ᠦᠨᠡᠭᠡ ᠴᠢᠨᠣ᠎ᠠ ᠬᠣᠶᠠᠷ Үнэг чоно хоёр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠨᠡᠭᠡ ᠴᠢᠨᠣ᠎ᠠ ᠬᠣᠶᠠᠷ Үнэг чоно хоёр

ᠦᠨᠡᠭᠡ ᠴᠢᠨᠣ᠎ᠠ ᠬᠣᠶᠠᠷ Үнэг чоно хоёр

ᠠᠩᠭᠢᠯᠠᠯ:ᠳᠣᠮᠣᠭ ᠦᠯᠢᠭᠡᠷ
2023-03-13

380

ᠦᠨᠡᠭᠡ ᠴᠢᠨᠣ᠎ᠠ ᠬᠣᠶᠠᠷ



     ᠦᠨᠡᠭᠡ ᠴᠢᠨᠣ᠎ᠠ ᠬᠣᠶᠠᠷ ᠬᠠᠮᠲᠤ ᠶᠠᠪᠤᠵᠤ ᠪᠠᠶ᠋ᠢᠭᠠᠳ ᠬᠦᠵᠡᠭᠡ ᠰᠢᠷ᠎ᠠ ᠲᠣᠰᠣ ᠣᠯᠵᠠᠢ ᠃ ᠡᠨᠡ ᠲᠣᠰᠣ ᠶ᠋ᠢ ᠬᠣᠶᠠᠭᠤᠯᠠ ᠲᠡᠭᠰᠢ ᠬᠤᠪᠢᠶᠠᠵᠤ ᠢᠲᠡᠬᠦ ᠶ᠋ᠢ ᠵᠠᠪᠲᠤᠵᠤ ᠪᠠᠶ᠋ᠢᠲᠠᠯ᠎ᠠ ᠦᠨᠡᠭᠡ ᠄
 — ᠡᠨᠡ ᠲᠣᠰᠣ ᠶ᠋ᠢ ᠡᠨᠲᠡ ᠢᠲᠡᠬᠦ  ᠳᠤ ᠵᠣᠬᠢᠰ ᠦᠭᠡᠢ ᠂ ᠬᠥᠮᠦᠨ ᠶᠠᠪᠤᠨ᠎ᠠ ᠃ ᠬᠠᠷᠢᠨ ᠥᠨᠲᠥᠷ ᠠᠭᠤᠯᠠ ᠶ᠋ᠢᠨ ᠣᠷᠣᠢ ᠳᠡᠭᠡᠷ᠎ᠡ ᠭᠠᠷᠴᠤ ᠢᠲᠡᠶ᠎ᠡ ᠂ ᠴᠢ ᠠᠪᠴᠤ ᠶᠠᠪᠤ ᠭᠡᠪᠡ ᠃
 ᠢᠩᠭᠢᠭᠡᠳ ᠬᠣᠶᠠᠭᠤᠯᠠ ᠥᠨᠲᠥᠷ ᠠᠭᠤᠯᠠ ᠶ᠋ᠢᠨ ᠣᠷᠣᠢ  ᠳᠤ ᠭᠠᠷᠪᠠ ᠃ ᠭᠡᠲᠡᠯ᠎ᠡ ᠦᠨᠡᠭᠡ ᠄
 — ᠡᠨᠡ ᠲᠣᠰᠣ ᠶ᠋ᠢ ᠬᠤᠪᠢᠶᠠᠵᠤ ᠢᠳᠡᠭᠰᠡᠨ ᠪ  ᠬᠡᠷᠡᠭ ᠦᠭᠡᠢ ᠂ ᠨᠢᠭᠡ ᠨᠢ ᠢᠲᠡᠪᠡᠯ ᠵᠣᠬᠢᠨ᠎ᠠ ᠭᠡᠯ᠎ᠡ ᠃ ᠴᠢᠨᠣ᠎ᠠ ᠄
 — ᠬᠡᠨ ᠮᠠᠨᠢ ᠢᠲᠡᠬᠦ ᠪᠤᠢ ? ᠭᠡᠬᠦ  ᠳᠤ ᠦᠨᠡᠭᠡ ᠄
 — ᠬᠡᠨ ᠠᠬ᠎ᠠ ᠨᠠᠰᠤᠲᠠᠢ ᠮᠠᠨᠢ ᠢᠲᠡᠪᠡᠯ ᠲᠠᠭᠠᠷᠠᠨ᠎ᠠ ᠂ ᠴᠢ ᠬᠡᠲᠤᠨ ᠨᠠᠰᠤᠲᠠᠢ ᠪᠤᠢ ? ᠭᠡᠵᠦ ᠠᠰᠠᠭᠤᠯ᠎ᠠ ᠃
 ᠴᠢᠨᠣ᠎ᠠ ᠦᠨᠡᠭᠡ ᠶ᠋ᠢ ᠮᠡᠬᠡᠯᠡᠵᠦ ᠥᠨᠥᠬᠢ ᠲᠣᠰᠣ ᠶ᠋ᠢ ᠢᠲᠡᠬᠦ ᠶ᠋ᠢᠨ ᠲᠣᠯᠠᠲᠠ ᠄
 — ᠨᠠᠮᠠᠢ᠍ᠢ ᠪᠠᠬ᠋᠎ᠠ ᠪᠠᠶ᠋ᠢᠬᠤ  ᠳᠤ ᠰᠦᠮᠪᠦᠷ ᠠᠭᠤᠯᠠ ᠳᠣᠪᠣ  ᠰᠢᠭ᠋᠂ ᠰᠦᠨ ᠳᠠᠯᠠᠢ ᠱᠠᠯᠪᠠᠭ  ᠰᠢᠭ᠋ ᠪᠠᠶ᠋ᠢᠬᠰᠠᠨ ᠪᠢᠯᠡ ᠭᠡᠬᠦ  ᠳᠤ ᠦᠨᠡᠭᠡ ᠤᠴᠢᠷ ᠵᠦᠭ ᠦᠭᠡᠢ ᠤᠬᠢᠯᠠᠯ᠎ᠠ ᠃ ᠴᠢᠨᠣ᠎ᠠ ᠳᠣᠲᠣᠷ᠎ᠠ ᠪᠠᠨ 《 ᠰᠢᠷ᠎ᠠ ᠭᠠᠶ᠋ᠢᠬᠠᠯ ᠴᠢᠮᠠᠢ ᠶ᠋ᠢ ᠴᠤ᠌ ᠨᠢᠭᠡ ᠮᠡᠬᠡᠯᠡᠯ᠎ᠡ ᠳ᠋ᠠ ᠃ ᠣᠲᠣ ᠤᠬᠢᠯᠠᠭᠰᠠᠨ  ᠴᠤ᠌ ᠤᠬᠢᠯᠠᠭᠰᠠᠨ ᠦᠭᠡᠢ  ᠴᠤ᠌ ᠲᠣᠰᠣ ᠮᠢᠨᠦᠬᠢ ᠪᠣᠯᠤᠯ᠎ᠠ ᠳ᠋ᠠ 》 ᠭᠡᠵᠦ ᠪᠣᠲᠣᠭᠠᠳ ᠄
 — ᠴᠢ ᠶᠠᠭᠤᠨ  ᠳᠤ ᠣᠬᠢᠯᠠᠬ᠋᠎ᠠ ᠪᠤᠢ ᠭᠡᠬᠦ  ᠳᠤ ᠦᠨᠡᠭᠡ ᠄
 — ᠨᠠᠲᠠ  ᠳᠤ ᠭᠤᠷᠪᠠᠨ ᠵᠤᠯᠵᠠᠬ᠋᠎ᠠ ᠪᠤᠢ ᠃ ᠬᠠᠮᠤᠭ ᠦ᠋ᠨ ᠪᠠᠬ᠋᠎ᠠ ᠨᠢ ᠴᠢᠮ᠎ᠠ ᠲᠠᠢ ᠰᠠᠴᠠᠭᠤ ᠶᠤᠮ ᠪᠠᠶ᠋ᠢᠨ᠎ᠠ ᠃ ᠲᠡᠭᠡᠭᠡᠳ ᠰᠡᠤᠠᠬᠢᠯ ᠤᠶᠠᠷᠠᠯ᠎ᠠ ᠭᠡᠬᠦ  ᠳᠤ ᠴᠢᠨᠣ᠎ᠠ ᠲᠡᠭᠦᠨ ᠊ᠢ ᠰᠣᠨᠣᠰᠴᠤ ᠶᠡᠬᠡᠯ᠎ᠡ ᠢᠴᠢᠭᠡᠳ ᠦᠯᠦᠨ ᠬᠣᠭᠣᠰᠣᠨ ᠬᠣᠩᠬᠣᠯᠵᠠᠭᠰᠠᠭᠠᠷ ᠬᠣᠩᠭᠢᠯ ᠳ᠋ᠠᠭᠠᠨ ᠪᠤᠴᠠᠬᠤ  ᠳᠤ  ᠦᠨᠡᠭᠡ ᠲᠣᠰᠣ ᠶ᠋ᠢ ᠭᠠᠭᠴᠠᠭᠠᠷ ᠶ᠋ᠢᠠᠨ ᠴᠠᠤᠠᠲᠠᠯ᠎ᠠ ᠪᠠᠨ ᠢᠲᠡᠵᠡᠢ ᠃
 
      《 ᠮᠣᠩᠭᠣᠯ ᠠᠷᠠᠳ ᠦ᠋ᠨ ᠠᠮᠠᠨ ᠵᠣᠬᠢᠶᠠᠯ ᠦ᠋ᠨ ᠳᠡᠭᠡᠵᠢ  ᠪᠢᠴᠢᠭ 》 ᠡᠴᠡ ᠰᠣᠩᠭᠣᠪᠠ
              ᠦᠰᠦᠭ ᠠᠮᠢᠯᠠᠭᠤᠯᠤᠭᠴᠢ ᠄ ᠰᠢᠯᠤᠭᠤᠨ