᠦ ᠪᠠᠶ᠋ᠢᠬᠤ ᠳ᠋ᠤᠷ ᠂ ᠬᠠᠭᠠᠨ ᠡᠵᠡᠨ 《 ᠬᠣᠶᠠᠷ ᠵᠠᠭᠠᠯ ᠊ᠢ ᠮᠢᠨᠦ ᠪᠠᠷᠢ ᠃ ᠡᠮᠡᠭᠡᠯ ᠊ᠢ ᠮᠢᠨᠦ ᠲᠣᠬᠣ 》 ᠭᠡᠪᠡ ᠃ ᠲᠡᠲᠦᠢ ᠳ᠋ᠦ᠍ᠷ ᠂ ᠶᠡᠬᠡ ᠵᠠᠭᠠᠯ ᠬᠡᠯᠡᠪᠡ ᠄ 《 ᠪᠢᠲᠡ ᠬᠣᠶᠠᠷ ᠊ᠢ ᠪᠠᠷᠢᠬᠤ ᠳ᠋ᠤᠷ ᠶᠠᠭᠤ ᠪᠢᠯᠡ 》 ᠭᠡᠵᠦ ᠬᠡᠯᠡᠭᠡᠳ ᠵᠣᠭᠰᠤᠵᠤ ᠪᠠᠶ᠋ᠢᠭᠠᠳ ᠪᠠᠷᠢᠬᠰᠠᠨ ᠬᠣᠶ᠋ᠢᠨ᠎ᠠ ᠪᠠᠬ᠋᠎ᠠ ᠵᠠᠭᠠᠯ ᠬᠡᠯᠡᠪᠡ ᠄ 《 ᠬᠠᠭᠠᠨ ᠡᠵᠡᠨ ᠮᠠᠨ ᠊ᠢ ᠰᠠᠨᠠᠬᠤᠯ᠎ᠠ ᠨᠠᠢ᠍ᠮᠠᠨ ᠵᠢᠯ ᠬᠤᠷᠯᠠᠭᠠᠳ ᠂ ᠨᠠᠢ᠍ᠮᠠᠨ ᠰᠠᠷ᠎ᠠ ᠬᠠᠭᠰᠠᠬ᠋ᠠ ᠃ ᠡᠰᠡᠪᠡᠰᠦ ᠭᠤᠷᠪᠠᠨ ᠵᠢᠯ ᠬᠣᠷᠯᠠᠭᠠᠳ ᠂ ᠭᠤᠷᠪᠠᠨ ᠰᠠᠷ᠎ᠠ ᠬᠠᠭᠰᠠᠬ᠋ᠠ 》 ᠭᠡᠪᠡ ᠃
ᠲᠡᠲᠦᠢ ᠬᠠᠭᠠᠨ ᠡᠵᠡᠨ ᠶᠡᠬᠡ ᠬᠡᠩᠭᠡᠷᠭᠡ ᠪᠠᠨ ᠳᠡᠯᠡᠳᠴᠦ ᠂ ᠶᠡᠬᠡ ᠲᠦᠮᠡᠨ ᠤᠯᠤᠰ ᠶ᠋ᠢᠠᠨ ᠬᠤᠷᠢᠶᠠᠪᠠ ᠃ ᠪᠠᠬ᠋᠎ᠠ ᠬᠡᠩᠭᠡᠷᠭᠡ ᠪᠠᠨ ᠳᠡᠯᠡᠳᠴᠦ ᠪᠠᠬ᠋᠎ᠠ ᠲᠦᠮᠡᠨ ᠤᠯᠤᠰ ᠶ᠋ᠢᠠᠨ ᠬᠤᠷᠢᠶᠠᠪᠠ ᠃ 《 ᠬᠣᠯᠠ ᠭᠠᠵᠠᠷ ᠣᠲᠤᠭᠰᠠᠨ ᠬᠣᠶᠠᠷ ᠵᠠᠭᠠᠯ ᠮᠢᠨᠦ ᠢᠷᠡᠪᠡ ᠃ ᠬᠣᠲᠠᠯᠠ ᠶᠢᠰᠦᠨ ᠬᠦᠰᠡᠯ ᠮᠢᠨᠦ ᠬᠠᠨᠪᠠ 》 ᠬᠡᠮᠡᠨ ᠬᠣᠶᠠᠷ ᠵᠠᠭᠠᠯ ᠦ᠋ᠨ ᠢᠷᠡᠭᠰᠡᠨ ᠤᠴᠢᠷ ᠲᠤ ᠨᠣᠶᠠᠳ ᠶᠡᠬᠡᠰ ᠲᠤ ᠪᠡᠨ ᠭᠤᠷᠪᠠᠨ ᠡᠲᠦᠷ ᠦ᠋ᠨ ᠶᠡᠬᠡ ᠬᠣᠷᠢᠮ ᠲᠠᠯᠪᠢᠪᠠ ᠃ ᠶᠡᠬᠡ ᠵᠠᠭᠠᠯ ᠊ᠢ ᠰᠡᠲᠡᠷᠯᠡᠵᠦ ᠣᠩᠭᠣᠯᠠᠪᠠ ᠃ ᠪᠠᠬ᠋᠎ᠠ ᠵᠠᠭᠠᠯ ᠊ᠢ ᠡᠲᠦᠵᠦ ᠭᠠᠵᠠᠷᠯᠠᠪᠠ ᠭᠡᠵᠦ ᠡᠵᠡᠨ ᠪᠠᠬᠠᠨ ᠠᠭᠤᠷᠯᠠᠭᠰᠠᠨ ᠠᠵᠤᠭᠤ ᠃ ᠨᠠᠭᠤᠷ ᠳᠠᠯᠠᠢ ᠮᠡᠲᠦ ᠬᠣᠷᠢᠮ ᠬᠢᠪᠡ ᠃ ᠲᠡᠲᠦᠢ ᠪᠣᠭᠲᠠ ᠬᠣᠶᠠᠷ ᠵᠠᠭᠠᠯ ᠶ᠋ᠢᠠᠨ ᠬᠠᠶ᠋ᠢᠷᠠᠯᠠᠪᠠ ᠃ ᠨᠠᠢ᠍ᠮᠠᠨ ᠵᠢᠯ ᠬᠤᠷᠯᠠᠭᠤᠯᠪᠠ ᠃ ᠨᠠᠢ᠍ᠮᠠᠨ ᠰᠠᠷ᠎ᠠ ᠬᠠᠭᠰᠠᠭᠠᠭᠠᠳ᠂ ᠨᠠᠮᠤᠷ ᠦ᠋ᠨ ᠲᠡᠷᠢᠭᠦᠨ ᠰᠠᠷ᠎ᠠ ᠳ᠋ᠤᠷ ᠠᠪᠠᠨ ᠳ᠋ᠤᠷ ᠮᠣᠷᠲᠠᠵᠤ ᠂ ᠠᠯᠲᠠᠢ ᠬᠠᠨ ᠂ ᠬᠦᠬᠦᠢ ᠬᠠᠨ ᠬᠣᠶᠠᠷ ᠲᠤ ᠠᠪᠠ ᠲᠠᠯᠪᠢᠪᠠ ᠃ ᠠᠷᠭᠠᠯᠢ ᠤᠭᠠᠯᠵᠠ ᠨᠡᠷᠡᠲᠦ ᠭᠥᠷᠥᠭᠡᠰᠦᠨ ᠊ᠢ ᠳᠥᠭᠥᠭᠡᠷᠦᠨ ᠭᠠᠷᠪᠠ ᠃ ᠠᠷᠤ ᠥᠪᠥᠷ ᠦᠭᠡᠢ ᠠᠷᠭᠠᠯᠢ ᠤᠭᠠᠯᠵᠠ ᠶ᠋ᠢ ᠤᠨᠠᠭᠠᠪᠠ ᠃ ᠠᠷᠪᠠᠨ ᠲᠦᠮᠡᠨ ᠬᠥᠮᠦᠨ ᠭᠠᠶ᠋ᠢᠬᠠᠨ ᠮᠠᠬᠲᠠᠪᠠ ᠃ ᠠᠯᠢᠪᠠ ᠠᠪᠠᠴᠢᠨ ᠳ᠋ᠦ᠍ᠷ ᠭᠠᠶ᠋ᠢᠬᠠᠮᠰᠢᠬ ᠪᠣᠯᠪᠠ ᠃ ᠠᠴᠢᠲᠤ ᠡᠵᠡᠨ ᠪ ᠬᠣᠶᠠᠷ ᠵᠠᠭᠠᠯ ᠦ᠋ᠨ ᠠᠯᠲᠠᠷ ᠨᠡᠷ᠎ᠡ ᠳᠠᠭᠤᠷᠢᠰᠪᠠ ᠃
ᠭᠤᠷᠪᠠᠨ ᠵᠢᠯ ᠦ᠋ᠨ ᠳᠡᠭᠡᠳᠦ ᠵᠡᠷᠭᠡ ᠶ᠋ᠢᠨ ᠳᠤᠮᠳᠠᠳᠤ ᠰᠤᠷᠭᠠᠭᠤᠯᠢ ᠳᠤ ᠦᠵᠡᠬᠦ
( ᠬᠡᠯᠡ ᠪᠢᠴᠢᠭ ) — ᠨᠢᠭᠡᠲᠦᠭᠡᠷ ᠳᠡᠪᠲᠡᠷ ᠡᠴᠡ ᠬᠠᠭᠤᠯᠪᠠ ᠃
1991 ᠤᠨ ᠪ6 ᠰᠠᠷ᠎ᠠ ᠳᠤ ᠠᠩᠬᠠᠲᠤᠭᠠᠷ ᠬᠡᠪ ᠊ᠢ ᠬᠢᠪᠡ ᠃
ᠥᠪᠥᠷ ᠮᠣᠩᠭᠣᠯ ᠦ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠶ᠋ᠢᠷᠠᠭᠤᠯᠤᠨ ᠬᠡᠪᠯᠡᠭᠦᠯᠪᠡ ᠃
ᠦᠰᠦᠭ ᠠᠮᠢᠯᠠᠭᠤᠯᠤᠭᠴᠢ ᠄ ᠪᠣᠣ ᠴᠢᠩ ᠬᠤ᠌
ᠬᠢᠨᠠᠭᠴᠢ ᠄ ᠮᠥᠴᠢᠷ ᠪᠠᠭᠰᠢ
