ᠠᠷᠪᠠᠨ ᠭᠤᠷᠪᠠᠳᠤᠭᠠᠷ ᠵᠠᠭᠤᠨ – ᠭ ᠂ ᠴᠢᠩᠪᠠᠭᠠᠲᠤᠷ Арван гуравдугаар зуун  –  Г ᠂ Чинбаатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠪᠠᠨ ᠭᠤᠷᠪᠠᠳᠤᠭᠠᠷ ᠵᠠᠭᠤᠨ – ᠭ ᠂ ᠴᠢᠩᠪᠠᠭᠠᠲᠤᠷ Арван гуравдугаар зуун  –  Г ᠂ Чинбаатар

ᠠᠷᠪᠠᠨ ᠭᠤᠷᠪᠠᠳᠤᠭᠠᠷ ᠵᠠᠭᠤᠨ – ᠭ ᠂ ᠴᠢᠩᠪᠠᠭᠠᠲᠤᠷ Арван гуравдугаар зуун  –  Г ᠂ Чинбаатар

2023-03-13

312

ᠠᠷᠪᠠᠨ ᠭᠤᠷᠪᠠᠳᠤᠭᠠᠷ ᠵᠠᠭᠤᠨ


     ᠭ ᠂ ᠴᠢᠩᠪᠠᠭᠠᠲᠤᠷ

ᠲᠡᠷᠡ  ᠵᠠᠭᠤᠨ
ᠲᠡᠮᠦᠵᠢᠨ ᠪ ᠵᠠᠭᠤᠨ ᠪᠠᠶ᠋ᠢᠪᠠ
ᠲᠡᠷᠯᠢᠭ ᠲᠡᠢ ᠵᠠᠭᠤᠨ ᠪᠠᠶ᠋ᠢᠪᠠ
ᠲᠡᠭᠷᠢ ᠬᠥᠪ ᠬᠥᠬᠡ ᠵᠠᠭᠤᠨ ᠪᠠᠶ᠋ᠢᠪᠠ
ᠳᠡᠭᠡᠪᠦᠷ ᠲᠤᠭᠤᠷᠭ᠎ᠠ ᠲᠠᠢ
ᠳᠡᠭᠡᠷ᠎ᠡ ᠪᠡᠨ ᠲᠣᠭᠣᠨᠣ ᠲᠠᠢ ᠵᠠᠭᠤᠨ ᠪᠠᠶ᠋ᠢᠪᠠ
ᠲᠩᠷᠢᠯᠢᠭ ᠬᠠᠷ᠎ᠠ ᠰᠦᠯᠳᠡ ᠶ᠋ᠢᠨ ᠳᠣᠣᠷ᠎ᠠ
ᠳᠡᠯᠡᠬᠡᠢ ᠭᠠᠭᠴᠠᠬᠠᠨ ᠠᠳᠬᠤ ᠪᠣᠯᠤᠭᠰᠠᠨ ᠵᠠᠭᠤᠨ ᠪᠠᠶ᠋ᠢᠪᠠ
ᠠᠷᠪᠠᠨ ᠭᠤᠷᠪᠠᠳᠤᠭᠠᠷ ᠵᠠᠭᠤᠨ
ᠠᠭᠠᠭ ᠲᠠᠢ ᠵᠡᠪᠰᠡᠭ ᠦ᠋ᠨ ᠢᠷ ᠳᠡᠭᠡᠷ᠎ᠡ
ᠪᠤᠴᠠᠯᠤᠭᠰᠠᠨ ᠵᠠᠭᠤᠨ ᠪᠠᠶ᠋ᠢᠪᠠ
ᠠᠭᠲᠠ ᠶ᠋ᠢᠨ ᠲᠤᠭᠤᠷᠠᠢ ᠶ᠋ᠢᠨ ᠲᠠᠮᠠᠭ᠎ᠠ ᠲᠠᠢ ᠵᠠᠭᠤᠨ ᠪᠠᠶ᠋ᠢᠪᠠ
ᠠᠲ᠋ᠣᠮ ᠦ᠋ᠨ ᠪᠥᠮᠪᠥᠭᠡ ᠥᠬᠡᠢ ᠵᠠᠭᠤᠨ ᠪᠠᠶ᠋ᠢᠪᠠ
ᠠᠯᠲᠠᠨ ᠳᠡᠯᠡᠬᠡᠢ ᠪᠡᠨ ᠪᠤᠵᠠᠷᠯᠠᠭ᠎ᠠ ᠥᠬᠡᠢ ᠵᠠᠭᠤᠨ ᠪᠠᠶ᠋ᠢᠪᠠ
ᠲᠡᠷᠡ ᠵᠠᠭᠤᠨ
ᠪᠦᠯᠢᠶᠡᠨ ᠨᠣᠷᠮ᠎ᠠ ᠲᠠᠢ  ᠮᠠᠨᠠᠭᠲᠠᠭᠰᠠᠨ ᠭᠠᠯ ᠦ᠋ᠨ ᠵᠠᠭᠤᠨ ᠪᠠᠶ᠋ᠢᠪᠠ
ᠪᠥᠮᠪᠥᠷᠴᠡᠭ ᠎ ᠊ᠢ ᠴᠡᠴᠡᠷᠡᠭᠦᠯᠦᠭᠰᠡᠨ ᠪᠠᠭᠠᠲᠤᠷᠴᠤᠳ ᠦ᠋ᠨ ᠵᠠᠭᠤᠨ ᠪᠠᠶ᠋ᠢᠪᠠ
ᠬᠡᠵᠢᠶ᠎ᠡ ᠨᠢᠭᠡᠨ ᠡᠳᠦᠷ ᠳᠡᠯᠪᠡᠷᠡᠬᠦ ᠭᠠᠯᠲᠤ ᠠᠭᠤᠯᠠ ᠶᠤᠮ ‍ᠤᠤ ᠭᠡᠵᠦ
ᠬᠡᠨ ᠪᠦᠬᠦᠨ ᠎ ᠊ᠢ ᠲᠦᠭᠰᠢᠭᠦᠯᠦᠭᠰᠡᠨ ᠮᠥᠩᠬᠡ ᠶ᠋ᠢᠨ ᠵᠠᠭᠤᠨ ᠪᠠᠶ᠋ᠢᠪᠠ
ᠠᠷᠪᠠᠨ ᠭᠤᠷᠪᠠᠳᠤᠭᠠᠷ ᠵᠠᠭᠤᠨ
ᠥᠭᠡᠯᠦᠨ ᠡᠬᠡ ᠡᠴᠡ ᠮᠡᠨᠳᠦᠯᠡᠭᠰᠡᠨ ᠵᠠᠭᠤᠨ ᠪᠠᠶ᠋ᠢᠪᠠ
ᠥᠭᠡᠷ᠎ᠡ ᠬᠡᠨ ᠪ ᠴᠦ᠍ ᠪᠢᠰᠢ
ᠮᠣᠩᠭᠣᠯ ᠦ᠋ᠨ ᠵᠠᠭᠤᠨ ᠪᠠᠶ᠋ᠢᠪᠠ

       ᠦᠰᠦᠭ ᠠᠮᠢᠯᠠᠭᠤᠯᠤᠭᠴᠢ ᠄  ᠿᠦᠩ ᠰᠢ
           ᠬᠢᠨᠠᠭᠴᠢ ᠄   ᠮᠥᠴᠢᠷ ᠪᠠᠭ᠌ᠰᠢ