ᠲᠣᠬᠤᠨᠲᠡᠮᠦᠷ ᠤᠬᠠᠭᠠᠨᠲᠤ ᠬᠠᠭᠠᠨ (1) - ᠬᠦᠴᠢᠬᠡᠨ Тохонтөмөр ухаант хаан(1) - Хүчхэн ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠬᠤᠨᠲᠡᠮᠦᠷ ᠤᠬᠠᠭᠠᠨᠲᠤ ᠬᠠᠭᠠᠨ (1) - ᠬᠦᠴᠢᠬᠡᠨ Тохонтөмөр ухаант хаан(1) - Хүчхэн

ᠲᠣᠬᠤᠨᠲᠡᠮᠦᠷ ᠤᠬᠠᠭᠠᠨᠲᠤ ᠬᠠᠭᠠᠨ (1) - ᠬᠦᠴᠢᠬᠡᠨ Тохонтөмөр ухаант хаан(1) - Хүчхэн

ᠠᠩᠭᠢᠯᠠᠯ:ᠲᠡᠦᠬᠡ ᠰᠣᠶᠣᠯ
2023-03-13

357

ᠲᠣᠬᠤᠨᠲᠡᠮᠦᠷ ᠤᠬᠠᠭᠠᠨᠲᠤ ᠬᠠᠭᠠᠨ - 1


 ᠬᠠᠭᠤᠲᠠᠰᠤ ᠨᠡᠭᠡᠭᠡᠬᠦ ᠰᠢᠯᠦᠭᠯᠡᠯ

ᠠᠯᠲᠠᠨ ᠨᠠᠷᠠᠨ ᠊ᠢ ᠠᠷᠭᠠᠮᠵᠢᠨ᠎ᠠ ᠭᠡᠬᠦ ᠨᠢ
    ᠠᠷᠲᠠᠭ ᠡᠷ᠎ᠡ ᠶ᠋ᠢᠨ ᠳᠡᠮᠡᠶ᠋ᠢᠷᠡᠯ ᠪᠢᠵᠡ ?
ᠠᠯᠲᠠᠭᠰᠠᠨ ᠲᠦᠷᠦ ᠶ᠋ᠢ ᠰᠠᠬᠢᠨ᠎ᠠ ᠭᠡᠬᠦ ᠨᠢ
    ᠥᠩᠭᠡᠷᠡᠭᠰᠡᠨ ᠬᠠᠭᠠᠳ ᠦ᠋ᠨ ᠭᠣᠷᠢᠲᠠᠯ ᠪᠢᠵᠡ ?
ᠠᠷᠪᠠᠨ ᠲᠦᠮᠡᠨ ᠮᠣᠩᠭᠣᠯ ᠶ᠋ᠢᠠᠨ ᠠᠪᠤᠭᠠᠳ
    ᠠᠭᠤᠷᠠᠭ ᠣᠷᠣᠨ  ᠳᠤ ᠪᠠᠨ ᠪᠣᠴᠠᠭᠰᠠᠨ ᠨᠢ
ᠠᠨᠠᠪᠡᠳ ᠳᠠᠯᠠᠢ ᠶ᠋ᠢᠨ ᠤᠰᠤ ᠪᠠᠷ ᠤᠬᠢᠶᠠᠪᠠᠴᠤ
     ᠠᠷᠢᠯᠤᠰᠢ ᠦᠭᠡᠢ ᠭᠡᠮᠰᠢᠯ ᠭᠡᠵᠢ ‍ᠦᠦ ?

ᠠᠩᠬᠠᠨ ᠪ ᠲᠩᠷᠢ ᠲᠠᠶ᠋ᠢᠶᠤᠸᠠᠨ ᠤᠯᠤᠰ ᠊ᠢ
     ᠮᠥᠬᠥᠯ ᠡᠴᠡ ᠠᠪᠤᠷᠠᠬᠤ ᠶ᠋ᠢᠨ ᠲᠥᠯᠥᠭᠡ
ᠠᠯᠢᠪᠠ ᠭᠣᠲᠤᠮᠰᠢᠬ ᠊ᠢ ᠪᠡᠶ᠎ᠡ  ᠳᠤ ᠪᠡᠨ ᠬᠦᠯᠢᠶᠡᠵᠦ
    ᠲᠠᠶ᠋ᠢᠲᠦ ᠬᠣᠲᠠ ᠠ᠋ᠴᠠ ᠵᠠᠶ᠋ᠢᠯᠠᠭᠰᠠᠨ
ᠠᠯᠤᠰ ᠦ᠋ᠨ ᠪᠣᠲᠤᠯᠬ᠋᠎ᠠ ᠮᠡᠷᠭᠡᠨ ᠤᠬᠠᠭᠠᠨ ᠊ᠢ
      ᠬᠡᠨ ᠢᠯᠭᠠᠨ ᠦᠬᠦᠯᠡᠨᠡᠮ 
ᠠᠨᠢᠪᠠᠯᠵᠠᠨ ᠬᠠᠷᠠᠭᠲᠠᠬᠤ ᠣᠲᠣᠨ ᠮᠡᠴᠢᠳ
      ᠭᠡᠷᠡᠴᠢ ᠪᠣᠯᠬᠤ ᠪᠣᠯᠲᠤᠭᠠᠢ !

      ᠨᠢᠭᠡᠲᠦᠭᠡᠷ ᠪᠦᠯᠦᠭ

ᠲᠥᠷᠥᠯ ᠦ᠋ᠨ ᠨᠣᠶᠠᠳ ᠣᠷᠣ  ᠪᠣᠯᠢᠶᠠᠯᠲᠤᠭᠠᠳ ᠬᠬᠢᠪ ᠦ᠋ᠨ ᠵᠠᠩᠭᠢᠶ᠎ᠠ ᠠᠯᠲᠠᠷᠠᠪᠠᠢ 
ᠲᠡᠷᠢᠭᠦᠯᠡᠭᠰᠡᠨ ᠰᠠᠶ᠋ᠢᠳ ᠡᠷᠬᠡ ᠬᠤᠯᠠᠭᠠᠶ᠋ᠢᠯᠠᠭᠠᠳ ᠬᠠᠭᠠᠨ ᠪ ᠵᠠᠰᠠᠭ ᠰᠤᠯᠠᠷᠠᠪᠠᠢ

    ᠦᠭᠦᠯᠡᠬᠦ ᠢᠨᠦ ᠂ ᠡᠮᠦᠨᠡᠲᠦ ᠰᠦᠩ ᠤᠯᠤᠰ ᠦ᠋ᠨ ᠪᠢᠴᠢᠬᠠᠨ ᠡᠵᠡᠨ ᠵᠣᠣ ᠰᠢᠶᠠᠨ ᠊ᠢ ᠣᠯᠵᠠᠯᠠᠨ ᠱᠠᠩᠲᠤ ᠬᠣᠲᠠᠨ ᠎ᠳ᠋ᠦ᠍ᠷ ᠠᠪᠴᠢᠷᠠᠭᠠᠳ ᠬᠣᠪᠢᠯᠠᠢ ᠰᠡᠴᠡᠨ ᠬᠠᠭᠠᠨ᠎ᠠ ᠪᠠᠷᠠᠲᠠᠭᠤᠯᠬᠤᠢ ᠎ᠳ᠋ᠦ᠍ᠷ ᠬᠣᠩᠭᠢᠷᠠᠳ ᠦ᠋ᠨ ᠴᠢᠮᠪᠠᠢ ᠬᠠᠲᠤᠨ ᠰᠡᠭᠦᠷᠡᠰᠦᠨ ᠠᠯᠲᠠᠨ ᠦᠭᠦᠯᠡᠭᠰᠡᠨ ᠢᠨᠦ ᠄ 《 ᠪᠢ ᠪᠡᠷ ᠰᠣᠨᠤᠰᠪᠠᠰᠦ ᠡᠷᠲᠡᠨ ᠡᠴᠡ ᠢᠨᠠᠭᠰᠢ ᠮᠢᠩᠭᠠᠨ ᠵᠢᠯ ᠪᠣᠯᠲᠠᠯ᠎ᠠ ᠵᠢᠷᠭᠠᠬᠤ ᠤᠯᠤᠰ ᠴᠤᠬᠠᠭ ᠬᠡᠮᠡᠮᠣᠢ ᠃ ᠮᠢᠨᠦ ᠠᠴᠢ ᠦᠷ᠎ᠡ ᠬᠣᠶ᠋ᠢᠲᠤ ᠦᠶ᠎ᠡ ᠎ᠳ᠋ᠦ᠍ᠷ ᠡᠨᠡ ᠮᠡᠲᠦ ᠪᠣᠯᠤᠭᠤᠵᠠᠢ ᠬᠡᠮᠡᠨ ᠡᠮᠢᠶᠡᠮᠦᠢ 》 ᠬᠡᠮᠡᠪᠡᠢ ᠃
    ᠬᠣᠪᠢᠯᠠᠢ ᠰᠡᠴᠡᠨ ᠬᠠᠭᠠᠨ ᠡᠰᠢ ᠬᠠᠲᠤᠨ ᠪ ᠡᠨᠡ ᠦᠭᠡ ᠶ᠋ᠢ ᠰᠣᠨᠤᠰᠤᠭᠠᠳ ᠰᠡᠤᠠᠬᠢᠯ ᠶᠡᠬᠡᠲᠡ ᠰᠢᠨᠠᠯᠤᠨ ᠪᠣᠲᠤᠯᠬ᠋᠎ᠠ ᠪᠣᠯᠤᠭᠰᠠᠨ ᠪᠦᠯᠦᠭᠡ ᠃ ᠲᠡᠨᠲᠡᠴᠡ ᠨᠢᠭᠡᠨ ᠡᠲᠦᠷ  ᠲᠡᠷᠢᠭᠦᠯᠡᠭᠰᠡᠨ ᠰᠠᠶ᠋ᠢᠳ ᠪᠦᠭᠡᠳ ᠤᠯᠤᠰ ᠲᠥᠷᠥ ᠶ᠋ᠢᠨ ᠵᠦᠪᠯᠡᠭᠴᠢ ᠯᠢᠦ ᠪᠢᠩ ᠵᠦᠩ ᠊ᠢ ᠳᠠᠭᠤᠳᠠᠨ ᠢᠷᠡᠭᠦᠯᠵᠦ ᠠᠰᠠᠭᠤᠭᠰᠠᠨ ᠠᠨᠤ ᠄ 《 ᠮᠡᠷᠭᠡᠨ ᠰᠠᠶ᠋ᠢᠳ ᠴᠢᠨᠦ ᠦᠵᠡᠬᠦ ᠪᠡᠷ ᠮᠠᠨ ᠪ ᠤᠯᠤᠰ ᠢᠷᠡᠭᠡᠲᠦᠢ ᠴᠠᠭ ᠬᠡᠨ ᠪ ᠭᠠᠷ ᠲᠤᠷ ᠮᠦᠬᠦᠮᠦᠢ ? 》 ᠬᠡᠮᠡᠪᠡᠰᠦ ᠂ ᠯᠢᠦ ᠪᠢᠩ ᠵᠦᠩ ᠬᠣᠶᠠᠷ ᠨᠢᠲᠦ ᠶ᠋ᠢ ᠲᠠᠭ ᠠᠨᠢᠵᠤ ᠠᠯᠠᠬ᠋᠎ᠠ ᠪᠠᠨ ᠬᠠᠮᠲᠤᠤᠠᠬᠠᠭᠠᠳ ᠵᠠᠯᠪᠠᠷᠢᠨ ᠦᠭᠦᠯᠡᠷᠦᠨ ᠄ 《 ᠥᠷᠦᠨ᠎ᠡ ᠶ᠋ᠢᠨ ᠬᠥᠮᠦᠨ ᠪ ᠭᠠᠷ ᠲᠤᠷ ᠮᠦᠬᠦᠮᠦᠢ 》 ᠬᠡᠮᠡᠵᠦᠬᠦᠢ ᠃
    ᠬᠣᠪᠢᠯᠠᠢ ᠰᠡᠴᠡᠨ ᠬᠠᠭᠠᠨ ᠪᠡᠷ ᠯᠢᠦ ᠪᠢᠩ ᠵᠦᠩ ᠦ᠋ᠨ ᠬᠡᠯᠡᠭᠰᠡᠨ ᠦᠭᠡᠨ ᠪ ᠨᠠᠷᠢᠨ ᠳᠠᠯᠳᠠ ᠤᠤᠠᠬ᠎ᠠ ᠶ᠋ᠢ ᠣᠯᠵᠤ ᠶᠠᠲᠠᠨ  ᠄ 《 ᠮᠡᠷᠭᠡᠨ ᠰᠠᠶ᠋ᠢᠳ ᠲᠠᠶ᠋ᠢᠯᠪᠦᠷᠢᠯᠡᠨ ᠦᠭᠦᠯᠡᠬᠦ ᠠᠵᠢᠶᠠᠮᠤ ? 》  ᠬᠡᠮᠡᠭᠰᠡᠨᠨ᠎ᠡ ᠯᠢᠦ ᠪᠢᠩ ᠵᠦᠩ ᠲᠡᠷᠢᠭᠦᠨ ᠊ᠢ ᠰᠠᠵᠢᠵᠤ ᠄ 《 ᠲᠩᠷᠢ ᠶ᠋ᠢᠨ ᠨᠢᠭᠤᠴᠠ ᠶ᠋ᠢ ᠵᠠᠲᠠᠷᠠᠭᠤᠯᠵᠤ ᠦᠯᠦ ᠪᠣᠯᠬᠤ ᠠᠲᠠᠯ᠎ᠠ ᠡᠲᠦᠭᠡ ᠪᠢ ᠪᠡᠷ ᠵᠠᠲᠠᠷᠠᠭᠤᠯᠪᠠ 》 ᠬᠡᠮᠡᠭᠡᠳ ᠰᠠᠭᠤᠲᠠᠯ ᠠ᠋ᠴᠠ ᠪᠠᠨ ᠪᠣᠰᠴᠤ ᠬᠤᠪᠢᠯᠠᠢ ᠰᠡᠴᠡᠨ ᠬᠠᠭᠠᠨ ᠳ᠋ᠤᠷ  ᠮᠡᠬᠦᠶ᠋ᠢᠨ ᠶᠣᠰᠣᠯᠠᠭᠠᠳ ᠨᠠᠨ ᠫᠢᠩ ᠱᠠᠨ ᠠᠭᠤᠯᠠᠨ ᠪ ᠡᠩᠭᠡᠷ ᠳᠡᠬᠢ ᠰᠡᠯᠡᠭᠦᠨ ᠣᠷᠲᠣᠨ ᠳ᠋ᠠᠭᠠᠨ ᠪᠤᠴᠠᠵᠤ ᠬᠠᠷᠢᠭᠠᠳ ᠣᠷᠣ ᠳᠡᠭᠡᠷ᠎ᠡ ᠪᠡᠨ ᠵᠠᠪᠢᠯᠠᠨ ᠰᠠᠭᠤᠭᠰᠠᠨ ᠶᠣᠰᠣᠭᠠᠷ ᠠᠮᠢ ᠶᠡᠬᠥᠤᠠᠴᠤᠬᠦᠢ ᠃
     ᠬᠤᠪᠢᠯᠠᠢ ᠰᠡᠴᠡᠨ ᠬᠠᠭᠠᠨ  ᠪᠠᠷ ᠯᠢᠦ ᠪᠢᠩ ᠵᠥᠩ ᠦ᠋ᠨ ᠬᠡᠯᠡᠭᠰᠡᠨ ᠥᠷᠥᠨ᠎ᠡ ᠶ᠋ᠢᠨ ᠬᠥᠮᠦᠨ ᠬᠡᠮᠡᠬᠦ ᠶ᠋ᠢ ᠤᠲᠠᠲᠠᠯ᠎ᠠ ᠪᠣᠲᠣᠯᠬᠢᠯᠠᠭᠠᠳ ᠬᠠᠮᠤᠭ ᠡᠴᠦᠰ ᠲᠤ ᠬᠠᠭᠠᠨ ᠪ ᠪᠠᠭᠰᠢ ᠫᠠᠭᠪᠠ ᠶ᠋ᠢ ᠰᠡᠵᠢᠭ᠌ᠯᠡᠪᠡ ᠭᠡᠨ᠎ᠡ ᠃ ᠲᠡᠶ᠋ᠢᠨ ‍ᠬᠦ ᠡᠮ᠎ᠡ ᠲᠡᠮᠦᠷ ᠬᠣᠨᠢᠨ ᠵᠢᠯ (1271 ᠤᠨ )  ᠳᠤ ᠥᠪᠡᠷ ᠦ᠋ᠨ ᠬᠥᠪᠡᠭᠦᠨ ᠴᠢᠩᠬᠢᠮ ᠶ᠋ᠢᠡᠷ ᠫᠠᠭᠪᠠ ᠯᠠᠮᠠ ᠶ᠋ᠢ ᠲᠥᠪᠡᠳ ᠲᠤ ᠨᠢ  ᠬᠦᠷᠭᠡᠯᠭᠡᠭᠰᠡᠨ ᠠᠵᠤᠭᠤ ᠃
     ᠬᠤᠪᠢᠯᠠᠢ ᠰᠡᠴᠡᠨ ᠬᠠᠭᠠᠨ ᠪ ᠰᠡᠵᠢᠭᠯᠡᠯᠲᠡ ᠨᠢ ᠲᠠᠪᠤᠨ ᠦᠶ᠎ᠡ ᠤᠯᠠᠷᠢᠵᠤ ᠠᠷᠪᠠᠨ ᠬᠠᠭᠠᠨ ᠊ᠢ ᠨᠥᠭᠴᠢᠭᠡᠵᠦ ᠂ ᠴᠢᠪ ᠬᠡᠮᠡᠨ ᠵᠠᠭᠤᠨ ᠵᠢᠯ ᠦ᠋ᠨ ᠳᠠᠷᠠᠬ᠋᠎ᠠ ᠲᠣᠬᠣᠨᠲᠡᠮᠤᠷ ᠦ᠋ᠨ ᠪᠡᠶ᠎ᠡ ᠳᠡᠭᠡᠷ᠎ᠡ ᠬᠦᠷᠴᠦ ᠢᠷᠡᠭᠡᠳ ᠲᠡᠦᠬᠡᠨ ᠦᠨᠡᠨ ᠬᠡᠷᠡᠭ ᠪᠣᠯᠵᠣᠬᠤᠢ ᠃
     ᠡᠨᠡ ‍ᠬᠦ ᠵᠠᠭᠤᠨ ᠵᠢᠯ ᠦ᠋ᠨ ᠲᠡᠦᠬᠡᠨ ᠥᠩᠭᠡᠷᠡᠯᠲᠡ ᠶ᠋ᠢ ᠣᠲᠣ ᠪᠢᠲᠡ ᠡᠷᠭᠢᠴᠡᠭᠦᠯᠦᠨ ᠦᠵᠡᠪᠡᠯ ᠂ ᠶᠡᠷᠦᠩᠬᠡᠢ ᠳᠤ ᠪᠡᠨ ᠭᠤᠷᠪᠠᠨ ᠱᠠᠲᠤ ᠦᠶ᠎ᠡ ᠶ᠋ᠢ  ᠥᠩᠭᠡᠷᠡᠭᠦᠯᠦᠭᠰᠡᠨ ᠪᠥᠯᠥᠭᠡ ᠃
       ᠶᠠᠭᠤᠨ ᠪ ᠡᠮᠦᠨ᠎ᠡ ᠂ ᠬᠤᠪᠢᠯᠠᠢ ᠰᠡᠴᠡᠨ ᠬᠠᠭᠠᠨ ᠪᠠᠷ ᠲᠥᠷᠥ ᠤᠯᠤᠰ ᠶ᠋ᠢᠠᠨ ᠥᠨᠢᠲᠡ ᠪᠠᠲᠤ ᠣᠷᠣᠰᠢᠬᠤ ᠶ᠋ᠢ ᠪᠠᠲᠤᠯᠠᠬᠤ ᠶ᠋ᠢᠨ ᠲᠥᠯᠥᠭᠡ ᠠᠯᠢ ᠣᠯᠠᠨ ᠪᠦᠲᠦᠮᠵᠢᠲᠡᠢ ᠰᠠᠶ᠋ᠢᠨ ᠠᠷᠬ᠋᠎ᠠ ᠬᠡᠮᠵᠢᠶ᠎ᠡ ᠠᠪᠤᠭᠰᠠᠨ ᠪᠤᠶᠤ ᠃ ᠲᠤᠬᠠᠶ᠋ᠢᠯᠠᠪᠠᠯ ᠄
       ᠨᠢᠭᠡᠲᠦᠭᠡᠷ ᠲᠤ᠂ ᠪᠦᠬᠦ ᠤᠯᠤᠰ ᠊ᠢ ᠠᠷᠪᠠᠨ ᠬᠤᠪᠢᠶᠠᠷᠢ ᠮᠣᠵᠢ ᠂ ᠨᠢᠭᠡ ᠰᠢᠭᠤᠳ ᠬᠠᠷᠢᠶ᠎ᠠ ᠮᠣᠵᠢ ᠬᠤᠪᠢᠶᠠᠭᠠᠳ ᠲᠥᠪ ᠲᠤ ᠲᠥᠪᠯᠡᠷᠡᠭᠦᠯᠦᠨ ᠵᠠᠬᠢᠷᠬᠤ ᠡᠷᠬᠡ ᠪᠡᠨ ᠪᠠᠲᠤᠯᠠᠪᠠ ;
       ᠬᠣᠶᠠᠲᠤᠭᠠᠷ ᠲᠤ ᠂ ᠬᠠᠭᠠᠨ ᠪ ᠵᠠᠰᠠᠭ ᠶ᠋ᠢᠠᠷ ᠤᠯᠤᠰ ᠊ᠢ  ᠵᠠᠰᠠᠬᠤ ᠂ ᠨᠣᠮ ᠦ᠋ᠨ ᠶᠣᠰᠣᠨ ᠶ᠋ᠢᠠᠷ ᠬᠥᠮᠦᠨ ᠪ ᠰᠡᠤᠠᠬᠢᠯ ᠊ᠢ ᠵᠠᠰᠠᠬᠤ ᠤᠯᠤᠰ ᠲᠥᠷᠥ ᠶ᠋ᠢᠨ ᠬᠥᠲᠥᠯᠪᠦᠷᠢ ᠶ᠋ᠢ ᠲᠣᠭᠲᠠᠭᠠᠪᠠ ;
       ᠭᠤᠷᠪᠠᠲᠤᠭᠠᠷ ᠲᠤ ᠂ ᠬᠣᠩ ᠲᠠᠶ᠋ᠢᠵᠢ ᠶ᠋ᠢᠨ ᠳᠦᠷᠢᠮ ᠊ᠢ ᠪᠠᠶ᠋ᠢᠭᠤᠯᠤᠨ ᠬᠡᠷᠡᠭᠵᠢᠭᠦᠯᠪᠡ ;
       ᠳᠥᠷᠪᠡᠳᠦᠭᠡᠷ ᠲᠤ᠂ 《 ᠭᠤᠷᠪᠠᠨ ᠡᠷᠬᠡ 》 ( ᠲᠤᠬᠠᠶ᠋ᠢᠯᠠᠪᠠᠯ ᠵᠠᠰᠠᠭ ᠵᠠᠬᠢᠷᠭᠠᠨ ᠪ ᠡᠷᠬᠡ ᠂ ᠬᠠᠤᠯᠢ ᠴᠠᠭᠠᠵᠠ ᠶ᠋ᠢᠨ ᠡᠷᠬᠡ ᠂ ᠴᠡᠷᠢᠭ ᠦ᠋ᠨ ᠡᠷᠬᠡ ) ᠶ᠋ᠢ ᠲᠤᠰᠠᠭᠠᠷᠯᠠᠨ ᠲᠦᠰᠢᠮᠡᠳ ᠦ᠋ᠨ ᠰᠢᠨ᠎ᠡ ᠳᠦᠷᠢᠮ ᠊ᠢ ᠬᠡᠷᠡᠭᠵᠢᠭᠦᠯᠪᠡ ;
       ᠲᠠᠪᠤᠲᠤᠭᠠᠷ ᠲᠤ ᠂ ᠲᠠᠷᠢᠶᠠᠯᠠᠩ  ᠠᠯᠢᠮ᠎ᠠ ᠶ᠋ᠢᠨ ᠦᠢᠯᠡᠰ ᠊ᠢ  ᠬᠥᠭᠵᠢᠭᠦᠯᠵᠦ ᠠᠷᠠᠳ ᠣᠯᠠᠨ ᠪ ᠠᠵᠤ ᠠᠮᠢᠲᠤᠷᠠᠯ ᠊ᠢ ᠰᠠᠶ᠋ᠢᠵᠢᠷᠠᠭᠤᠯᠪᠠ ;
       ᠵᠢᠷᠭᠤᠲᠤᠭᠠᠷ ᠲᠤ ᠂ ᠤᠰᠤᠨ ᠠᠰᠢᠬᠯᠠᠯᠲᠠ ᠂ ᠵᠠᠮ ᠲᠡᠭᠡᠭᠡᠪᠦᠷᠢ ᠶ᠋ᠢᠨ ᠦᠢᠯᠡᠰ ᠊ᠢ  ᠶᠡᠬᠡ ᠪᠡᠷ ᠬᠥᠭᠵᠢᠭᠦᠯᠵᠦ ᠡᠮᠦᠨᠡᠲᠦ ᠤᠮᠠᠷᠠᠲᠤ ᠶ᠋ᠢᠨ ᠡᠳ᠋ ᠪᠣᠲᠠᠰ ᠦ᠋ᠨ ᠰᠣᠯᠢᠯᠴᠠᠬ᠋᠎ᠠ ᠶ᠋ᠢ ᠠᠬᠢᠭᠤᠯᠪᠠ ;
       ᠳᠣᠯᠣᠳᠤᠭᠠᠷ ᠲᠤ ᠂ ᠭᠠᠶ᠋ᠢᠯᠢ ᠭᠤᠪᠴᠢᠭᠤᠷ ᠊ᠢ ᠬᠠᠰᠤᠵᠤ ᠬᠡᠯᠲᠦᠷᠢᠭᠦᠯᠦᠨ ᠠᠷᠠᠳ ᠣᠯᠠᠨ ᠪ ᠡᠭᠦᠷᠭᠡ ᠳᠠᠷᠤᠭᠠᠰᠤ ᠶ᠋ᠢ ᠬᠥᠩᠭᠡᠷᠡᠭᠦᠯᠪᠡ ;
       ᠨᠠᠢ᠍ᠮᠠᠲᠤᠭᠠᠷ ᠲᠤ ᠂ ᠵᠣᠭᠣᠰᠤᠨ ᠳᠦᠷᠢᠮ ᠊ᠢ ᠥᠭᠡᠷᠡᠴᠢᠯᠡᠨ ᠴᠠᠭᠠᠰᠤᠨ ᠵᠣᠭᠣᠰ ᠊ᠢ ᠳᠠᠷᠤᠮᠠᠯᠯᠠᠨ ᠲᠠᠷᠬᠠᠭᠠᠵᠤ ᠠᠷᠠᠯᠵᠢᠶ᠎ᠠ ᠬᠤᠲᠠᠯᠲᠤᠭᠠᠨ ᠪ ᠦᠢᠯᠡᠰ ᠊ᠢ  ᠬᠥᠭᠵᠢᠭᠦᠯᠪᠡ ;
       ᠶᠢᠰᠦᠲᠦᠭᠡᠷ ᠲᠤ ᠂ ᠮᠣᠩᠭᠣᠯ ᠰᠢᠨ᠎ᠡ  ᠦᠰᠦᠭ ᠊ᠢ ᠵᠣᠬᠢᠶᠠᠨ ᠳᠡᠯᠭᠡᠷᠡᠭᠦᠯᠵᠦ ᠂ ᠰᠣᠶᠣᠯ ᠰᠤᠷᠭᠠᠨ ᠬᠥᠮᠦᠵᠢᠯ ᠦ᠋ᠨ ᠦᠢᠯᠡᠰ ᠊ᠢ ᠭᠥᠭᠵᠢᠭᠦᠯᠪᠡ ;
       ᠠᠷᠪᠠᠲᠤᠭᠠᠷ ᠲᠤ ᠂ ᠭᠠᠲᠠᠭᠠᠲᠤ ᠬᠠᠷᠢᠯᠴᠠᠬ᠋᠎ᠠ ᠶ᠋ᠢ ᠬᠥᠭᠵᠢᠭᠦᠯᠵᠦ ᠳᠣᠷᠣᠨᠠᠳᠠᠬᠢᠨ ᠥᠷᠥᠨᠡᠲᠠᠬᠢᠨ ᠪ ᠤᠯᠤᠰ ᠲᠥᠷᠥ ᠂ ᠠᠵᠤ ᠠᠬᠤᠢ ᠂ ᠵᠠᠮ ᠬᠠᠷᠢᠯᠴᠠᠬ᠋᠎ᠠ ᠂ ᠰᠣᠶᠣᠯ ᠦ᠋ᠨ ᠦᠢᠯᠡᠰ ᠦ᠋ᠨ ᠰᠣᠯᠢᠯᠴᠠᠬ᠋᠎ᠠ ᠶ᠋ᠢ ᠠᠬᠢᠭᠤᠯᠪᠠ ;
     ᠡᠭᠦᠨ  ᠳᠤ ᠣᠨᠴᠠᠭᠠᠶ᠋ᠢᠯᠠᠨ ᠳᠤᠷᠠᠳᠤᠭᠤᠰᠢᠲᠠᠢ ᠵᠦᠢᠯ ᠭᠡᠪᠡᠯ ᠂ ᠲᠥᠷᠥᠯ ᠦ᠋ᠨ ᠨᠣᠶᠠᠳ ᠶᠡᠬᠡ ᠬᠠᠭᠠᠨ ᠪ ᠰᠠᠭᠤᠷᠢᠨ ᠊ᠢ ᠪᠤᠯᠢᠶᠠᠯᠲᠤᠨ ᠳᠣᠲᠣᠭᠠᠳᠤ ᠶ᠋ᠢᠨ ᠰᠠᠮᠠᠭᠤᠷᠠᠯ ᠡᠭᠦᠰᠬᠡᠬᠦ ᠶ᠋ᠢ ᠰᠡᠷᠭᠡᠶ᠋ᠢᠯᠡᠬᠦ ᠶ᠋ᠢᠨ ᠲᠥᠯᠥᠭᠡ ᠬᠢᠲᠠᠳ ᠳᠦᠷᠢᠮ ᠊ᠢ ᠳᠠᠭᠤᠷᠢᠶᠠᠨ ᠬᠣᠩ  ᠲᠠᠶ᠋ᠢᠽᠢ ᠶ᠋ᠢᠨ ᠳᠦᠷᠢᠮ ᠊ᠢ ᠪᠠᠶ᠋ᠢᠭᠤᠯᠤᠭᠰᠠᠨ ᠶᠠᠪᠤᠲᠠᠯ ᠪᠣᠯᠤᠮᠤᠢ ᠃
      ᠥᠩᠭᠡᠷᠡᠭᠰᠡᠨ  ᠳᠤ ᠶᠡᠬᠡ ᠮᠣᠩᠭᠣᠯ ᠤᠯᠤᠰ ᠦ᠋ᠨ ᠬᠠᠭᠠᠨ ᠪ ᠰᠠᠭᠤᠷᠢᠨ ᠊ᠢ ᠵᠠᠯᠭᠠᠮᠵᠢᠯᠠᠬᠤ  ᠬᠡᠷᠡᠭ ᠊ᠢ ᠴᠢᠩᠭᠢᠰ ᠬᠠᠭᠠᠨ ᠪ ᠠᠯᠲᠠᠨ ᠤᠷᠤᠭ ᠦ᠋ᠨ ᠳᠣᠲᠣᠭᠠᠳᠤ ᠶ᠋ᠢᠨ ᠶᠡᠬᠡ ᠬᠤᠷᠠᠯᠲᠠᠢ ᠪᠠᠷ ᠵᠥᠪᠲᠡᠯᠴᠡᠨ ᠲᠣᠭᠲᠠᠭᠠᠵᠤ ᠪᠠᠶ᠋ᠢᠪᠠ ᠃ ᠬᠤᠪᠢᠯᠠᠢ ᠶ᠋ᠢᠨ ᠦᠶ᠎ᠡ  ᠳᠤ ᠢᠷᠡᠭᠡᠳ ᠠᠯᠲᠠᠨ ᠤᠷᠤᠭ ᠦ᠋ᠨ ᠳᠣᠲᠣᠭᠠᠳᠤ  ᠳᠤ ᠬᠢᠮᠤᠷᠠᠯ ᠲᠡᠮᠡᠴᠡᠯ ᠡᠭᠦᠰᠴᠦ ᠬᠠᠷᠢᠯᠴᠠᠨ ᠡᠰᠡᠷᠭᠦᠴᠡᠯᠲᠦᠭᠡᠳ ᠬᠠᠮᠲᠤ ᠰᠠᠭᠤᠵᠤ ᠬᠤᠷᠠᠯᠲᠠᠢ ᠬᠤᠷᠠᠬᠤ ᠪᠣᠯᠤᠯᠴᠠᠬ᠋᠎ᠠ ᠦᠭᠡᠢ ᠪᠣᠯᠵᠠᠢ ᠃ ᠡᠶ᠋ᠢᠨ ‍ᠬᠦ ᠬᠬᠢᠪ ᠦ᠋ᠨ ᠵᠠᠩᠭᠢᠶ᠎ᠠ ᠠᠯᠲᠠᠷᠠᠭᠰᠠᠨ ᠲᠡᠤᠬᠡᠨ ᠪᠠᠶ᠋ᠢᠲᠠᠯ ᠊ᠢ ᠦᠨᠲᠦᠰᠦᠯᠡᠵᠦ ᠂ ᠬᠤᠪᠢᠯᠠᠢ ᠰᠡᠴᠡᠨ ᠬᠠᠭᠠᠨ ᠪᠠᠷ ᠬᠢᠲᠠᠳ ᠦ᠋ᠨ ᠳᠦᠷᠢᠮ ᠶᠣᠰᠣ ᠶ᠋ᠢ ᠳᠠᠭᠤᠷᠢᠶᠠᠨ ᠬᠣᠩ ᠲᠠᠶ᠋ᠢᠽᠢ ᠶ᠋ᠢᠨ ᠳᠦᠷᠢᠮ ᠊ᠢ ᠪᠠᠶ᠋ᠢᠭᠤᠯᠵᠤ ᠂  ᠤᠷᠢᠲᠤᠬᠢ ᠬᠠᠭᠠᠨ ᠬᠠᠯᠢᠬᠰᠠᠨ ᠪ ᠳᠠᠷᠠᠬ᠋᠎ᠠ ᠲᠡᠭᠦᠨ ᠪ ᠵᠢᠭᠠᠨ ᠨᠡᠷᠡᠯᠡᠭᠰᠡᠨ ᠬᠠᠭᠠᠨ ᠪ ᠬᠥᠪᠡᠭᠦᠨ ᠶ᠋ᠢᠡᠷ ᠶᠡᠬᠡ ᠣᠷᠣ ᠶ᠋ᠢ ᠵᠠᠯᠭᠠᠮᠵᠢᠯᠠᠭᠤᠯᠬᠤ ᠪᠠᠷ ᠲᠣᠭᠲᠠᠭᠠᠵᠠᠢ ᠃ ᠬᠤᠪᠢᠯᠠᠢ ᠰᠡᠴᠡᠨ ᠬᠠᠭᠠᠨ ᠪᠠᠷ ᠬᠣᠩ ᠲᠠᠶ᠋ᠢᠽᠢ ᠶ᠋ᠢᠨ ᠳᠦᠷᠢᠮ ᠊ᠢ ᠲᠣᠭᠲᠠᠭᠠᠭᠰᠠᠨ ᠵᠣᠣ ᠪᠢᠴᠢᠭ᠌ ᠲᠦ ᠪᠡᠨ ᠄ 《 ᠭᠣᠣᠯ ᠬᠠᠲᠤᠨ ᠪ ᠬᠥᠪᠡᠭᠦᠳ ᠦ᠋ᠨ ᠲᠣᠲᠣᠷᠠᠴᠠ ᠰᠠᠭᠤᠷᠢᠨ ᠊ᠢ ᠵᠠᠯᠭᠠᠮᠵᠢᠯᠠᠵᠤ ᠪᠣᠯᠬᠤ ᠶ᠋ᠢ ᠠᠨᠤ ᠤᠷᠢᠲᠠᠴᠠ ᠰᠢᠯᠭᠠᠨ ᠲᠣᠭᠲᠠᠭᠠᠬᠤ  ᠬᠡᠷᠡᠭᠲᠡᠢ 》 ᠭᠡᠵᠦ ᠲᠣᠲᠣᠷᠬᠠᠢ ᠵᠢᠭᠠᠵᠤ ᠭᠠᠷᠭᠠᠵᠠᠢ ᠃
     ᠲᠡᠮᠤᠷ ᠪᠣᠯ ᠬᠤᠪᠢᠯᠠᠢ ᠰᠡᠴᠡᠨ ᠬᠠᠭᠠᠨ ᠪ ᠣᠮᠪᠣᠯᠣ ᠪᠥᠭᠡᠳ ᠬᠣᠩ ᠲᠠᠶ᠋ᠢᠽᠢ ᠶ᠋ᠢᠨ ᠳᠦᠷᠢᠮ ᠶᠣᠰᠣ ᠪᠠᠷ ᠶᠡᠬᠡ ᠬᠠᠭᠠᠨ ᠪ ᠰᠠᠭᠤᠷᠢᠨ ᠊ᠢ ᠵᠠᠯᠭᠠᠮᠵᠢᠯᠠᠭᠰᠠᠨ  ᠠᠩᠬᠠᠲᠠᠭᠴᠢ ᠬᠠᠭᠠᠨ ᠪᠣᠯᠤᠮᠤᠢ ᠃ ᠲᠡᠷᠡ ᠪᠡᠷ ᠶᠡᠬᠡ ᠬᠠᠭᠠᠨ ᠪ ᠣᠷᠣ  ᠳᠤ ᠠᠷᠪᠠᠨ ᠭᠤᠷᠪᠠᠨ ᠵᠢᠯ ᠰᠠᠭᠤᠵᠤ ᠳ᠋ᠠ ᠳ᠋ᠸ ᠶ᠋ᠢᠨ ᠠᠷᠪᠠᠨ ᠨᠢᠭᠡᠲᠦᠭᠡᠷ ᠣᠨ (1307 ᠣᠨ ) ᠪ ᠴᠠᠭᠠᠨ ᠰᠠᠷ᠎ᠠ  ᠳᠤ ᠡᠪᠡᠤᠠᠴᠢᠨ ᠶ᠋ᠢᠡᠷ ᠬᠠᠯᠢᠪᠠ ᠃
      ᠲᠡᠮᠤᠷ ᠥᠯᠵᠡᠶ᠋ᠢᠲᠦ ᠬᠠᠭᠠᠨ ᠬᠠᠯᠢᠬᠰᠠᠨ ᠪ ᠳᠠᠷᠠᠬ᠋᠎ᠠ ᠣᠷᠲᠣᠨ ᠪ ᠳᠣᠲᠣᠭᠠᠳᠤ ᠶ᠋ᠢᠨ ᠰᠠᠮᠠᠭᠤᠷᠠᠯ ᠡᠭᠦᠰᠴᠡᠢ ᠃ ᠲᠤᠬᠠᠶ᠋ᠢᠯᠠᠪᠠᠯ ᠲᠡᠷᠢᠭᠦᠯᠡᠭᠰᠡᠨ ᠰᠠᠶ᠋ᠢᠳ ᠲᠥᠷᠥᠯ ᠦ᠋ᠨ ᠨᠣᠶᠠᠳ ᠬᠠᠷᠢᠯᠴᠠᠨ ᠰᠦᠯᠪᠡᠭᠡᠯᠡᠵᠦ ᠂ ᠲᠤᠰ ᠲᠤᠰ ᠦ᠋ᠨ ᠬᠠᠭᠠᠨ ᠊ᠢ ᠡᠷᠭᠦᠨ ᠪᠠᠶ᠋ᠢᠭᠤᠯᠬᠤ ᠪᠠᠷ ᠢᠯᠡ ᠪᠡᠷ ᠥᠷᠢᠰᠦᠯᠲᠦᠨ ᠂ ᠳᠠᠯᠳᠠᠭᠤᠷ ᠲᠡᠮᠡᠴᠡᠯᠲᠦᠪᠡ ᠃ ᠡᠶ᠋ᠢᠨ ‍ᠬᠦ ᠬᠤᠪᠢᠯᠠᠢ ᠰᠡᠴᠡᠨ ᠬᠠᠭᠠᠨ ᠪ ᠲᠥᠷᠥ ᠤᠯᠤᠰ ᠶ᠋ᠢᠠᠨ ᠥᠨᠢᠲᠡ ᠪᠠᠲᠤᠯᠠᠬᠤ ᠪᠠᠷ ᠠᠪᠤᠭᠰᠠᠨ ᠠᠷᠬ᠋᠎ᠠ ᠬᠡᠮᠵᠢᠶ᠎ᠡ ᠨᠢ ᠬᠦᠨᠲᠦ ᠰᠢᠯᠭᠠᠯᠲᠠ  ᠳᠤ ᠤᠴᠠᠷᠠᠵᠤ ᠂ ᠶᠡᠬᠡ ᠬᠠᠭᠠᠨ ᠪ ᠣᠷᠣ ᠲᠦᠷ ᠬᠣᠭᠣᠰᠣᠨ ᠪᠠᠶ᠋ᠢᠬᠤ ᠵᠠᠪᠰᠢᠶᠠᠨ ᠊ᠢ ᠳᠠᠯᠢᠮᠳᠠᠭᠤᠯᠤᠨ   ᠲᠡᠷᠢᠭᠦᠯᠡᠭᠰᠡᠨ ᠰᠠᠶ᠋ᠢᠳ ᠡᠷᠬᠡ ᠬᠤᠯᠠᠭᠠᠶ᠋ᠢᠯᠠᠭᠰᠠᠨ ᠠ᠋ᠴᠠ ᠬᠠᠭᠠᠨ ᠪ ᠵᠠᠰᠠᠭ ᠰᠤᠯᠠᠷᠠᠭᠰᠠᠨ ᠤᠯᠤᠰ ᠲᠥᠷᠥ ᠶ᠋ᠢᠨ ᠪᠠᠶ᠋ᠢᠲᠠᠯ ᠢᠯᠡᠷᠡᠪᠡ ᠃ ᠡᠶ᠋ᠢᠮᠤᠷᠬᠦᠦ ᠪᠠᠶ᠋ᠢᠲᠠᠯ ᠊ᠢ  ᠡᠳᠦᠭᠰᠡᠨ ᠬᠥᠮᠦᠨ ᠪᠣᠯ ᠲᠡᠮᠤᠷ ᠥᠯᠵᠡᠶ᠋ᠢᠲᠦ ᠬᠠᠭᠠᠨ ᠪ ᠡᠰᠢ ᠬᠠᠲᠤᠨ ᠪᠣᠯᠣᠭᠠᠨ ᠬᠡᠮᠡᠭᠴᠢ ᠪᠤᠯᠠᠢ ᠃
     ᠤᠤᠯ ᠨᠢ ᠲᠡᠮᠤᠷ ᠥᠯᠵᠡᠶ᠋ᠢᠲᠦ ᠬᠠᠭᠠᠨ  ᠳᠤ ᠬᠣᠶᠠᠷ ᠬᠠᠲᠤᠨ ᠲᠠᠢ ᠪᠠᠶ᠋ᠢᠪᠠ ᠃ ᠨᠢᠭᠡ  ᠨᠢ ᠰᠢᠷᠢᠨᠲᠠᠷ᠎ᠠ ᠭᠡᠳᠡᠭ ᠃ ᠬᠤᠩᠬᠢᠷᠠᠳ ᠦ᠋ᠨ ᠤᠴᠠᠨ ᠨᠣᠶᠠᠨ ᠪ ᠥᠬᠢᠨ ᠪᠤᠶᠤ ᠃ ᠨᠠᠰᠤ ᠵᠠᠯᠠᠭᠤ ᠂ ᠭᠤᠸ᠋᠎ᠠ ᠦᠵᠡᠰᠬᠦᠯᠡᠩ ᠂ ᠵᠠᠩ ᠠᠭᠠᠰᠢ ᠨᠢ  ᠡᠶᠡᠯᠳᠡᠭ ᠵᠥᠭᠡᠯᠡᠨ ᠂ ᠣᠷᠲᠣᠨ ᠪ ᠳᠣᠲᠣᠷ᠎ᠠ ᠭᠠᠲᠠᠨᠠᠬᠢ ᠢᠯᠡᠭᠦᠦ ᠳᠤᠲᠠᠭᠤ ᠬᠡᠷᠡᠭ ᠶᠠᠪᠤᠲᠠᠯ  ᠳᠤ ᠶᠡᠷᠦ ᠡᠴᠡ ᠭᠠᠷ ᠳᠦᠷᠦᠬᠦ   ᠳᠤᠷ᠎ᠠ ᠦᠭᠡᠢ ᠂ ᠬᠤᠪᠢ ᠪᠠᠨ ᠬᠥᠭᠡᠭᠡᠵᠦ ᠬᠡᠪ ᠶ᠋ᠢᠡᠨ ᠰᠠᠬᠢᠬᠰᠠᠨ ᠬᠥᠮᠦᠨ ᠪᠦᠯᠦᠭᠡ   ᠃ ᠲᠡᠮᠦᠷ ᠥᠯᠵᠡᠶ᠋ᠢᠲᠦ   ᠬᠠᠭᠠᠨ  ᠪᠠᠷ ᠲᠡᠭᠦᠨ ᠪ ᠥᠩᠭᠡ ᠵᠢᠰᠦ ᠵᠠᠩ ᠠᠭᠠᠰᠢ  ᠳᠤ ᠰᠡᠤᠠᠬᠢᠯ ᠮᠠᠰᠢ ᠬᠠᠩᠭᠠᠯᠤᠭᠤᠨ ᠪᠠᠶ᠋ᠢᠪᠠ ᠃ᠰᠢᠷᠢᠨᠳᠠᠷ᠎ᠠ   ᠬᠠᠲᠤᠨ ᠠ᠋ᠴᠠ ᠨᠢᠭᠡᠨ ᠬᠥᠪᠡᠭᠦᠨ ᠲᠥᠷᠥᠭᠰᠡᠨ ᠪᠥᠭᠡᠳ ᠨᠡᠷ᠎ᠡ ᠢᠨᠤ  ᠳ᠋ᠧ ᠱᠧᠦ  ᠭᠡᠳᠡᠭ᠃ ᠳ᠋ᠠ ᠳ᠋ᠧ ᠶ᠋ᠢᠨ ᠭᠤᠷᠪᠠᠲᠤᠭᠠᠷ ᠣᠨ (1299 ᠣᠨ )  ᠳᠤ ᠰᠢᠷᠢᠨᠳᠠᠷ᠎ᠠ ᠬᠤᠸᠠᠩᠬᠡᠦ  ᠡᠷᠭᠦᠮᠵᠢᠯᠡᠭᠳᠡᠪᠡ ᠃ ᠨᠥᠭᠦᠭᠡ ᠨᠢ ᠲᠡᠮᠦᠷ ᠥᠯᠵᠡᠶ᠋ᠢᠲᠦ ᠬᠠᠭᠠᠨ ᠪ ᠡᠰᠢ ᠬᠠᠲᠤᠨ ᠂ ᠨᠡᠷ᠎ᠡ ᠢᠨᠤ ᠪᠣᠯᠤᠭᠠᠨ ᠭᠡᠳᠡᠭ ᠃ ᠬᠤᠪᠢᠯᠠᠢ ᠰᠡᠴᠡᠨ ᠬᠠᠭᠠᠨ ᠪ ᠬᠦᠷᠭᠡᠨ ᠂ ᠪᠠᠶᠠᠭᠤᠳ ᠣᠪᠣᠭ ᠦ᠋ᠨ ᠨᠣᠶᠠᠨ ᠲᠤᠭᠤᠯᠠᠰ ᠦ᠋ᠨ ᠥᠬᠢᠨ ᠠᠵᠤᠭᠤ ᠃ᠶᠤᠸᠠᠨ  ᠵᠸᠨ   ᠪ ᠲᠡᠷᠢᠭᠦᠨ ᠣᠨ (1295 ᠣᠨ )  ᠳᠤ ᠬᠤᠸᠠᠩᠬᠡᠦ ᠡᠷᠭᠦᠮᠵᠢᠯᠡᠬ᠋ᠲᠡᠪᠡ ᠃ ᠲᠡᠷᠡ ᠪᠡᠷ ᠤᠬᠠᠭᠠᠨ ᠰᠠᠨᠠᠬ᠋᠎ᠠ ᠬᠤᠷᠴᠠ ᠰᠡᠷᠭᠦᠯᠡᠩ ᠂ ᠣᠷᠲᠣᠨ ᠪ ᠳᠣᠲᠣᠷ᠎ᠠ ᠭᠠᠲᠠᠨᠠᠬᠢ ᠬᠡᠷᠡᠭ ᠶᠠᠪᠤᠲᠠᠯ  ᠳᠤ ᠭᠠᠷ ᠳᠦᠷᠦᠬᠦ  ᠳᠤᠷᠠᠲᠠᠢ ᠃ ᠲᠡᠭᠦᠨ ᠡᠴᠡ ᠬᠥᠪᠡᠭᠦᠨ ᠦᠭᠡᠢ ᠃ ᠲᠡᠮᠦᠷ ᠥᠯᠵᠡᠶ᠋ᠢᠲᠦ   ᠬᠠᠭᠠᠨ  ᠪᠠᠷ ᠪᠣᠯᠤᠭᠠᠨ ᠬᠠᠲᠤᠨ ᠪ ᠡᠷᠲᠡᠮ ᠴᠢᠲᠠᠪᠤᠷᠢ ᠠᠷᠬ᠋᠎ᠠ ᠤᠬᠠᠭᠠᠨ ᠊ᠢ ᠮᠠᠰᠢᠲᠠ ᠪᠠᠬᠠᠲᠤᠵᠤ ᠠᠯᠢᠪᠠ ᠦᠢᠯᠡ  ᠳᠤ ᠲᠡᠭᠦᠨ ᠪ ᠰᠠᠨᠠᠯ ᠊ᠢ ᠠᠩᠬᠠᠷᠤᠨ ᠰᠣᠨᠣᠰᠲᠠᠭ ᠪᠠᠶ᠋ᠢᠵᠠᠢ ᠃ ᠰᠡᠭᠦᠯᠴᠢ ᠦᠶ᠎ᠡ  ᠳᠤ ᠬᠠᠭᠠᠨ ᠡᠪᠡᠤᠠᠴᠢᠨ  ᠡᠮᠬᠡᠭ ᠲᠦ ᠎ᠳᠠᠷᠤᠭᠳᠠᠭᠠᠳ ᠲᠥᠷᠥ ᠵᠠᠰᠠᠭ ᠦ᠋ᠨ ᠶᠡᠬᠡ ᠦᠢᠯᠡ ᠶ᠋ᠢ ᠪᠡᠶ᠎ᠡ ᠪᠡᠷ ᠰᠢᠤᠠᠬᠡᠵᠦ ᠳᠡᠶ᠋ᠢᠯᠬᠦ ᠦᠭᠡᠢ ᠪᠣᠯᠤᠭᠰᠠᠨ᠎ᠠ ᠪᠣᠯᠤᠭᠠᠨ ᠬᠠᠲᠤᠨ  ᠪᠠᠷ ᠶᠡᠬᠡ ᠬᠠᠭᠠᠨ ᠊ᠢ ᠣᠷᠣᠯᠠᠨ ᠵᠠᠰᠠᠭ ᠦ᠋ᠨ ᠬᠡᠷᠡᠭ ᠊ᠢ ᠰᠢᠤᠠᠬᠡᠵᠦ ᠡᠬᠢᠯᠡᠪᠡ ᠃ ᠡᠨᠡ ᠨᠢ  ᠪᠠᠷᠠᠭᠤᠨ ᠭᠠᠷᠤᠨ ᠴᠢᠩᠰᠠᠩ ᠬᠠᠷᠠᠬᠠᠰᠤᠨ ᠪ ᠳᠤᠷ᠎ᠠ ᠥᠭᠡᠶ᠋ᠢᠴᠡᠯ ᠊ᠢ ᠬᠦᠷᠭᠡᠪᠡ ᠃ ᠬᠠᠷᠠᠬᠠᠰᠤᠨ ᠪᠣᠯ ᠴᠢᠩᠭᠢᠰ  ᠬᠠᠭᠠᠨ ᠪ ᠦᠶ᠎ᠡ ᠶ᠋ᠢᠨ ᠭᠤᠷᠪᠠᠨ ᠳᠠᠷᠬᠠᠨ ᠪ ᠨᠢᠭᠡ ᠪᠣᠯᠬᠤ ᠭᠡᠱ᠌ᠢᠯᠢᠭ ᠦ᠋ᠨ ᠬᠣᠶ᠋ᠢᠴᠢᠰ ᠪᠣᠯᠤᠮᠤᠢ ᠃ ᠲᠡᠷᠡ ᠰᠤᠷᠪᠤᠯᠵᠢᠲᠤ ᠤᠭᠰᠠᠭᠠᠨ ᠪ ᠬᠣᠶ᠋ᠢᠴᠢᠰ ᠭᠡᠮᠡᠨ ᠣᠭᠰᠣᠶ᠋ᠢᠨ  ᠠᠭᠠᠰᠢᠯᠠᠵᠤ ᠪᠣᠯᠤᠭᠠᠨ ᠬᠠᠲᠤᠨ ᠊ᠢ ᠨᠢᠲᠦᠨ  ᠳᠤ ᠪᠡᠨ ᠦᠯᠦ ᠬᠠᠪᠴᠢᠨ᠎ᠠ   ᠃  ᠡᠶ᠋ᠢᠨ ‍ᠬᠦ ᠲᠥᠷᠥ  ᠳᠤ ᠪᠣᠯᠤᠭᠠᠨ ᠬᠠᠲᠤᠨ ᠪᠣᠯᠤᠨ ᠬᠠᠷᠠᠬᠠᠰᠤᠨ  ᠶ᠋ᠢᠠᠷ ᠲᠣᠯᠣᠭᠠᠶ᠋ᠢᠯᠠᠭᠤᠯᠤᠭᠰᠠᠨ ᠤᠯᠤᠰ ᠲᠥᠷᠥ ᠶ᠋ᠢᠨ ᠡᠰᠡᠷᠭᠦᠴᠡᠯᠳᠦᠭᠰᠡᠨ ᠬᠣᠶᠠᠷ ᠬᠦᠴᠦᠨ ᠪᠤᠢ ᠪᠣᠯᠵᠠᠢ ᠃
       ᠲᠡᠮᠦᠷ ᠥᠯᠵᠡᠶ᠋ᠢᠲᠦ ᠬᠠᠭᠠᠨ  ᠪᠠᠷ ᠲᠥᠷᠥᠯ ᠦ᠋ᠨ ᠨᠣᠶᠠᠳ ᠶᠡᠬᠡ ᠬᠠᠭᠠᠨ ᠪ ᠣᠷᠣ ᠶ᠋ᠢ ᠪᠤᠯᠢᠶᠠᠯᠲᠤᠭᠠᠳ ᠬᠣᠭᠣᠷᠣᠨᠲᠣ ᠪᠠᠨ ᠥᠰᠢᠯᠲᠦᠨ ᠳᠠᠶ᠋ᠢᠨ ᠳᠠᠵᠢᠨ ᠪᠣᠯᠤᠭᠰᠠᠨ ᠥᠩᠭᠡᠷᠡᠭᠰᠡᠨ ᠪ ᠲᠡᠦᠬᠡᠨ ᠬᠡᠷᠡᠭ ᠊ᠢ ᠲᠣᠲᠣᠷᠬᠠᠢ ᠮᠡᠲᠡᠬᠦ ᠲᠤᠯᠠ ᠠᠮᠢᠲᠤ ᠰᠡᠷᠡᠭᠦᠨ ᠪᠠᠶ᠋ᠢᠬᠤ  ᠳᠤ ᠪᠠᠨ ᠬᠤᠪᠢᠯᠠᠢ ᠰᠡᠴᠡᠨ ᠬᠠᠭᠠᠨ ᠪ ᠲᠣᠭᠲᠠᠭᠠᠭᠰᠠᠨ ᠬᠣᠩ ᠲᠠᠶ᠋ᠢᠽᠢ ᠶ᠋ᠢᠨ ᠳᠦᠷᠢᠮ ᠊ᠢ ᠦᠨᠲᠦᠰᠦᠯᠡᠵᠦ ᠂ ᠳ᠋ᠠ ᠳ᠋ᠸ ᠶ᠋ᠢᠨ ᠶᠢᠰᠦᠲᠦᠭᠡᠷ ᠣᠨ (1305 ᠣᠨ )  ᠳᠤ ᠥᠪᠡᠷ ᠦ᠋ᠨ ᠦᠷ᠎ᠡ ᠶ᠋ᠢᠨ ᠭᠠᠭᠴᠠ ᠬᠥᠪᠡᠭᠦᠨ ᠳ᠋ᠸ ᠱᠸᠤ ᠶ᠋ᠢ ᠬᠣᠩ ᠲᠠᠶ᠋ᠢᠽᠢ ᠡᠷᠭᠦᠮᠵᠢᠯᠡᠵᠦ ᠨᠠᠪᠴᠢᠲᠤ ᠡᠷᠭᠦᠮᠵᠢᠯᠡᠯ ᠦ᠋ᠨ ᠪᠢᠴᠢᠭ᠌ ᠰᠣᠶᠣᠷᠬᠠᠪᠠ ᠃ ᠡᠨᠲᠡᠴᠡ ᠳ᠋ᠸ ᠱᠸᠤ ᠶᠡᠬᠡ ᠬᠠᠭᠠᠨ ᠪ ᠬᠠᠤᠯᠢ ᠪᠠᠷ ᠲᠣᠭᠲᠠᠭᠠᠭᠰᠠᠨ ᠵᠠᠯᠭᠠᠮᠵᠢᠯᠠᠭᠴᠢ ᠪᠣᠯᠵᠠᠢ ᠃ ᠡᠨᠡ ᠨᠢ  ᠰᠢᠷᠢᠨᠲᠠᠷ᠎ᠠ ᠬᠠᠲᠤᠨ ᠪ ᠪᠠᠶ᠋ᠢᠷᠢ ᠰᠠᠭᠤᠷᠢ ᠶ᠋ᠢ ᠨᠢᠭᠡ ᠯᠡ ᠳᠡᠭᠡᠷ᠎ᠡ ᠳᠡᠭᠡᠭᠰᠢᠯᠡᠭᠦᠯᠦᠭᠰᠡᠨ ᠪᠥᠭᠡᠳ ᠪᠣᠯᠣᠭᠠᠨ ᠬᠠᠲᠤᠨ  ᠳᠤ ᠬᠠᠷᠢᠨ ᠨᠢᠭᠡ ᠵᠦᠢᠯ ᠦ᠋ᠨ ᠰᠦᠷᠲᠡᠭᠦᠯᠦᠯ ᠪᠣᠯᠪᠠ ᠃ ᠲᠡᠷᠡ ᠪᠡᠷ ᠬᠡᠵᠢᠶ᠎ᠡ ᠨᠢᠭᠡ ᠡᠲᠦᠷ ᠳ᠋ᠸ ᠱᠸᠤ ᠶᠡᠬᠡ ᠬᠠᠭᠠᠨ ᠪ ᠰᠠᠭᠤᠷᠢᠨ ᠊ᠢ ᠵᠠᠯᠭᠠᠮᠵᠢᠯᠠᠪᠠᠰᠤ  ᠰᠢᠷᠢᠨᠲᠠᠷ᠎ᠠ ᠬᠠᠲᠤᠨ ᠲᠡᠭᠦᠨ ᠪ ᠣᠷᠣ ᠶ᠋ᠢ ᠡᠵᠡᠯᠡᠮᠦᠢ ᠬᠡᠮᠡᠨ ᠪᠣᠲᠣᠬᠤ ᠳᠣᠳᠣᠮ ᠨᠣᠶ᠋ᠢᠷ ᠬᠣᠭᠣᠯᠠ ᠦᠭᠡᠢ ᠪᠣᠯᠵᠤ ᠰᠡᠤᠠᠬᠢᠯ ᠦ᠋ᠨ ᠡᠪᠡᠤᠠᠴᠢᠨ ᠲᠤᠰᠪᠠ ᠃ ᠲᠡᠶ᠋ᠢᠨ ᠠᠲᠠᠯ᠎ᠠ ᠴᠠᠶ᠋ᠢᠯᠭᠠᠨ ᠰᠡᠤᠠᠬᠢᠯ ᠲᠡᠢ  ᠰᠢᠷᠢᠨᠲᠠᠷ᠎ᠠ ᠬᠠᠲᠤᠨ ᠡᠨᠡ ᠪᠠᠶ᠋ᠢᠲᠠᠯ ᠊ᠢ ᠤᠴᠢᠷ ᠪᠣᠯᠭᠠᠭᠰᠠᠨ ᠦᠭᠡᠢ ᠂ ᠬᠠᠷᠢᠨ ᠠᠯᠢᠪᠠ  ᠬᠡᠷᠡᠭ ᠲᠦ ᠪᠦᠷ ᠪᠣᠯᠣᠭᠠᠨ ᠬᠠᠲᠤᠨ ᠪ ᠰᠠᠨᠠᠬ᠋᠎ᠠ ᠶ᠋ᠢ ᠠᠶᠠᠲᠠᠨ ᠳᠠᠭᠠᠵᠤ ᠮᠥᠨ ᠤᠬ ᠶᠠᠩᠵᠤ ᠪᠠᠷ ᠶ᠋ᠢᠠᠨ ᠬᠤᠪᠢ ᠪᠠᠨ ᠬᠥᠭᠡᠭᠡᠵᠦ ᠬᠡᠪ ᠶ᠋ᠢᠡᠨ ᠰᠠᠬᠢᠵᠤ ᠬᠥᠪᠡᠭᠦᠨ  ᠳᠤ ᠪᠡᠨ ᠪᠦᠬᠦ ᠠᠩᠬᠠᠷᠤᠯ ᠶ᠋ᠢᠠᠨ ᠲᠦᠪᠯᠡᠷᠡᠭᠦᠯᠦᠨ ᠬᠥᠮᠦᠵᠢᠭᠦᠯᠵᠦ ᠪᠠᠶ᠋ᠢᠪᠠ ᠃
       ᠳ᠋ᠸ ᠱᠸᠤ ᠬᠣᠩ ᠲᠠᠶ᠋ᠢᠽᠢ ᠡᠷᠭᠦᠮᠵᠢᠯᠡᠭᠳᠡᠭᠡᠳ ᠬᠡᠲᠦᠬᠡᠨ ᠰᠠᠷ᠎ᠠ ᠥᠩᠭᠡᠷᠡᠭᠡᠳ ᠭᠡᠨᠡᠤᠠᠲᠡ ᠦᠬᠦᠵᠡᠢ ᠃ ᠵᠠᠷᠢᠮ ᠬᠥᠮᠦᠨ ᠪ ᠬᠡᠯᠡᠬᠦ ᠪᠡᠷ ᠡᠷᠬᠡ ᠠᠤᠠᠬᠤᠵᠤ ᠪᠠᠶ᠋ᠢᠬᠰᠠᠨ ᠪᠣᠯᠣᠭᠠᠨ ᠬᠠᠲᠤᠨ ᠬᠣᠣᠷᠯᠠᠪᠠ ᠭᠡᠳᠡᠭ ᠃ ᠭᠡᠪᠡᠴᠦ ᠪᠣᠲᠠᠲᠠᠢ ᠭᠡᠷᠡᠴᠢ ᠪᠠᠷᠢᠮᠲᠠ ᠦᠭᠡᠢ ᠲᠤᠯᠠ ᠵᠥᠪᠬᠡᠨ ᠶᠤᠸᠠᠨ ᠤᠯᠤᠰ ᠦ᠋ᠨ ᠲᠡᠦᠬᠡᠨ ᠳ᠋ᠡᠬᠢ ᠡᠭᠡᠲᠡᠷᠡᠭᠡᠨ ᠲᠡᠢ ᠬᠡᠷᠡᠭ ᠦ᠋ᠨ ᠨᠢᠭᠡ ᠪᠣᠯᠵᠤ ᠬᠣᠴᠣᠷᠪᠠ ᠃ ᠳ᠋ᠸ ᠱᠸᠤ ᠶ᠋ᠢᠨ ᠵᠠᠭᠤᠷᠮᠠᠭ ᠡᠴᠦᠰᠯᠡᠭᠰᠡᠨ ᠨᠢ  ᠰᠢᠷᠢᠨᠲᠠᠷ᠎ᠠ ᠬᠠᠲᠤᠨ  ᠳᠤ  ᠬᠦᠨᠲᠦ ᠴᠣᠬᠢᠯᠲᠠ ᠪᠣᠯᠵᠤ ᠡᠲᠦᠷ ᠲᠤᠵᠢ ᠭᠤᠨᠢᠵᠤ ᠵᠣᠪᠠᠭᠰᠠᠭᠠᠷ ᠪᠠᠶ᠋ᠢᠭᠠᠳ ᠪᠠᠰᠠ ᠤᠲᠠᠭᠰᠠᠨ ᠦᠭᠡᠢ ᠨᠠᠰᠤ ᠪᠠᠷᠠᠵᠠᠢ ᠃
       ᠲᠡᠮᠦᠷ ᠥᠯᠵᠡᠶ᠋ᠢᠲᠦ ᠬᠠᠭᠠᠨ  ᠳᠤ ᠬᠣᠶᠠᠷ ᠠᠬ᠎ᠠ ᠪᠠᠶ᠋ᠢᠮᠤᠢ ᠃ ᠶᠡᠬᠡ ᠠᠬ᠎ᠠ ᠨᠢ ᠭᠠᠮᠠᠯᠠ ᠂ ᠪᠠᠬ᠋᠎ᠠ  ᠳᠤ ᠪᠠᠨ ᠡᠮᠡᠭᠡ ᠴᠢᠮᠪᠠᠢ ᠬᠠᠲᠤᠨ ᠪ ᠭᠠᠷ ᠳᠡᠭᠡᠷ᠎ᠡ ᠥᠰᠴᠦ ᠂ ᠥᠭᠡᠯᠡᠢ ᠪᠣᠯᠤᠭᠰᠠᠨ ᠪ ᠬᠣᠶ᠋ᠢᠨ᠎ᠠ ᠡᠪᠦᠭᠡ ᠬᠤᠪᠢᠯᠠᠢ ᠰᠡᠴᠡᠨ ᠬᠠᠭᠠᠨ ᠪ ᠳᠡᠷᠭᠡᠳᠡ ᠡᠴᠡ ᠰᠠᠯᠤᠭᠰᠠᠨ ᠦᠭᠡᠢ ᠃ ᡁᠢ ᠶᠤᠸᠠᠨ ᠪ ᠳᠤᠮᠳᠠᠴᠢ ᠦᠶ᠎ᠡ  ᠳᠤ ᠵᠠᠷᠯᠢᠬ ᠶ᠋ᠢᠠᠷ ᠤᠮᠠᠷᠠᠲᠤ ᠬᠢᠯᠢ ᠶ᠋ᠢ ᠰᠠᠬᠢᠨ ᠰᠠᠭᠤᠵᠤ ᠂ ᡁᠢ ᠶᠤᠸᠠᠨ ᠪ ᠬᠣᠷᠢᠨ ᠳᠣᠯᠣᠳᠤᠭᠠᠷ ᠣᠨ (1290 ᠣᠨ )  ᠳᠤ ᠯᠢᠶᠠᠩ ᠸᠠᠩ ᠡᠷᠭᠦᠮᠵᠢᠯᠡᠭᠳᠡᠨ ᠶᠦᠨᠨᠠᠨ  ᠳᠤ ᠳᠠᠷᠤᠨ ᠰᠠᠭᠤᠪᠠ ᠃ ᠬᠣᠷᠢ ᠶᠢᠰᠦᠲᠦᠭᠡᠷ ᠣᠨ  ᠳᠤ ᠵᠢᠨ ᠸᠠᠩ  ᠡᠷᠭᠦᠮᠵᠢᠯᠡᠭᠳᠡᠨ ᠭᠣᠪᠢ ᠶ᠋ᠢᠨ ᠤᠮᠠᠷᠠᠲᠤ ᠶ᠋ᠢᠨ  ᠴᠡᠷᠢᠭ ᠊ᠢ ᠶᠡᠷᠦᠩᠬᠡᠶ᠋ᠢᠯᠡᠨ ᠵᠠᠬᠢᠷᠴᠤ ᠂ ᠴᠢᠩᠭᠢᠰ ᠬᠠᠭᠠᠨ ᠪ ᠳᠦᠷᠪᠡᠨ ᠤᠷᠲᠤ ᠪᠣᠯᠤᠨ ᠮᠣᠩᠭᠣᠯ ᠦ᠋ᠨ  ᠴᠡᠷᠢᠭ ᠠᠷᠠᠳ ᠪᠠ ᠭᠣᠣᠯ ᠦ᠋ᠨ ᠤᠯᠤᠰ ᠊ᠢ ᠨᠡᠶ᠋ᠢᠲᠡᠯᠡᠨ ᠵᠠᠬᠢᠷᠴᠤ ᠪᠠᠶ᠋ᠢᠭᠠᠳ ᠳ᠋ᠠ ᠳ᠋ᠸ ᠶ᠋ᠢᠨ ᠵᠢᠷᠭᠤᠲᠤᠭᠠᠷ ᠣᠨ (1302 ᠣᠨ )  ᠳᠤ ᠨᠠᠰᠤ ᠪᠠᠷᠠᠵᠠᠢ ᠃ ᠬᠣᠶᠠᠲᠤᠭᠠᠷ ᠠᠬ᠎ᠠ ᠨᠢ ᠳᠠᠷᠮᠠᠪᠠᠯᠠ ᠂ ᠪᠠᠬ᠋᠎ᠠ ᠠ᠋ᠴᠠ ᠪᠠᠨ ᠡᠴᠢᠭᠡ (  ᠴᠢᠩᠬᠢᠮ ) ᠡᠬᠡ ( ᠬᠦᠬᠡᠵᠢᠨ ) ᠪᠠᠨ ᠳᠠᠭᠠᠵᠤ ᠲᠡᠲᠡᠨ ᠪ ᠡᠩᠬᠦᠷᠡᠶ᠋ᠢᠯᠡᠯ ᠊ᠢ  ᠬᠦᠷᠲᠡᠭᠰᠡᠨ ᠪᠠᠶ᠋ᠢᠪᠠ ᠃ ᡁᠢ ᠶᠤᠸᠠᠨ ᠪ ᠬᠣᠷᠢᠨ ᠳᠣᠯᠣᠳᠤᠭᠠᠷ ᠣᠨ  ᠳᠤ ᠬᠤᠸᠠᠶ᠋ᠢᠵᠸᠤ ( ᠣᠲᠣ ᠶ᠋ᠢᠨ ᠾᠧᠨᠠᠨ ᠪ ᠴᠢᠨ ᠶᠠᠩ )  ᠳᠤ ᠳᠠᠷᠤᠨ ᠰᠠᠭᠤᠵᠤ ᠂ ᠤᠲᠠᠭᠰᠠᠨ ᠦᠭᠡᠢ ᠡᠪᠡᠤᠠᠴᠢᠨ ᠲᠣᠰᠤᠭᠠᠳ ᠳᠠᠶ᠋ᠢᠳᠤ  ᠳᠤ ᠪᠤᠴᠠᠵᠤ ᠢᠷᠡᠭᠡᠳ ᠳᠠᠷᠠᠬ᠋᠎ᠠ ᠵᠢᠯ ᠨᠢ ᠨᠠᠰᠤ ᠪᠠᠷᠠᠵᠠᠢ ᠃ ᠬᠣᠷᠢ ᠶᠢᠰᠦᠨ ᠨᠠᠰᠤᠲᠠᠢ ᠪᠥᠯᠥᠭᠡ ᠃
     ᠲᠡᠮᠦᠷ ᠥᠯᠵᠡᠶ᠋ᠢᠲᠦ ᠬᠠᠭᠠᠨ ᠪᠠᠷ ᠥᠪᠡᠷ ᠦ᠋ᠨ ᠦᠷ᠎ᠡ ᠶ᠋ᠢᠨ ᠭᠠᠭᠴᠠ ᠬᠥᠪᠡᠭᠦᠨ ᠳ᠋ᠸ ᠱᠸᠤ ᠪᠣᠯᠤᠨ ᠬᠠᠶ᠋ᠢᠷᠠᠲᠤ ᠬᠠᠲᠤᠨ  ᠰᠢᠷᠢᠨᠲᠠᠷ᠎ᠠ ᠪᠠᠨ ᠠᠯᠲᠠᠭᠰᠠᠨ ᠪ ᠳᠠᠷᠠᠬ᠋᠎ᠠ ᠮᠣᠩᠭᠣᠯ ᠦ᠋ᠨ ᠢᠵᠠᠭᠤᠷ ᠦ᠋ᠨ ᠶᠣᠰᠣ ᠪᠠᠷ ᠬᠣᠶᠠᠲᠤᠭᠠᠷ ᠠᠬ᠎ᠠ ᠳᠠᠷᠮᠠᠪᠠᠯᠠ ᠶ᠋ᠢᠨ ᠪᠡᠯᠪᠡᠰᠦᠨ ᠬᠠᠲᠤᠨ ᠳ᠋ᠠᠵᠢ ᠶ᠋ᠢ ᠥᠪᠡᠷ ᠦ᠋ᠨ ᠪᠡᠶ᠎ᠡ  ᠳᠤ ᠪᠡᠨ ᠨᠡᠷ᠎ᠡ ᠵᠢᠭᠠᠵᠤ ᠠᠪᠤᠭᠠᠳ ᠲᠡᠭᠦᠨ ᠪ ᠬᠥᠪᠡᠭᠦᠳ ᠦ᠋ᠨ ᠨᠢᠭᠡ ᠶ᠋ᠢ ᠬᠣᠩ ᠲᠠᠶ᠋ᠢᠽᠢ ᠡᠷᠭᠦᠮᠵᠢᠯᠡᠨ ᠶᠡᠬᠡ ᠬᠠᠭᠠᠨ ᠪ ᠵᠠᠯᠭᠠᠮᠵᠢᠯᠠᠭᠴᠢ ᠪᠣᠯᠭᠠᠬᠤ ᠪᠠᠷ ᠪᠣᠲᠣᠵᠠᠢ ᠃ ᠳ᠋ᠠᠵᠢ ᠪᠣᠯ ᠬᠣᠩᠭᠢᠷᠠᠳ ᠠᠶ᠋ᠢᠮᠠᠭ ᠦ᠋ᠨ ᠠᠯᠴᠢ ᠨᠣᠶᠠᠨ ᠪ ᠣᠮᠪᠣᠯᠣ ᠭᠦᠨᠲᠤᠲᠡᠮᠦᠷ ᠦ᠋ᠨ ᠥᠬᠢᠨ ᠪᠥᠯᠥᠭᠡ ᠃ ᠲᠡᠭᠦᠨ ᠡᠴᠡ ᠬᠣᠶᠠᠷ ᠬᠥᠪᠡᠭᠦᠨ ᠲᠡᠢ ᠃ ᠶᠡᠬᠡ ᠨᠢ ᠬᠠᠶ᠋ᠢᠱᠠᠨ ᠂ ᠤᠮᠠᠷᠠᠲᠤ ᠬᠢᠯᠢ ᠶ᠋ᠢ ᠰᠠᠬᠢᠨ ᠰᠠᠭᠤᠵᠤ ᠪᠤᠢ ᠂ ᠬᠣᠶᠠᠲᠤᠭᠠᠷ ᠨᠢ ᠠᠶᠤᠷᠪᠠᠷᠸᠠᠲᠠ ᠳᠠᠶ᠋ᠢᠳᠤ  ᠳᠤ ᠪᠤᠢ ᠃
     ᠪᠣᠯᠣᠭᠠᠨ ᠬᠠᠲᠤᠨ ᠪᠠᠷ ᠲᠡᠮᠦᠷ ᠥᠯᠵᠡᠶ᠋ᠢᠲᠦ ᠬᠠᠭᠠᠨ ᠪ ᠰᠠᠨᠠᠯ ᠊ᠢ ᠡᠷᠡᠰ ᠡᠰᠡᠷᠭᠦᠴᠡᠨ ᠳ᠋ᠠ ᠳ᠋ᠸ ᠶ᠋ᠢᠨ ᠶᠢᠰᠦᠲᠦᠭᠡᠷ ᠣᠨ (1305 ᠣᠨ )  ᠳᠤ ᠲᠡᠮᠦᠷ ᠥᠯᠵᠡᠶ᠋ᠢᠲᠦ ᠬᠠᠭᠠᠨ ᠬᠦᠨᠲᠦ ᠡᠪᠡᠤᠠᠴᠢᠲᠡᠢ ᠪᠠᠶ᠋ᠢᠬᠤ  ᠳᠤ ᠳ᠋ᠠᠵᠢ ᠪᠣᠯᠤᠨ ᠠᠶᠤᠷᠪᠠᠷᠸᠠᠲᠠ ᠶ᠋ᠢ ᠬᠤᠸᠠᠶ᠋ᠢᠵᠸᠤ  ᠳᠤ ᠰᠢᠯᠵᠢᠭᠦᠯᠦᠨ ᠰᠠᠭᠤᠯᠭᠠᠪᠠ ᠃
     ᠳ᠋ᠠ ᠳ᠋ᠸ ᠶ᠋ᠢᠨ ᠠᠷᠪᠠᠨ ᠨᠢᠭᠡᠲᠦᠭᠡᠷ ᠣᠨ ᠪ ᠴᠠᠭᠠᠨ ᠰᠠᠷ᠎ᠠ  ᠳᠤ ᠲᠡᠮᠦᠷ ᠥᠯᠵᠡᠶ᠋ᠢᠲᠦ ᠬᠠᠭᠠᠨ ᠬᠠᠯᠢᠪᠠ ᠃ ᠪᠣᠯᠣᠭᠠᠨ ᠬᠠᠲᠤᠨ ᠂ ᠬᠠᠶ᠋ᠢᠱᠠᠨ ᠊ᠢ ᠨᠡᠶ᠋ᠢᠰᠯᠡᠯ  ᠳᠤ ᠪᠤᠴᠠᠵᠤ ᠢᠷᠡᠭᠡᠳ ᠲᠡᠭᠦᠨ ᠡᠴᠡ ᠦᠰᠢᠶ᠎ᠡ ᠠᠪᠬᠤ ᠠ᠋ᠴᠠ ᠠᠶᠤᠵᠤ ᠠᠨᠰᠢ ᠸᠠᠩ ᠠᠨᠠᠨᠲᠠ ᠶ᠋ᠢ ᠨᠡᠶ᠋ᠢᠰᠯᠡᠯ ᠬᠣᠲᠠ  ᠳᠤ ᠳᠠᠭᠤᠳᠠᠨ ᠠᠪᠴᠢᠷᠠᠵᠠᠢ ᠃ ᠵᠡᠭᠦᠨ ᠭᠠᠷᠤᠨ ᠴᠢᠩᠰᠠᠩ ᠠᠬᠤᠲᠠᠢ ( ᠮᠣᠩᠭᠣᠯ ᠦ᠋ᠨ ᠡᠯᠵᠢᠭᠡᠨ ᠤᠪᠤᠬ ᠦ᠋ᠨ ᠬᠥᠮᠦᠨ ) ᠪᠣᠯᠤᠨ ᠲᠥᠷᠥᠯ ᠦ᠋ᠨ ᠨᠣᠶᠠᠨ ᠮᠢᠩᠯᠢᠬ᠋ᠲᠡᠮᠦᠷ ᠨᠠᠷ ᠯᠤᠬ᠋᠎ᠠ ᠵᠥᠪᠲᠡᠭᠡᠳ ᠥᠪᠡᠷ ᠶ᠋ᠢᠡᠨ ᠬᠦᠰᠢᠭᠡ ᠶ᠋ᠢᠨ ᠠᠷᠤ  ᠳᠤ ᠰᠠᠭᠤᠵᠤ ᠵᠠᠰᠠᠭ ᠶᠠᠪᠤᠭᠤᠯᠤᠨ ᠠᠨᠰᠢ ᠸᠠᠩ ᠠᠨᠠᠨᠲᠠ ᠪᠠᠷ ᠲᠤᠰᠠᠯᠠᠭᠤᠯᠵᠤ ᠂ ᠡᠴᠦᠰ ᠲᠤ ᠬᠠᠭᠠᠨ ᠪ ᠰᠠᠭᠤᠷᠢᠨ ᠊ᠢ ᠠᠨᠠᠨᠲᠠ ᠪᠠᠷ ᠵᠠᠯᠭᠠᠮᠵᠢᠯᠠᠭᠤᠯᠬᠤ ᠪᠠᠷ ᠪᠡᠯᠡᠤᠠᠬᠡᠪᠡ ᠃ ᠠᠨᠠᠨᠲᠠ ᠪᠣᠯ ᠬᠤᠪᠢᠯᠠᠢ ᠰᠡᠴᠡᠨ ᠬᠠᠭᠠᠨ ᠪ ᠣᠮᠪᠣᠯᠣ ᠂ ᠲᠡᠮᠦᠷ ᠥᠯᠵᠡᠶ᠋ᠢᠲᠦ ᠬᠠᠭᠠᠨ ᠪ ᠦᠶᠡᠯᠢᠳ ᠳᠡᠭᠦᠦ ᠪᠢᠯᠡ ᠃ ᠴᠢᠰᠤᠨ ᠤᠲᠤᠮ ᠶ᠋ᠢᠠᠷ ᠬᠡᠯᠡᠪᠡᠯ ᠶᠡᠬᠡ ᠬᠠᠭᠠᠨ ᠪ ᠰᠠᠭᠤᠷᠢᠨ ᠪ ᠬᠠᠤᠯᠢ ᠶᠣᠰᠣᠨ ᠪ ᠵᠠᠯᠭᠠᠮᠵᠢᠯᠠᠭᠴᠢ ᠪᠣᠯᠵᠤ ᠪᠣᠯᠤᠮᠤᠢ ᠃ ᠭᠡᠪᠡᠴᠦ ᠬᠤᠪᠢᠯᠠᠢ ᠰᠡᠴᠡᠨ ᠬᠠᠭᠠᠨ ᠠᠮᠢᠲᠤ ᠰᠡᠷᠡᠭᠦᠨ ᠪᠠᠶ᠋ᠢᠬᠤ  ᠳᠤ ᠪᠠᠨ ᠶᠡᠬᠡ ᠬᠠᠭᠠᠨ ᠪ ᠰᠠᠭᠤᠷᠢᠨ ᠊ᠢ ᠴᠢᠩᠬᠢᠮ ᠦ᠋ᠨ ᠬᠣᠶ᠋ᠢᠴᠢᠰ ᠲᠤ ᠤᠯᠠᠮᠵᠢᠯᠠᠭᠤᠯᠬᠤ ᠪᠠᠷ ᠲᠣᠭᠲᠠᠭᠠᠭᠰᠠᠨ ᠪᠣᠯᠬᠣᠷ ᠭᠣᠣᠯ ᠤᠲᠤᠮ ᠦ᠋ᠨ ᠵᠠᠯᠭᠠᠮᠵᠢᠯᠠᠭᠴᠢ ᠨᠢ ᠲᠡᠮᠦᠷ ᠥᠯᠵᠡᠶ᠋ᠢᠲᠦ ᠬᠠᠭᠠᠨ ᠪ ᠶᠡᠬᠡ ᠠᠬ᠎ᠠ ᠭᠠᠮᠠᠯᠠ ᠶ᠋ᠢᠨ ᠠᠬᠠᠮᠠᠳ ᠬᠥᠪᠡᠭᠦᠨ ᠡᠰᠡᠨᠲᠡᠮᠦᠷ ( ᠬᠣᠵᠢᠮ ᠦ᠋ᠨ ᠳᠠᠶ᠋ᠢᠳᠢᠩ ᠳ᠋ᠢ ᠬᠠᠭᠠᠨ ) ᠪᠣᠯᠬᠤ ᠶᠣᠰᠣᠲᠠᠢ ᠃ ᠪᠣᠯᠣᠭᠠᠨ ᠬᠠᠲᠤᠨ ᠡᠲᠡᠭᠡᠷ ᠠᠰᠠᠭᠤᠲᠠᠯ ᠊ᠢ ᠨᠠᠷᠢᠨ ᠪᠣᠲᠣᠯᠬᠢᠯᠠᠭᠰᠠᠨ ᠦᠭᠡᠢ ᠂ ᠭᠠᠭᠴᠠ ‍ᠬᠦ ᠥᠪᠡᠷ ᠶ᠋ᠢᠡᠨ ᠬᠦᠰᠢᠭᠡ ᠶ᠋ᠢᠨ ᠠᠷᠤ ᠠ᠋ᠴᠠ ᠵᠠᠰᠠᠭ ᠪᠠᠷᠢᠵᠤ ᠠᠨᠰᠢ ᠸᠠᠩ ᠠᠨᠠᠨᠲᠠ ᠪᠠᠷ ᠲᠤᠰᠠᠯᠠᠭᠤᠯᠬᠤ ᠶ᠋ᠢ ᠶᠠᠭᠠᠷᠠᠪᠴᠢᠯᠠᠨ ᠣᠷᠣᠯᠲᠣᠪᠠ ᠃
      ᠡᠷᠲᠡᠨ ᠪ ᠦᠭᠡᠨ  ᠳᠤ ᠄ 《 ᠬᠥᠮᠦᠨ ᠨᠢᠭᠡ  ᠡᠨᠳᠡᠭᠦᠷᠡᠳᠡᠭ᠂ ᠬᠦᠯᠦᠭ᠋ ᠨᠢᠭᠡ  ᠪᠥᠳᠥᠷᠢᠳᠡᠭ 》 ᠭᠡᠵᠦ ᠪᠤᠢ ᠃ ᠪᠣᠯᠣᠭᠠᠨ ᠬᠠᠲᠤᠨ ᠪ ᠪᠣᠯᠪᠠᠰᠤᠷᠠᠩᠭᠤᠢ ᠪᠤᠰᠤ ᠰᠠᠨᠠᠯ ᠊ᠢ ᠠᠬᠤᠲᠠᠢ ᠣᠷᠲᠤᠨ ᠪ ᠲᠦᠰᠢᠮᠡᠳ ᠊ᠢ ᠴᠤᠭᠯᠠᠭᠤᠯᠵᠤ ᠳᠠᠮᠵᠢᠭᠤᠯᠤᠭᠰᠠᠨ  ᠳᠤ ᠶᠣᠰᠣᠯᠠᠯ ᠪᠠ ᠲᠠᠬᠢᠯᠬ᠋᠎ᠠ ᠶ᠋ᠢᠨ ᠬᠡᠷᠡᠭ ᠊ᠢ  ᠡᠷᠬᠢᠯᠡᠭᠰᠡᠨ ᠲᠦᠰᠢᠮᠡᠯ ᠲᠢᠶᠠᠨ ᠵᠦᠩ ᠯᠢᠶᠠᠩ ᠡᠰᠡᠷᠭᠦᠴᠡᠨ ᠥᠭᠦᠯᠡᠷᠦᠨ ᠄ 《 ᠠᠨᠰᠢ ᠸᠠᠩ ᠠᠨᠠᠨᠲᠠ ᠪᠠᠷ ᠶᠡᠬᠡ ᠬᠠᠭᠠᠨ ᠪ ᠰᠠᠭᠤᠷᠢᠨ ᠊ᠢ ᠵᠠᠯᠭᠠᠮᠵᠢᠯᠠᠭᠤᠯᠬᠤ ᠠᠨᠤ ᠬᠤᠪᠢᠯᠠᠢ ᠰᠡᠴᠡᠨ ᠬᠠᠭᠠᠨ ᠪ ᠲᠣᠭᠲᠠᠭᠠᠭᠰᠠᠨ ᠬᠣᠩ ᠲᠠᠶ᠋ᠢᠽᠢ ᠶ᠋ᠢᠨ ᠳᠦᠷᠢᠮ ᠯᠤᠭᠡ ᠡᠰᠡ ᠨᠡᠶ᠋ᠢᠴᠡᠮᠦᠢ 》 ᠬᠡᠮᠡᠪᠡ ᠃

      ᠪᠠᠶ᠋ᠢᠴᠠᠭᠠᠨ ᠠᠶ᠋ᠢᠯᠠᠤᠠᠬᠠᠬᠤ ᠬᠣᠷᠢᠶ᠎ᠠ ᠶ᠋ᠢᠨ ᠳᠡᠳ᠋ ᠲᠦᠰᠢᠮᠡᠯ ᠡᡁᠸ ᠸᠧᠢ ᠵᠡᠷᠭᠡ ᠬᠥᠮᠦᠰ ᠪᠠᠰᠠ ᠥᠯᠦ ᠵᠥᠪᠰᠢᠶᠡᠷᠡᠬᠦ ᠰᠠᠨᠠᠯ ᠳᠡᠪᠰᠢᠭᠦᠯᠦᠭᠰᠡᠨ  ᠳᠤ ᠠᠬᠤᠲᠠᠢ ᠰᠠᠨᠲᠤᠷᠴᠤ ᠴᠢᠷᠠᠢ ᠬᠤᠪᠢᠯᠤᠨ ᠥᠭᠦᠯᠡᠷᠦᠨ ᠄ 《 ᠡᠨᠡ ᠪᠣᠯᠪᠠᠰᠤ ᠡᠰᠢ ᠬᠠᠲᠤᠨ ᠪ ᠵᠠᠷᠯᠢᠬ ᠪᠣᠯᠤᠮᠤᠢ ᠃ ᠲᠠ ᠨᠠᠷ ᠠᠶᠤᠮᠰᠢᠬ ᠦᠭᠡᠢ ᠡᠰᠡᠷᠭᠦᠴᠡᠬᠦ ᠰᠠᠨᠠᠯ ᠭᠠᠷᠭᠠᠵᠤ ᠦᠬᠦᠬᠦ ᠶᠠᠯ᠎ᠠ  ᠳᠤ ᠤᠨᠠᠬᠤ ᠠ᠋ᠴᠠ ᠠᠶᠤᠬᠤ ᠦᠭᠡᠢ ‍ᠦᠦ ?》 ᠬᠡᠮᠡᠭᠰᠡᠨ ᠳ᠋ᠤᠷ ᠡᡁᠸ ᠸᠧᠢ ᠪᠣᠰᠴᠤ ᠵᠣᠭᠰᠣᠭᠠᠳ ᠥᠭᠦᠯᠡᠷᠦᠨ ᠄ 《 ᠵᠢᠷᠤᠮ ᠪᠤᠰᠤ ᠪᠠᠷ ᠦᠬᠦᠬᠦ ᠡᠴᠡ ᠡᠮᠢᠶᠡᠬᠦ ᠡᠴᠡ ᠪᠢᠰᠢ ᠂ ᠵᠢᠷᠤᠮ ᠦ᠋ᠨ ᠲᠥᠯᠥᠭᠡ ᠦᠬᠦᠬᠦ ᠡᠴᠡ ᠶᠠᠭᠤᠨ ᠡᠮᠢᠶᠡᠮᠦᠢ 》 ᠬᠡᠮᠡᠪᠡᠢ ᠃
     ᠪᠠᠷᠠᠭᠤᠨ ᠭᠠᠷᠤᠨ ᠴᠢᠩᠰᠠᠩ ᠬᠠᠷᠠᠬᠠᠰᠤᠨ  ᠬᠡᠮᠡᠭᠴᠢ ᠠᠷᠬ᠋᠎ᠠ ᠤᠬᠠᠭᠠᠨ ᠲᠠᠢ ᠬᠥᠮᠦᠨ ᠪᠥᠯᠥᠭᠡ ᠃ ᠲᠡᠷᠡ ᠪᠡᠷ ᠣᠯᠠᠨ ᠲᠦᠰᠢᠮᠡᠯ ᠦ᠋ᠨ ᠦᠭᠦᠯᠡᠯᠲᠦᠬᠦ ᠶ᠋ᠢ ᠰᠣᠨᠣᠰᠤᠭᠠᠳ ᠨᠢᠭᠡ ᠦᠭᠡ ᠴᠤ᠌ ᠳᠤᠤᠭᠠᠷᠤᠭᠰᠠᠨ ᠦᠭᠡᠢ ᠃ ᠣᠷᠲᠣᠨ ᠪ ᠵᠥᠪᠯᠡᠯᠭᠡᠨ ᠲᠠᠷᠬᠠᠭᠰᠠᠨ ᠪ ᠬᠣᠶ᠋ᠢᠨ᠎ᠠ ᠡᠯ᠎ᠡ ᠬᠣᠷᠢᠶ᠎ᠠ ᠶᠠᠮᠤᠨ ᠪ ᠲᠠᠮᠠᠬ᠋᠎ᠠ ᠲᠡᠮᠲᠡᠭ ᠊ᠢ ᠬᠣᠷᠢᠶᠠᠨ ᠠᠪᠴᠤ ᠪᠢᠲᠡᠭᠦᠮᠵᠢᠯᠡᠨ ᠲᠠᠯᠪᠢᠭᠠᠳ ᠥᠪᠡᠷ ᠶ᠋ᠢᠡᠨ ᠡᠪᠡᠤᠠᠴᠢᠨ ᠲᠡᠢ ᠪᠠᠷ ᠣᠪᠯᠠᠵᠤ ᠣᠷᠲᠣᠨ ᠭᠡᠷ ᠲᠦ ᠪᠡᠨ ᠬᠣᠷᠭᠣᠲᠠᠨ ᠰᠠᠭᠤᠪᠠ ᠃ ᠪᠣᠯᠣᠭᠠᠨ ᠬᠠᠲᠤᠨ ᠬᠡᠲᠦᠨᠲᠡ ᠬᠥᠮᠦᠨ ᠲᠣᠮᠢᠯᠠᠨ ᠢᠷᠡᠭᠦᠯᠵᠦ ᠬᠠᠷᠠᠬᠠᠰᠤᠨ ᠊ᠢ ᠪᠣᠯᠭᠣᠭᠠᠵᠤ ᠦᠵᠡᠭᠰᠡᠨ ᠪᠣᠯᠪᠠᠴᠤ ᠲᠡᠷᠡ ᠤᠭᠲᠤ ᠣᠶ᠋ᠢᠰᠢᠶᠠᠭᠰᠠᠨ ᠦᠭᠡᠢ ᠪᠠᠶ᠋ᠢᠵᠤᠬᠤᠢ ᠃
     ᠲᠡᠲᠦᠢ ᠳ᠋ᠤᠷ ᠤᠮᠠᠷᠠᠲᠤ ᠬᠢᠯᠢ ᠶ᠋ᠢ ᠰᠠᠬᠢᠨ ᠰᠠᠭᠤᠭᠰᠠᠨ ᠬᠤᠸᠠᠢ ᠨᠢᠩ ᠸᠠᠩ ᠬᠠᠶ᠋ᠢᠱᠠᠨ ᠂ ᠬᠢᠯᠢ ᠶ᠋ᠢᠨ ᠰᠡᠷᠭᠡᠶ᠋ᠢᠯᠡᠯᠲᠡ ᠶ᠋ᠢᠨ ᠪᠠᠶ᠋ᠢᠲᠠᠯ ᠊ᠢ ᠮᠡᠲᠡᠭᠦᠯᠦᠷ᠎ᠡ ᠬᠠᠩᠯᠢᠨ ᠪ ᠲᠣᠭᠲᠤᠬ᠋᠎ᠠ ᠶ᠋ᠢ ᠨᠡᠶ᠋ᠢᠰᠯᠡᠯ ᠬᠣᠲᠠᠨ᠎ᠡ ᠢᠯᠡᠭᠡᠭᠰᠡᠨ ᠪᠠᠶ᠋ᠢᠵᠤᠬᠤᠢ ᠃ ᠬᠠᠷᠠᠬᠠᠰᠤᠨ ᠲᠡᠷᠡ ᠳᠠᠷᠤᠢ  ᠳᠤ ᠤᠭᠲᠤᠨ ᠠᠪᠴᠤ ᠠᠭᠤᠯᠵᠠᠭᠠᠳ ᠵᠠᠰᠠᠭ ᠲᠥᠷᠥ ᠬᠢᠮᠤᠷᠠᠯ  ᠳᠤ ᠣᠷᠣᠭᠰᠠᠨ ᠪᠠᠶ᠋ᠢᠲᠠᠯ ᠊ᠢ  ᠮᠡᠳᠡᠭᠳᠡᠵᠦ᠂ ᠭᠣᠪᠢ ᠶ᠋ᠢᠨ ᠤᠮᠠᠷ᠎ᠠ  ᠳᠤ ᠦᠤᠠᠲᠡᠷ ᠪᠤᠴᠠᠵᠤ ᠬᠠᠷᠢᠭᠠᠳ ᠬᠤᠸᠠᠢ ᠨᠢᠩ ᠸᠠᠩ ᠊ᠢ ᠳᠠᠷᠤᠢ ᠲᠦᠷᠭᠡᠨ ᠨᠡᠶ᠋ᠢᠰᠯᠡᠯ  ᠳᠤ ᠢᠷᠡᠵᠦ ᠶᠡᠬᠡ ᠬᠠᠭᠠᠨ ᠪ ᠰᠠᠭᠤᠷᠢᠨ ᠊ᠢ ᠵᠠᠯᠭᠠᠮᠵᠢᠯᠠᠬᠤ ᠶ᠋ᠢ ᠬᠦᠰᠡᠮᠵᠢᠯᠡᠪᠡ ᠃
     ᠮᠣᠩᠭᠣᠯ ᠦ᠋ᠨ ᠶᠡᠬᠡ ᠬᠠᠭᠠᠳ ᠦ᠋ᠨ ᠵᠠᠯᠭᠠᠮᠵᠢᠯᠠᠭᠴᠢ ᠶ᠋ᠢ ᠰᠣᠩᠭᠣᠨ ᠲᠣᠭᠲᠠᠭᠠᠬᠤ ᠨᠢ  ᠥᠩᠭᠡᠷᠡᠭᠰᠡᠨ ᠳᠤ ᠢᠮᠠᠭᠲᠠ ᠠᠯᠲᠠᠨ ᠤᠷᠤᠭ ᠦ᠋ᠨ ᠳᠣᠲᠣᠭᠠᠳᠤ ᠬᠡᠷᠡᠭ ᠪᠠᠶ᠋ᠢᠪᠠ ᠃ ᠣᠯᠠᠨ ᠲᠦᠰᠢᠮᠡᠯ ᠵᠥᠪᠬᠡᠨ ᠬᠠᠵᠠᠭᠤ ᠠ᠋ᠴᠠ ᠰᠣᠨᠣᠰᠤᠨ ᠬᠤᠪᠢ ᠬᠤᠪᠢ ᠶ᠋ᠢᠨ ᠶ᠋ᠢᠡᠨ ᠡᠵᠡᠨ ᠪ ᠪᠡᠨ ᠲᠥᠯᠥᠭᠡ ᠴᠢᠷᠮᠠᠶ᠋ᠢᠲᠠᠭ ᠪᠥᠯᠥᠭᠡ ᠃ ᠡᠲᠦᠭᠡ ᠬᠠᠷᠠᠬᠠᠰᠤᠨ ᠬᠠᠷᠢᠨ ᠬᠠᠲᠤᠨ ᠪ ᠵᠠᠷᠯᠢᠬ ᠊ᠢ ᠵᠥᠷᠢᠴᠡᠵᠦ ᠥᠪᠡᠷ ᠦ᠋ᠨ ᠰᠠᠨᠠᠭᠠᠨ  ᠳᠤ ᠲᠣᠬᠢᠷᠠᠭᠰᠠᠨ ᠬᠠᠭᠠᠨ ᠡᠵᠡᠨ ᠊ᠢ ᠪᠠᠶ᠋ᠢᠭᠤᠯᠬᠤ ᠪᠠᠷ ᠬᠦᠴᠦᠯᠡᠨ ᠣᠷᠣᠯᠲᠣᠪᠠ ᠃ ᠲᠡᠭᠦᠨ ᠪ ᠡᠨᠡ ᠣᠷᠣᠯᠲᠣᠯᠬ᠋᠎ᠠ ᠨᠢ ᠶᠤᠸᠠᠨ ᠤᠯᠤᠰ ᠦ᠋ᠨ ᠵᠠᠰᠠᠭ ᠲᠥᠷᠥ  ᠳᠤ ᠲᠡᠷᠢᠭᠦᠯᠡᠭᠰᠡᠨ ᠲᠦᠰᠢᠮᠡᠯ ᠶᠡᠬᠡ ᠡᠷᠬᠡ ᠶ᠋ᠢ ᠬᠤᠯᠠᠭᠠᠶ᠋ᠢᠯᠠᠵᠤ 《 ᠡᠷᠬᠡᠲᠦ ᠰᠠᠶ᠋ᠢᠳ ᠦ᠋ᠨ ᠤᠯᠤᠰ ᠲᠥᠷᠥ 》 ᠪᠤᠢ ᠪᠣᠯᠬᠤ ᠦᠨᠲᠦᠰᠦ ᠶ᠋ᠢ ᠬᠠᠤᠠᠬᠤᠪᠠ ᠃ ᠥᠭᠡᠷ᠎ᠡ ᠪᠡᠷ ᠬᠡᠯᠡᠪᠡᠯ ᠂ ᠬᠤᠪᠢᠯᠠᠢ ᠰᠡᠴᠡᠨ ᠬᠠᠭᠠᠨ ᠪ ᠰᠡᠵᠢᠭ᠌ᠯᠡᠯᠲᠡ ᠨᠢ ᠲᠡᠦᠬᠡᠨ ᠦᠨᠡᠨ ᠪᠣᠯᠤᠭᠰᠠᠨ ᠪ ᠬᠣᠶᠠᠲᠤᠭᠠᠷ ᠱᠠᠲᠤ ᠦᠶ᠎ᠡ ᠡᠬᠢᠯᠡᠭᠰᠡᠨ ᠶᠠᠪᠤᠲᠠᠯ ᠪᠣᠯᠤᠮᠤᠢ ᠃
     ᠲᠡᠨᠲᠡᠴᠡ ᠬᠠᠩᠯᠢᠨ ᠪ ᠲᠣᠭᠲᠤᠬ᠋᠎ᠠ ᠪᠠᠷ ᠪᠠᠷᠠᠭᠤᠨ ᠭᠠᠷᠤᠨ ᠴᠢᠩᠰᠠᠩ ᠬᠠᠷᠠᠬᠠᠰᠤᠨ ᠪ ᠠᠮᠠᠨ ᠠ᠋ᠴᠠ ᠨᠡᠶ᠋ᠢᠰᠯᠡᠯ ᠬᠣᠲᠠ ᠶ᠋ᠢᠨ ᠪᠠᠶ᠋ᠢᠲᠠᠯ ᠊ᠢ ᠣᠶ᠋ᠢᠯᠠᠭᠠᠵᠤ ᠭᠣᠪᠢ ᠶ᠋ᠢᠨ ᠤᠮᠠᠷ᠎ᠠ  ᠳᠤ ᠪᠤᠴᠠᠬᠤ ᠪᠠᠷ ᠪᠣᠯᠪᠠ ᠃ ᠭᠡᠲᠡᠯ᠎ᠡ ᠪᠣᠯᠣᠭᠠᠨ ᠬᠠᠲᠤᠨ ᠬᠡᠲᠦᠶ᠋ᠢᠨ ᠥᠷᠲᠡᠭᠡ ᠤᠯᠠᠬ᠋᠎ᠠ ᠶ᠋ᠢᠨ ᠶᠠᠮᠤᠨ  ᠳᠤ ᠨᠢᠭᠤᠴᠠ ᠵᠠᠷᠯᠢᠬ ᠪᠠᠭᠤᠯᠭᠠᠵᠤ ᠨᠠᠭᠠᠰᠢ ᠴᠠᠭᠠᠰᠢ ᠶᠠᠪᠤᠯᠴᠠᠬᠤ ᠡᠯᠴᠢᠨ ᠊ᠢ ᠬᠣᠷᠢᠬᠯᠠᠭᠰᠠᠨ ᠪᠠᠶ᠋ᠢᠵᠤᠬᠤᠢ ᠃
     ᠬᠠᠩᠯᠢᠨ ᠪ ᠲᠣᠭᠲᠤᠬ᠋᠎ᠠ ᠶ᠋ᠢᠨ ᠠᠬ᠎ᠠ ᠠᠱᠠᠪᠤᠬ᠎ᠡ ᠪᠣᠯ ᠲᠥᠷᠥ  ᠳᠤ ᠮᠥᠨ ᠶᠡᠬᠡ ᠲᠦᠰᠢᠮᠡᠯ ᠰᠠᠭᠤᠵᠤ ᠪᠤᠢ ᠃ ᠲᠡᠷᠡ ᠪᠡᠷ ᠵᠠᠰᠠᠭ ᠲᠥᠷᠥ ᠶ᠋ᠢᠨ ᠪᠠᠶ᠋ᠢᠲᠠᠯ ᠪᠠᠴᠢᠮ ᠪᠣᠯᠤᠭᠰᠠᠨ ᠊ᠢ ᠦᠵᠡᠭᠡᠳ ᠥᠷᠲᠡᠭᠡ ᠤᠯᠠᠬ᠋᠎ᠠ ᠶ᠋ᠢᠨ ᠶᠠᠮᠤᠨ ᠪ ᠨᠣᠶᠠᠨ ᠴᠠᠨᠡᠢ ᠯᠤᠬ᠋᠎ᠠ ᠵᠥᠪᠯᠡᠭᠡᠳ ᠤᠮᠠᠷᠠᠲᠤ ᠬᠢᠯᠢ  ᠳᠤ ᠬᠦᠷᠭᠡᠬᠦ  ᠪᠢᠴᠢᠭ᠌ ᠦ᠋ᠨ ᠡᠲᠦᠷ ᠴᠠᠭ ᠊ᠢ ᠥᠭᠡᠷᠡᠴᠢᠯᠡᠨ ᠪᠣᠯᠣᠭᠠᠨ ᠬᠠᠲᠤᠨ ᠪ ᠨᠢᠭᠤᠴᠠ ᠵᠠᠷᠯᠢᠬ ᠪᠠᠭᠤᠯᠭᠠᠬᠤ ᠠ᠋ᠴᠠ ᠡᠮᠦᠨᠡᠬᠢ ᠪᠢᠴᠢᠭ᠌ ᠮᠠᠲ᠋ᠧᠷᠢᠶᠠᠯ ᠪᠣᠯᠭᠠᠭᠠᠳ ᠬᠠᠩᠯᠢᠨ ᠪ ᠲᠣᠭᠲᠤᠬ᠋᠎ᠠ  ᠳᠤ ᠥᠬ᠋ᠴᠦ ᠤᠮᠠᠷᠠᠰᠢ ᠮᠣᠷᠲᠠᠭᠤᠯᠪᠠ ᠃
     ᠬᠠᠩᠯᠢᠨ ᠪ ᠲᠣᠭᠲᠤᠬ᠋᠎ᠠ ᠥᠷᠲᠡᠭᠡ ᠳᠠᠮᠵᠢᠨ ᠡᠲᠦᠷᠵᠢᠨ ᠰᠥᠨᠢᠵᠢᠨ ᠠᠶᠠᠯᠠᠭᠠᠳ ᠤᠲᠠᠭᠰᠠᠨ ᠦᠭᠡᠢ ᠠᠮᠤᠷ ᠲᠦᠪᠰᠢᠨ ᠶ᠋ᠢᠡᠷ ᠬᠤᠸᠠᠢ ᠨᠢᠩ ᠸᠠᠩ ᠬᠠᠶ᠋ᠢᠱᠠᠨ ᠪ ᠣᠷᠲᠣᠨ  ᠳᠤ ᠪᠤᠴᠠᠵᠤ ᠢᠷᠡᠪᠡ ᠃ ᠬᠠᠶ᠋ᠢᠱᠠᠨ ᠨᠡᠶ᠋ᠢᠰᠯᠡᠯ ᠬᠣᠲᠠ ᠶ᠋ᠢᠨ ᠪᠠᠶ᠋ᠢᠲᠠᠯ ᠊ᠢ ᠣᠶ᠋ᠢᠯᠠᠭᠠᠵᠤ ᠂ ᠶᠡᠬᠡ ᠬᠠᠭᠠᠨ ᠪ ᠰᠠᠭᠤᠷᠢᠨ ᠊ᠢ ᠲᠡᠮᠡᠴᠡᠨ ᠣᠯᠬᠤ ᠰᠡᠤᠠᠬᠢᠯ ᠲᠤᠯᠭᠠᠮ ᠪᠠᠶ᠋ᠢᠬᠰᠠᠨ ᠪᠣᠯᠪᠠᠴᠤ ᠲᠡᠷᠡ ᠳᠠᠷᠤᠢ  ᠳᠤ ᠴᠡᠷᠢᠭ  ᠲᠡᠶ᠋ᠢᠴᠢᠯᠠᠨ ᠨᠡᠶ᠋ᠢᠰᠯᠡᠯ ᠬᠣᠲᠠ ᠣᠷᠣᠭᠰᠠᠨ ᠦᠭᠡᠢ ᠂ ᠬᠠᠷᠢᠨ ᠵᠠᠰᠠᠭ ᠲᠥᠷᠥ ᠶ᠋ᠢᠨ ᠬᠤᠪᠢᠷᠠᠯᠲᠠ ᠶ᠋ᠢᠨ ᠪᠠᠶ᠋ᠢᠲᠠᠯ ᠊ᠢ ᠠᠵᠢᠬᠯᠠᠵᠤ ᠰᠠᠭᠤᠪᠠ ᠃
     ᠬᠠᠶ᠋ᠢᠱᠠᠨ ᠪᠠᠷ ᠳ᠋ᠠ ᠳ᠋ᠧ ᠶ᠋ᠢᠨ ᠭᠤᠷᠪᠠᠲᠤᠭᠠᠷ ᠣᠨ (1299 ᠣᠨ )  ᠳᠤ ᠨᠢᠩ ᠶᠤᠸᠠᠨ ᠸᠠᠩ ᠬᠥᠭᠡᠴᠦ ( ᠬᠤᠪᠢᠯᠠᠢ ᠶ᠋ᠢᠨ ᠦᠬᠦᠰᠢᠨ ᠬᠠᠲᠤᠨ ᠠ᠋ᠴᠠ  ᠲᠥᠷᠥᠭᠰᠡᠨ ᠬᠥᠪᠡᠭᠦᠨ ) ᠶ᠋ᠢ ᠣᠷᠣᠯᠠᠨ ᠬᠠᠶ᠋ᠢᠲᠤ ᠂ ᠲᠣᠦ᠎ᠡ ᠨᠠᠷ ᠦ᠋ᠨ ᠲᠣᠶ᠋ᠢᠪᠠᠭᠡᠯᠭᠡ ᠶ᠋ᠢ ᠰᠡᠷᠭᠡᠶ᠋ᠢᠯᠡᠬᠦ ᠶ᠋ᠢᠨ ᠲᠥᠯᠥᠭᠡ ᠵᠠᠷᠯᠢᠬ ᠶ᠋ᠢᠠᠷ ᠭᠣᠪᠢ ᠶ᠋ᠢᠨ ᠤᠮᠠᠷᠠᠲᠤ  ᠳᠤ ᠢᠷᠡᠵᠦ ᠰᠠᠬᠢᠨ ᠰᠠᠭᠤᠭᠰᠠᠨ ᠲᠤᠯᠠ  ᠴᠡᠷᠢᠭ ᠦ᠋ᠨ ᠡᠷᠬᠡ ᠶ᠋ᠢ ᠠᠤᠠᠬᠤᠵᠤ ᠶᠡᠬᠡ ᠬᠠᠭᠠᠨ ᠪ ᠰᠠᠭᠤᠷᠢᠨ ᠊ᠢ ᠪᠤᠯᠢᠶᠠᠯᠲᠤᠬᠤ ᠭᠣᠣᠯ ᠬᠦᠴᠦᠨ ᠪᠣᠯᠤᠭᠰᠠᠨ ᠠᠵᠤᠭᠤ ᠃
     ᠬᠠᠷᠠᠬᠠᠰᠤᠨ ᠪᠠᠷ ᠬᠠᠩᠯᠢᠨ ᠪ ᠲᠣᠭᠲᠤᠬ᠋᠎ᠠ ᠶ᠋ᠢ ᠳᠠᠯᠳᠠᠭᠤᠷ ᠤᠮᠠᠷᠠᠲᠤ ᠬᠢᠯᠢ  ᠳᠤ ᠢᠯᠡᠭᠡᠵᠦ ᠬᠤᠸᠠᠢ ᠨᠢᠩ ᠸᠠᠩ ᠬᠠᠶ᠋ᠢᠱᠠᠨ  ᠳᠤ ᠨᠢᠭᠤᠴᠠ ᠮᠡᠲᠡᠭᠡ  ᠬᠦᠷᠭᠡᠯᠭᠡᠭᠰᠡᠨ ᠪ ᠬᠠᠮᠲᠤ ᠬᠤᠸᠠᠶ᠋ᠢᠵᠸᠦ  ᠳᠤ ᠪᠠᠰᠠ ᠬᠥᠮᠦᠨ ᠢᠯᠡᠭᠡᠵᠦ ᠂ ᠵᠠᠰᠠᠭ ᠲᠥᠷᠥ ᠶ᠋ᠢᠨ ᠪᠠᠴᠢᠮ ᠪᠠᠶ᠋ᠢᠲᠠᠯ ᠊ᠢ ᠠᠶᠤᠷᠪᠠᠷᠸᠠᠲᠠ  ᠳᠤ  ᠮᠡᠳᠡᠭᠳᠡᠵᠦ ᠦᠤᠠᠲᠡᠷ ᠲᠦᠷᠭᠡᠨ ᠠᠷᠬ᠋᠎ᠠ ᠬᠡᠮᠵᠢᠶ᠎ᠡ ᠠᠪᠬᠤ ᠶ᠋ᠢ ᠰᠠᠨᠠᠭᠤᠯᠪᠠ ᠃
     ᠠᠶᠤᠷᠪᠠᠷᠸᠠᠲᠠ ᠂ ᠬᠠᠷᠠᠬᠠᠰᠤᠨ ᠪ ᠨᠢᠭᠤᠴᠠ ᠴᠢᠮᠡᠭᠡ ᠶ᠋ᠢ ᠣᠯᠤᠭᠠᠳ ᠨᠢᠭᠡᠨ ᠴᠠᠭ ᠲᠤ ᠶᠠᠭᠠᠬᠢᠬᠤ ᠪᠠᠨ ᠣᠯᠬᠤ ᠦᠭᠡᠢ ᠪᠣᠯᠵᠤ ᠪᠠᠭᠰᠢ ᠯᠢ ᠮᠸᠩ ᠊ᠢ ᠡᠷᠢᠵᠦ ᠵᠥᠪᠲᠡᠪᠡᠰᠦ ᠂ ᠯᠢ ᠮᠸᠩ ᠥᠭᠦᠯᠡᠷᠦᠨ ᠄ 《 ᠠᠭᠯᠠᠬ᠋᠎ᠠ ᠲᠥᠷᠥᠯ ᠦ᠋ᠨ ᠠᠴᠢᠨᠠᠷ ᠶᠡᠬᠡ ᠬᠠᠭᠠᠨ ᠪ ᠣᠷᠣ ᠶ᠋ᠢ ᠵᠠᠯᠭᠠᠮᠵᠢᠯᠠᠵᠤ ᠥᠯᠦ ᠪᠣᠯᠤᠮᠤᠢ ᠃ ᠡᠨᠡ ᠪᠣᠯᠪᠠᠰᠤ ᠱᠶ᠋ᠽᠦ ( ᠬᠤᠪᠢᠯᠠᠢ ) ᠬᠠᠭᠠᠨ ᠪ ᠵᠠᠰᠠᠭ ᠰᠤᠷᠭᠠᠯ ᠪᠤᠶᠤ ᠃ ᠡᠲᠦᠭᠡ ᠶᠡᠬᠡ ᠬᠠᠭᠠᠨ ᠬᠠᠯᠢᠵᠤ ᠂ ᠬᠤᠸᠠᠢ ᠨᠢᠩ ᠸᠠᠩ ( ᠬᠠᠶ᠋ᠢᠱᠠᠨ ) ᠠᠯᠤᠰ ᠬᠣᠯᠠ ᠬᠢᠯᠢ ᠬᠢᠵᠠᠭᠠᠷ ᠊ᠢ ᠰᠠᠬᠢᠨ ᠰᠠᠭᠤᠵᠤ ᠨᠢᠭᠡᠨ ᠴᠠᠭ ᠳᠤᠷ ᠪᠤᠴᠠᠵᠤ ᠢᠷᠡᠬᠦᠶ᠎ᠡ ᠪᠡᠷᠬᠡ ᠠᠵᠤᠭᠤ ᠃ ᠡᠶ᠋ᠢᠨ ‍ᠬᠦ ᠵᠠᠰᠠᠭ ᠲᠥᠷᠥ ᠬᠦᠨᠲᠦ ᠬᠢᠮᠤᠷᠠᠯ  ᠳᠤ ᠤᠴᠠᠷᠠᠭᠰᠠᠨ ᠪᠠᠴᠢᠮ ᠲᠤᠯᠭᠠᠮ ᠦᠶ᠎ᠡ  ᠳᠤ ᠨᠣᠶᠠᠨ ᠪᠠᠷ ᠡᠬᠡ ᠬᠠᠲᠤᠨ ᠊ᠢ ᠲᠡᠤᠠᠬᠦᠵᠦ ᠨᠡᠶ᠋ᠢᠰᠯᠡᠯ ᠬᠣᠲᠠᠨ  ᠳᠤ ᠦᠤᠠᠲᠡᠷ ᠬᠦᠷᠴᠦ ᠰᠥᠷᠭᠡᠦ ᠡᠲᠡᠭᠡᠳ ᠦ᠋ᠨ ᠤᠪ ᠮᠡᠬᠡ ᠶ᠋ᠢ ᠵᠠᠲᠠ ᠢᠯᠡᠴᠢᠯᠡᠪᠡᠰᠦ ᠵᠣᠬᠢᠯᠲᠠᠢ ᠃ ᠬᠡᠷᠪᠡ ᠵᠠᠯᠢᠬᠠᠢ ᠠᠷᠠᠳ ᠡᠷᠬᠡ ᠶ᠋ᠢ ᠡᠵᠡᠷᠬᠡᠭᠯᠡᠨ ᠠᠶ᠋ᠢᠯᠠᠤᠠᠬᠠᠯ ᠦ᠋ᠨ  ᠪᠢᠴᠢᠭ᠌ ᠡᠷᠭᠦᠵᠦ ᠂ ᠵᠠᠷᠯᠢᠬ ᠶ᠋ᠢᠠᠷ ᠨᠡᠶ᠋ᠢᠰᠯᠡᠯ ᠬᠣᠲᠠᠨ᠎ᠡ ᠳᠠᠭᠤᠳᠠᠪᠠᠰᠤ ᠨᠣᠶᠠᠨ ᠲᠠ ᠡᠬᠡ ᠬᠥᠪᠡᠭᠦᠨ ᠬᠣᠶᠠᠭᠤᠯᠠ ᠶ᠋ᠢᠨ ᠠᠮᠢ ᠨᠠᠰᠤ ᠬᠠᠮᠢᠭᠠᠰᠢ ᠪᠣᠯᠬᠤ ᠶ᠋ᠢ ᠪᠤᠤ ᠮᠡᠲᠡ ᠃ ᠨᠡᠩᠲᠡ ᠤᠭᠰᠠᠬ᠋᠎ᠠ ᠲᠥᠷᠥᠯ ᠦ᠋ᠨ ᠬᠤᠪᠢ ᠵᠠᠶᠠᠬ᠋᠎ᠠ ᠶᠠᠮᠠᠷ ᠪᠣᠯᠬᠤ ᠶ᠋ᠢ ᠬᠡᠨ ᠊ᠢ ᠎ᠠ ᠲᠦᠰᠦᠪᠯᠡᠭᠦᠶ᠎ᠡ ᠪᠡᠷᠬᠡ 》 ᠬᠡᠮᠡᠪᠡ ᠃
     ᠯᠢ ᠮᠸᠩ ᠪᠣᠯᠪᠠᠰᠤ ᠱᠠᠩ ᠳ᠋ᠠᠩ ( ᠣᠲᠣ ᠶ᠋ᠢᠨ ᠱᠠᠨ ᠰᠢ ᠵᠢᠨ ᠴᠠᠩ ᡁᠢ ) ᠦ᠋ᠨ ᠬᠥᠮᠦᠨ ᠂  ᠡᠷᠭᠦᠭᠰᠡᠨ ᠨᠡᠷ᠎ᠡ ᠢᠨᠦ ᠳ᠋ᠣᠣ ᠹᠦ᠋ ᠬᠡᠮᠡᠮᠦᠢ ᠃ ᠪᠠᠬ᠋᠎ᠠ ᠠ᠋ᠴᠠ ᠬᠤᠷᠴᠠ ᠰᠡᠷᠭᠦᠯᠡᠩ ᠂ ᠰᠤᠷᠬᠤᠢ ᠳ᠋ᠤᠷ ᠳᠤᠷᠠᠲᠠᠢ ᠂ ᠳᠣᠯᠣᠭᠠᠨ ᠨᠠᠰᠤᠨ ᠠ᠋ᠴᠠ ᠡᠬᠢᠯᠡᠨ  ᠰᠢᠯᠦᠭ ᠵᠣᠬᠢᠶᠠᠯ ᠵᠣᠬᠢᠶᠠᠵᠤ ᠂ ᠴᠡᠭᠡᠵᠢ ᠰᠡᠷᠭᠡᠢ ᠂ ᠵᠣᠷᠢᠬ ᠬᠠᠲᠠᠭᠤ ᠂ ᠲᠡᠦᠬᠡ ᠰᠤᠲᠤᠷ ᠲᠤ ᠨᠡᠪᠲᠡᠷᠡᠵᠦ ᠡᠷᠲᠡᠨ ᠡᠲᠦᠭᠡᠬᠢ ᠬᠠᠭᠠᠳ ᠦ᠋ᠨ ᠣᠯᠵᠤ ᠠᠯᠲᠠᠭᠰᠠᠨ ᠪᠠ ᠡᠩᠬᠡ ᠰᠠᠮᠠᠭᠤᠨ ᠊ᠢ ᠢᠯᠭᠠᠨ ᠥᠭᠦᠯᠡᠬᠦ ᠳ᠋ᠦ ᠮᠡᠷᠭᠡᠨ ᠪᠤᠶᠤ ᠃ ᠨᠢᠭᠡᠨ ᠲᠥᠯᠭᠡ ᠦᠵᠡᠭᠴᠢ ᠯᠢ ᠮᠸᠩ ᠊ᠢ ᠲᠥᠯᠭᠡᠲᠡᠭᠡᠳ 《 ᠽᠠᠶ᠋ᠢᠰᠢᠶᠠᠩ ᠦ᠋ᠨ ᠴᠢᠲᠠᠪᠤᠷᠢ ᠲᠠᠢ 》 ᠬᠡᠮᠡᠪᠡ ᠃ ᠲᠡᠮᠦᠷ ᠥᠯᠵᠡᠶ᠋ᠢᠲᠦ ᠬᠠᠭᠠᠨ ᠪ ᠦᠶ᠎ᠡ  ᠳᠤ ᠂ ᠲᠡᠮᠦᠷ ᠦ᠋ᠨ ᠡᠬᠡ ᠬᠦᠭᠡᠵᠢᠨ ᠬᠠᠲᠤᠨ ( ᠴᠢᠩᠭᠢᠮ ᠦ᠋ᠨ ᠬᠠᠲᠤᠨ ) ᠯᠢ ᠮᠸᠩ ᠊ᠢ ᠵᠠᠯᠠᠵᠤ ᠠᠪᠴᠢᠷᠠᠭᠠᠳ ᠠᠶᠤᠷᠪᠠᠷᠸᠠᠲᠠ  ᠳᠤ ᠪᠠᠭᠰᠢ ᠲᠠᠨᠢᠭᠤᠯᠪᠠ ᠃ ᠰᠡᠭᠦᠯᠡᠷ ᠨᠢ ᠠᠶᠤᠷᠪᠠᠷᠸᠠᠲᠠ ᠶ᠋ᠢ ᠬᠤᠸᠠᠶ᠋ᠢᠵᠸᠦ  ᠳᠤ ᠰᠢᠯᠵᠢᠭᠦᠯᠦᠨ ᠶᠠᠪᠤᠭᠤᠯᠤᠭᠰᠠᠨ  ᠳᠤ ᠯᠢ ᠮᠸᠩ ᠭᠠᠭᠴᠠᠭᠠᠷ  ᠮᠣᠷᠢ ᠤᠨᠤᠵᠤ ᠨᠡᠬᠡᠵᠦ ᠢᠷᠡᠭᠡᠳ ᠰᠢᠲᠤᠷᠭᠤ ᠪᠠᠷ ᠦᠢᠯᠡᠴᠢᠯᠡᠭᠰᠡᠨ ᠠᠵᠤᠭᠤ ᠃
        ᠯᠢ ᠮᠸᠩ  ᠪᠠᠷ ᠠᠶᠤᠷᠪᠠᠷᠸᠠᠲᠠ  ᠳᠤ ᠦᠷᠭᠦᠯᠵᠢ ᠠᠴᠢᠯᠠᠯ ᠡᠯᠪᠡᠷᠢᠯ ᠦ᠋ᠨ ᠶᠣᠰᠣᠨ ᠊ᠢ ᠲᠠᠶ᠋ᠢᠯᠪᠤᠷᠢᠯᠠᠵᠤ ᠄ 《 ᠶᠤᠤ ᠱᠦᠨ ᠪ ᠶᠣᠰᠣᠨ  ᠬᠡᠮᠡᠭᠴᠢ ᠠᠴᠢᠯᠠᠯ ᠳᠡᠭᠦᠴᠢᠯᠡᠯ ᠳ᠋ᠤᠷ ᠪᠠᠶ᠋ᠢᠮᠤᠢ ᠃ ᠡᠲᠦᠭᠡ ᠴᠢᠨᠦ ᠠᠬ᠎ᠠ ᠠᠯᠤᠰ ᠬᠣᠯᠠ ᠤᠮᠠᠷᠠᠲᠤ ᠬᠢᠯᠢ  ᠳᠤ ᠪᠤᠢ ᠂ ᠡᠬᠡ ᠴᠢᠨᠦ ᠭᠠᠲᠠᠷ ᠭᠠᠵᠠᠷ ᠴᠠᠭᠠᠯᠠᠨ ᠰᠡᠤᠠᠬᠢᠯ  ᠪᠣᠬᠢᠨᠢᠲᠤᠨᠠᠮ᠃ ᠨᠣᠶᠠᠨ ᠲᠠᠨ ᠡᠬᠡ ᠶ᠋ᠢᠨ ᠰᠡᠤᠠᠬᠢᠯ ᠊ᠢ ᠦᠷᠭᠦᠯᠵᠢᠲᠡ ᠪᠠᠶᠠᠷᠯᠠᠭᠤᠯᠬᠤ ᠶ᠋ᠢ ᠰᠠᠨᠠᠵᠤ ᠭᠦᠢᠴᠡᠤᠠᠭᠡᠪᠡᠰᠦ ᠠᠴᠢᠯᠠᠯ ᠡᠯᠪᠡᠷᠢᠯ ᠦ᠋ᠨ ᠶᠣᠰᠣᠨ ᠳ᠋ᠤᠷ  ᠨᠡᠪᠲᠡᠷᠡᠭᠰᠡᠨ ᠪᠣᠯᠤᠮᠤᠢ 》 ᠭᠡᠬᠦ ᠪᠥᠯᠥᠭᠡ ᠃ ᠠᠶᠤᠷᠪᠠᠷᠸᠠᠲᠠ ᠪᠠᠷ ᠪᠠᠭᠰᠢ ᠶ᠋ᠢᠨ ᠶ᠋ᠢᠡᠨ ᠰᠤᠷᠭᠠᠯ ᠊ᠢ ᠪᠠᠲᠤ ᠴᠡᠭᠡᠵᠢᠯᠡᠵᠦ ᠡᠲᠦᠷ ᠪᠦᠷᠢ ᠡᠬᠡ ᠪᠡᠨ ᠪᠠᠶᠠᠷᠯᠠᠭᠤᠯᠵᠤ ᠢᠲᠡᠬᠦ ᠤᠤᠭᠤᠬᠤ ᠤᠨᠲᠠᠬᠤ ᠬᠡᠪᠲᠡᠬᠦ ᠬᠦᠷᠲᠡᠯ᠎ᠡ ᠣᠨᠴᠠ ᠠᠩᠬᠠᠷᠤᠨ ᠬᠠᠷᠠᠭᠠᠯᠵᠠᠵᠤ ᠂ ᠬᠣᠯᠠ ᠣᠶ᠋ᠢᠷ᠎ᠠ  ᠳᠤ ᠪᠠᠨ 《 ᠡᠯᠪᠡᠷᠢᠯᠲᠦ ᠬᠥᠪᠡᠭᠦᠨ 》 ᠭᠡᠮᠡᠨ ᠠᠯᠲᠠᠷᠰᠢᠪᠠ ᠃
        ᠠᠶᠤᠷᠪᠠᠷᠸᠠᠲᠠ ᠂ ᠪᠠᠭᠰᠢ ᠯᠢ ᠮᠸᠩ ᠦ᠋ᠨ ᠡᠨᠡ ᠠᠩᠬᠢ ᠥᠭᠦᠯᠡᠯ ᠊ᠢ ᠰᠣᠨᠣᠰᠤᠭᠠᠳ  ᠰᠡᠭᠡᠰᠭᠢᠵᠦ ᠡᠬᠡ ᠳ᠋ᠠᠵᠢ ᠶ᠋ᠢ ᠡᠷᠢᠵᠦ ᠣᠴᠢᠭᠠᠳ ᠵᠥᠪᠲᠡᠪᠡᠰᠦ ᠳ᠋ᠠᠵᠢ ᠬᠠᠲᠤᠨ 《 ᠴᠠᠭ ᠊ᠢ ᠠᠮᠵᠢᠨ ᠦᠤᠠᠲᠡᠷ ᠨᠡᠶ᠋ᠢᠰᠯᠡᠯ  ᠳᠤ ᠣᠷᠣᠰᠤᠭᠠᠢ ! 》 ᠬᠡᠮᠡᠪᠡ ᠃ ᠲᠡᠶ᠋ᠢᠨ ‍ᠬᠦ ᠠᠶᠤᠷᠪᠠᠷᠸᠠᠲᠠ ᠡᠬᠡ ᠪᠡᠨ ᠬᠠᠮᠵᠢᠨ ᠨᠡᠶ᠋ᠢᠰᠯᠡᠯ ᠬᠣᠲᠠᠨ᠎ᠠ ᠢᠷᠡᠭᠡᠳ  ᠨᠢᠭᠡᠨᠲᠡᠭᠡᠭᠦᠷ ᠳᠣᠲᠣᠭᠠᠳᠤ ᠣᠷᠲᠣᠨ  ᠳᠤ ᠣᠷᠣᠵᠤ ᠶᠡᠬᠡ ᠬᠠᠭᠠᠨ ᠪ ᠴᠢᠨᠲᠠᠷ ᠲᠤᠷ ᠮᠥᠷᠭᠥᠵᠦ ᠭᠠᠰᠢᠭᠤᠲᠠᠨ ᠤᠬᠢᠯᠠᠵᠤ ᠠᠷᠢᠬᠢ ᠳᠤᠰᠤᠭᠠᠨ ᠰᠠᠴᠤᠯᠢ ᠡᠷᠭᠦᠭᠡᠳ ᠬᠠᠭᠤᠴᠢᠨ ᠣᠷᠲᠣᠨ  ᠳᠤ ᠪᠠᠨ ᠣᠴᠢᠵᠤ ᠰᠠᠭᠤᠪᠠ ᠃ᠨᠦᠭᠦᠭᠡᠳᠡᠭᠡᠭᠦᠷ   ᠯᠢ ᠮᠸᠩ ᠊ᠢ ᠵᠠᠷᠤᠵᠤ ᠪᠠᠷᠭᠠᠳ ᠭᠠᠷᠤᠨ ᠴᠢᠩᠰᠠᠩ ᠬᠠᠷᠠᠬᠠᠰᠳ ᠪ ᠣᠷᠳᠣᠨ ᠎ ᠳᠤ ᠢᠯᠡᠭᠡᠵᠦ ᠵᠠᠰᠠᠭ ᠲᠥᠷᠥ  ᠶ᠋ᠢᠨ ᠪᠠᠶ᠋ᠢᠳᠠᠯ ᠊ᠢ ᠣᠶ᠋ᠢᠯᠠᠭᠠᠭᠤᠯᠪᠠ᠃
      ᠯᠢ ᠮᠸᠩ ᠬᠠᠷᠠᠬᠠᠰᠳ ᠪ ᠣᠷᠳᠣᠨ᠎ᠠ  ᠬᠦᠷᠦᠭᠰᠡᠨ ᠳᠤ ᠪᠣᠯᠤᠭᠠᠨ ᠬᠠᠲᠤᠨ ᠪ ᠵᠠᠷᠤᠭᠰᠠᠨ ᠬᠥᠮᠦᠨ ᠶᠠᠭ ᠲᠡᠨᠲᠡ ᠪᠠᠶ᠋ᠢᠬᠰᠠᠨ ᠲᠡᠢ ᠲᠠᠭᠠᠷᠠᠯᠳᠤᠪᠠ᠃ ᠯᠢ ᠮᠸᠩ ᠂ ᠡᠮᠴᠢ ᠬᠥᠮᠦᠨ ᠪ ᠶᠠᠩᠵᠤ ᠪᠠᠷ  ᠣᠪᠯᠠᠵᠤ ᠴᠢᠷᠠᠢ ᠶ᠋ᠢ ᠲᠠᠯᠪᠢᠨ ᠲᠦᠪ  ᠶᠡᠬᠡᠮᠰᠦᠭ ᠶ᠋ᠢᠡᠷ ᠬᠠᠷᠠᠬᠠᠰᠳ  ᠳᠤ ᠭᠦᠨ ᠪᠥᠬᠥᠶ᠋ᠢᠵᠦ ᠶᠣᠰᠣᠯᠠᠭᠠᠳ ᠳᠡᠷᠭᠡᠳᠡ ᠨᠢ ᠰᠠᠭᠤᠭᠠᠳ ᠰᠤᠲᠠᠯ ᠪᠠᠷᠢᠪᠠ ᠃ ᠣᠯᠠᠨ ᠶ᠋ᠢᠠᠷ ᠶ᠋ᠢᠠᠨ ᠴᠥᠮ ᠲᠡᠭᠦᠨ ᠊ᠢ ᠬᠠᠷᠠᠬᠠᠰᠳ ᠎ ᠳᠤ ᠡᠪᠡᠳᠴᠢᠨ ᠦᠵᠡᠬᠦ ᠪᠡᠷ  ᠢᠷᠡᠭᠰᠡᠨ ᠡᠮᠴᠢ ᠬᠡᠮᠡᠨ ᠰᠡᠤᠠᠬᠢᠭᠡᠳ ᠰᠡᠵᠢᠭᠯᠡᠭᠰᠡᠨ ᠬᠥᠮᠦᠨ  ᠦᠯᠦ ᠭᠠᠷᠪᠠ ᠃ 
      ᠲᠡᠲᠦᠢ ᠳ᠋ᠤᠷ ᠠᠶᠤᠷᠪᠠᠷᠸᠠᠲᠠ ᠡᠬᠡ ᠳ᠋ᠡᠵᠢ ᠯᠤᠬ᠋᠎ᠠ ᠬᠠᠮᠲᠤ ᠨᠡᠶ᠋ᠢᠰᠯᠡᠯ ᠎ ᠳᠤ ᠭᠡᠨᠡᠳᠲᠡ ᠪᠤᠴᠠᠵᠤ  ᠢᠷᠡᠭᠰᠡᠨ ᠊ᠢ ᠠᠨᠰᠢ ᠸᠠᠩ ᠠᠨᠠᠨᠲᠠ ᠪᠣᠯᠤᠨ ᠵᠡᠭᠦᠨ ᠭᠠᠷᠤᠨ ᠴᠢᠩᠰᠠᠩ ᠠᠬᠤᠲᠠᠢ ᠨᠠᠷ  ᠰᠡᠵᠢᠭ ᠠᠪᠴᠤ ᠬᠠᠭᠠᠨ ᠰᠠᠭᠤᠷᠢᠨ ᠊ᠢ ᠪᠤᠯᠢᠶᠠᠯᠲᠤᠬᠤ ᠰᠠᠨᠠᠬ᠋᠎ᠠ ᠲᠠᠢ ᠬᠡᠮᠡᠨ ᠲᠥᠰᠦᠪᠯᠡᠵᠦ ᠮᠡᠲᠡᠪᠡ ᠃ ᠡᠶ᠋ᠢᠨ ‍ᠬᠦ ᠠᠬᠤᠲᠠᠢ ᠂ ᠠᠨᠰᠢ ᠸᠠᠩ  ᠂  ᠠᠨᠠᠨᠲᠠ ᠨᠠᠷ ᠲᠤᠤᠭᠤᠷ ᠵᠥᠪᠯᠡᠵᠦ ᠠᠶᠤᠷᠪᠠᠷᠸᠠᠲᠠ ᠶ᠋ᠢᠨ  ᠲᠥᠷᠥᠭᠰᠡᠨ ᠡᠲᠦᠷ ᠦ᠋ᠨ ᠪᠠᠶᠠᠷ ᠊ᠢ ᠳᠤᠷᠠᠰᠬᠠᠬᠤ ᠨᠡᠷ᠎ᠡ ᠪᠡᠷ ᠳ᠋ᠠᠵᠢ ᠪᠣᠯᠤᠨ ᠠᠶᠤᠷᠪᠠᠷᠸᠠᠲᠠ  ᠶ᠋ᠢ ᠪᠠᠷᠢᠵᠤ ᠬᠣᠷᠢᠬᠤ ᠪᠠᠷ ᠲᠣᠭᠲᠠᠪᠠ᠃
      ᠡᠨᠡ ‍ᠬᠦ ᠨᠢᠭᠤᠴᠠ ᠴᠢᠮᠡᠭᠡ ᠶ᠋ᠢ ᠠᠱᠠᠪᠤᠬ᠎ᠠ ᠤᠷᠢᠲᠠ ᠪᠡᠷ ᠰᠣᠨᠣᠰᠴᠤ ᠬᠥᠮᠦᠨ ᠢᠯᠡᠭᠡᠵᠦ ᠬᠠᠷᠠᠬᠠᠰᠳ  ᠳᠤ ᠬ ᠬᠡᠯᠡᠭᠦᠯᠦᠭᠰᠡᠨ ᠢᠨᠤ ᠄ 《 ᠡᠲᠦᠭᠡ ᠠᠬᠤᠲᠠᠢ ᠨᠠᠷ ᠤᠷᠢᠲᠠ ᠪᠠᠷ ᠭᠠᠷ ᠬᠥᠳᠡᠯᠬᠦ ᠪᠡᠷ ᠪᠤᠢ ᠃ ᠬᠡᠷᠪᠡ  ᠠᠨᠠᠨᠲᠠ ᠶ᠋ᠢ ᠪᠠᠶ᠋ᠢᠭᠤᠯᠵᠤ ᠪᠤᠯᠤᠭᠠᠨ ᠬᠠᠲᠤᠨ ᠬᠥᠰᠢᠭᠡ ᠶ᠋ᠢᠨ ᠠᠷᠤ ᠠ᠋ᠴᠠ ᠵᠠᠰᠠᠭ ᠪᠠᠷᠢᠬᠤ  ᠳᠤ ᠬᠦᠷᠪᠡᠰᠦ ᠪᠢᠳᠡ  ᠪᠦᠭᠦᠳᠡᠭᠡᠷ ᠳᠦᠭᠦᠷᠬᠦ ᠨᠢ ᠲᠡᠷᠡ ᠂  ᠡᠶ᠋ᠢᠨ ‍ᠬᠦ ᠤᠷᠢᠲᠠᠪᠡᠷ ᠭᠠᠷ ᠬᠥᠲᠡᠯᠪᠡᠰᠦ ᠵᠣᠬᠢᠯᠲᠠᠢ  》 ᠬᠡᠮᠡᠪᠡ ᠃ ᠬᠠᠷᠠᠬᠠᠰᠤᠨ ᠲᠡᠷᠡ ᠳᠠᠷᠤᠢ  ᠬᠥᠮᠦᠨ ᠲᠣᠮᠢᠯᠠᠨ ᠠᠱᠠᠪᠤᠬ᠎ᠠ ᠶ᠋ᠢᠨ ᠦᠭᠡ ᠶ᠋ᠢ ᠠᠶᠤᠷᠪᠠᠷᠸᠠᠲᠠ  ᠳᠤ ᠮᠡᠲᠡᠭᠦᠯᠬᠦ ᠶ᠋ᠢᠨ ᠬᠠᠮᠲᠤ 《 ᠬᠤᠸᠠᠢ ᠨᠢᠩ ᠸᠠᠩ ᠤᠮᠠᠷᠠᠲᠤ ᠬᠢᠯᠢ ᠎ᠶ᠋ᠢ ᠳᠠᠷᠤᠨ ᠰᠠᠭᠤᠬᠤ ᠎ ᠳᠤ ᠵᠠᠮ ᠬᠣᠯᠠ ᠂ ᠨᠢᠭᠡᠨ ᠴᠠᠭ ᠲᠤᠷ ᠨᠡᠶ᠋ᠢᠰᠯᠡᠯ ᠬᠣᠲᠠᠨ᠎ᠠ ᠢᠷᠡᠵᠦ  ᠡᠰᠡ ᠲᠠᠶ᠋ᠢᠯᠤᠮᠤᠢ ᠃ ᠡᠨᠡ ᠴᠢᠯᠥᠭᠡᠨ ᠎ ᠳᠤ ᠠᠬᠤᠲᠠᠢ ᠲᠠᠨ ᠥᠭᠡᠷ᠎ᠡ ᠰᠡᠳᠬᠢᠯ ᠪᠠᠷᠢᠵᠤ ᠥᠷᠯᠥᠭᠡ ᠦᠳᠡᠰᠢ ᠶ᠋ᠢᠨ ᠬᠣᠭᠣᠷᠣᠨᠳᠣ ᠬᠤᠪᠢᠰᠤᠯ  ᠡᠭᠦᠰᠭᠡᠪᠡᠰᠦ ᠪᠢᠳᠡ ᠪᠦᠬᠦᠨ ᠎ᠳ᠋ᠦ᠍ᠷ ᠴᠦᠮ ᠭᠡᠨᠡᠤᠠᠲᠡ ᠶ᠋ᠢᠨ ᠵᠣᠪᠠᠯᠠᠩ ᠲᠤᠯᠭᠠᠷᠠᠮᠤᠢ ᠃ ᠮᠡᠷᠭᠡᠳ ᠦ᠋ᠨ ᠦᠭᠡᠨ  ᠳᠤ <ᠤᠷᠢᠲᠠᠪᠡᠷ ᠡᠭᠦᠰᠭᠡᠪᠡᠰᠦ ᠬᠥᠮᠦᠨ ᠊ᠢ ᠵᠠᠬᠢᠷᠤᠮᠤᠢ ᠂ ᠬᠣᠶ᠋ᠢᠨ᠎ᠠ ᠡᠭᠦᠰᠭᠡᠪᠡᠰᠦ ᠬᠥᠮᠦᠨ ᠳ᠋ᠤᠷ ᠵᠠᠬᠢᠷᠤᠭᠲᠠᠮᠤᠢ >ᠬᠡᠮᠡᠬᠦ ᠪᠢᠰᠢᠦ ᠂ ᠲᠡᠲᠡᠨ ᠪ ᠤᠷᠢᠳ ᠪᠢᠲᠡ ᠤᠷᠢᠲᠠᠬᠤᠢ ᠳ᠋ᠤᠷ ᠬᠦᠷᠬᠦ ᠦᠭᠡᠢ 》 ᠬᠡᠮᠡᠪᠡ ᠃
       ᠠᠶᠤᠷᠪᠠᠷᠸᠠᠲᠠ ᠭᠠᠷ ᠳᠣᠣᠷᠠᠬᠢ ᠬᠥᠮᠦᠰ ᠶ᠋ᠢᠡᠨ ᠴᠤᠭᠯᠠᠭᠤᠯᠵᠤ ᠵᠠᠰᠠᠭ ᠲᠥᠷᠥ ᠶ᠋ᠢᠨ ᠡᠶ᠋ᠢᠮᠦᠷᠬᠦᠦ ᠬᠦᠨᠲᠦ ᠪᠠᠶ᠋ᠢᠲᠠᠯ ᠊ᠢ  ᠮᠡᠳᠡᠭᠳᠡᠵᠦ ᠬᠡᠷᠬᠢᠬᠦ ᠲᠤᠬᠠᠢ ᠵᠦᠪᠲᠡᠪᠡᠰᠦ ᠵᠠᠷᠢᠮ ᠬᠥᠮᠦᠨ 《 ᠬᠠᠲᠤᠨ ᠪᠡᠷ ᠭᠦᠨ ᠣᠷᠲᠣᠨ ᠳ᠋ᠤᠷ ᠰᠠᠭᠠᠲᠠᠵᠤ ᠲᠦᠷᠦ ᠶ᠋ᠢᠨ ᠡᠷᠬᠡ ᠶ᠋ᠢ ᠠᠤᠠᠬᠤᠬᠤ ᠲᠤᠯᠠ ᠲᠡᠭᠦᠨ ᠪ ᠨᠢᠭᠡ ᠯᠡ ᠵᠠᠷᠯᠢᠬ ᠶ᠋ᠢᠠᠷ ᠨᠡᠶ᠋ᠢᠰᠯᠡᠯ ᠦ᠋ᠨ ᠬᠡᠲᠦᠨ ᠲᠦᠮᠡᠨ ᠬᠥᠮᠦᠨ ᠴᠤᠤᠷᠢᠶᠠᠲᠤᠨ ᠪᠣᠰᠤᠯᠴᠠᠮᠣᠢ ᠃ ᠠᠨᠰᠢ ᠸᠠᠩ ᠦ᠋ᠨ ᠣᠷᠲᠣᠨ ᠪ ᠰᠢᠲᠡᠷ ᠬᠠᠮᠠᠭᠠᠯᠠᠬᠤ  ᠴᠡᠷᠢᠭ ᠡᠲᠦᠷ ᠰᠥᠨᠢ ᠶ᠋ᠢᠨ ᠬᠣᠭᠤᠷᠤᠨᠲᠦ ᠬᠠᠷᠠᠵᠤ ᠮᠠᠨᠠᠵᠤ ᠪᠠᠶ᠋ᠢᠮᠤᠢ ᠃  ᠨᠣᠶᠠᠨ ᠲᠠᠨ ᠡᠲᠦᠭᠡ ᠵᠦᠪᠬᠡᠨ ᠬᠡᠲᠦᠨ ᠠᠷᠪᠠᠨ ᠬᠥᠮᠦᠨ ᠂  ᠴᠡᠷᠢᠭ ᠦ᠋ᠨ ᠪᠡᠯᠡᠤᠠᠬᠡᠯ ᠪᠠᠰᠠ ᠬᠦᠢᠴᠡᠳ ᠪᠣᠰᠤ ᠃ ᠪᠢᠲᠡ ᠬᠡᠲᠦᠶ᠋ᠢᠪᠡᠷ ᠬᠠᠯᠠᠭᠤᠨ ᠵᠣᠷᠢᠬ ᠣᠷᠭᠢᠯᠤᠮ᠎ᠠ ᠪᠠᠶ᠋ᠢᠬᠰᠠᠨ ᠴᠤ᠌ ᠬᠣᠭᠣᠰᠣᠨ ᠭᠠᠷ ᠨᠢᠴᠦᠭᠦᠨ ᠨᠢᠲᠤᠷᠬ᠋᠎ᠠ ᠪᠠᠷ ᠲᠡᠮᠡᠴᠡᠭᠡᠳ ᠢᠯᠠᠯᠲᠠ ᠣᠯᠬᠤᠶ᠎ᠠ ᠪᠡᠷᠬᠡ ᠪᠣᠯᠠᠢ ᠃ ᠲᠡᠶ᠋ᠢᠨ ‍ᠬᠦ ᠪᠢᠲᠡ ᠣᠲᠣᠬᠢ ᠪᠠᠶ᠋ᠢᠲᠠᠯ ᠊ᠢ ᠬᠡᠪ ᠶ᠋ᠢᠡᠷ ᠪᠠᠶ᠋ᠢᠯᠭᠠᠵᠤ ᠶᠡᠬᠡ ᠨᠣᠶᠠᠨ ( ᠬᠠᠶ᠋ᠢᠱᠠᠨ ) ᠪ ᠬᠦᠷᠴᠦ ᠢᠷᠡᠬᠦ ᠶ᠋ᠢ ᠬᠦᠯᠢᠶᠡᠪᠡᠰᠦ ᠵᠣᠬᠢᠮᠤᠢ 》 ᠬᠡᠮᠡᠪᠡ ᠃
        ᠯᠢ ᠮᠸᠩ ᠡᠶ᠋ᠢᠨ ‍ᠬᠦ ᠦᠭᠦᠯᠡᠬᠦ ᠶ᠋ᠢ ᠰᠣᠨᠤᠰᠤᠭᠠᠳ ᠦᠯᠦ ᠲᠣᠭᠤᠮᠰᠠᠷᠯᠠᠨ ᠦᠭᠦᠯᠡᠷᠦᠨ ᠄ 《 ᠨᠢᠭᠡ  ᠰᠦᠷᠦᠭ ᠵᠠᠯᠢᠬᠠᠢ ᠠᠮᠢᠲᠠᠨ ᠳᠡᠭᠡᠳᠦᠰ ᠦ᠋ᠨ ᠰᠤᠷᠭᠠᠯ ᠊ᠢ ᠥᠲᠡᠭᠡᠷᠬᠡᠵᠦ ᠬᠠᠲᠤᠨ ᠯᠤᠬ᠋᠎ᠠ ᠰᠦᠯᠪᠡᠭᠡᠯᠡᠨ  ᠪᠡᠷᠲᠡᠭᠴᠢᠳ ᠡᠷ᠎ᠡ ᠶ᠋ᠢ ᠬᠠᠭᠠᠨ ᠡᠷᠭᠦᠬᠦ ᠨᠢ ᠲᠩᠷᠢ ᠶ᠋ᠢᠨ ᠰᠠᠨᠠᠬ᠋᠎ᠠ ᠬᠥᠮᠦᠨ ᠪ ᠰᠡᠤᠠᠬᠢᠯ ᠊ᠢ ᠲᠡᠷᠰᠯᠡᠪᠡᠢ ᠃ ᠨᠣᠶᠠᠨ ᠲᠠ ᠣᠷᠲᠤᠨ᠎ᠠ ᠣᠷᠣᠵᠤ ᠶᠡᠬᠡ ᠵᠢᠷᠤᠮ ᠶᠣᠰᠣ ᠶ᠋ᠢ ᠪᠠᠷᠢᠵᠤ ᠲᠡᠲᠡᠨ ᠊ᠢ ᠰᠦᠨᠦᠬᠡᠪᠡᠰᠦ ᠵᠣᠬᠢᠮᠤᠢ ᠃ ᠡᠵᠡᠨ ᠰᠠᠶ᠋ᠢᠳ ᠦ᠋ᠨ ᠵᠢᠷᠤᠮ ᠊ᠢ  ᠮᠡᠳᠡᠳᠡᠭ ᠬᠥᠮᠦᠰ ᠯᠠᠪᠲᠠᠶ᠎ᠠ ᠲᠡᠲᠡᠨ ᠡᠴᠡ ᠰᠠᠯᠵᠤ ᠨᠣᠶᠠᠨ ᠪ ᠲᠠᠯ᠎ᠠ  ᠳᠤ ᠵᠣᠭᠰᠤᠮᠤᠢ ᠃ ᠲᠡᠷᠡ ᠴᠠᠭ ᠲᠣᠷ ᠵᠠᠯᠢᠬᠠᠢ ᠶ᠋ᠢ ᠠᠷᠢᠯᠭᠠᠨ ᠂ ᠵᠠᠰᠠᠭ ᠲᠥᠷᠥ ᠶ᠋ᠢ ᠴᠡᠪᠡᠷᠯᠡᠨ ᠶᠡᠬᠡ ᠨᠣᠶᠠᠨ ᠪ ᠬᠦᠷᠴᠦ ᠢᠷᠡᠬᠦ ᠶ᠋ᠢ ᠤᠭᠲᠤᠪᠠᠰᠤ ᠨᠡᠩ ᠠᠰᠢᠬᠲᠠᠢ ᠪᠣᠯᠬᠤ ᠪᠣᠶᠤ 》 ᠬᠡᠮᠡᠪᠡ ᠃
        ᠠᠶᠤᠷᠪᠠᠷᠸᠠᠲᠠ ᠂ ᠯᠢ ᠮᠸᠩ ᠦ᠋ᠨ ᠦᠭᠡ ᠶ᠋ᠢ ᠰᠣᠨᠤᠰᠤᠭᠠᠳ ᠡᠬᠡ ᠳ᠋ᠠᠵᠢ ᠳ᠋ᠤᠷ ᠠᠶ᠋ᠢᠯᠠᠤᠠᠬᠠᠪᠠᠰᠤ ᠳ᠋ᠠᠵᠢ ᠬᠠᠲᠤᠨ 《  ᠬᠡᠷᠡᠭ ᠊ᠢ ᠤᠷᠢᠲᠠᠪᠡᠷ ᠡᠭᠦᠰᠭᠡᠪᠡᠰᠦ ᠵᠣᠬᠢᠮᠤᠢ 》 ᠬᠡᠮᠡᠭᠡᠳ ᠭᠤᠷᠪᠠᠨ ᠰᠠᠷ᠎ᠠ ᠶ᠋ᠢᠨ ᠬᠣᠶᠠᠷ ᠦ᠋ᠨ ᠡᠲᠦᠷ ᠂ ᠲᠤᠬᠠᠶ᠋ᠢᠯᠠᠪᠠᠯ ᠠᠨᠠᠨᠲᠠ ᠨᠠᠷ ᠬᠤᠪᠢᠰᠤᠯ ᠡᠭᠦᠰᠭᠡᠬᠦ ᠶ᠋ᠢᠨ ᠡᠮᠦᠨ᠎ᠡ ᠨᠢᠭᠡ ᠡᠲᠦᠷ 《 ᠬᠤᠸᠠᠩ ᠨᠢᠩ ᠸᠠᠩ ᠡᠯᠴᠢᠨ ᠢᠷᠡᠭᠦᠯᠵᠦ ᠶᠡᠬᠡ ᠦᠢᠯᠡ ᠶ᠋ᠢ ᠵᠥᠪᠲᠡᠮᠦᠢ 》 ᠬᠡᠮᠡᠬᠦ ᠨᠡᠷ᠎ᠡ ᠪᠡᠷ ᠠᠨᠠᠨᠲᠠ ᠂ ᠠᠬᠤᠲᠠᠢ ᠲᠠᠨ ᠊ᠢ ᠣᠷᠲᠣᠨ ᠎ᠳ᠋ᠦ᠍ᠷ ᠳᠠᠭᠤᠳᠠᠨ ᠠᠪᠴᠢᠷᠠᠭᠠᠳ 《 ᠳᠡᠭᠡᠳᠦᠰ ᠦ᠋ᠨ ᠵᠠᠰᠠᠭ ᠬᠠᠤᠯᠢ ᠶ᠋ᠢ ᠰᠠᠮᠠᠭᠤᠷᠠᠭᠤᠯᠤᠭᠰᠠᠨ ᠶᠠᠯ᠎ᠠ 》 ᠪᠠᠷ ᠪᠠᠷᠢᠪᠴᠢᠯᠠᠨ ᠠᠯᠠᠬᠤ ᠪᠠᠷ ᠲᠣᠭᠲᠠᠪᠠ ᠃
       ᠠᠬᠤᠲᠠᠢ ᠪᠣᠯ ᠬᠦᠲᠡᠷ ᠪᠦᠲᠦᠭᠦᠨ ᠪᠡᠶ᠎ᠡ ᠲᠡᠢ ᠂ ᠬᠦᠴᠦ ᠲᠠᠮᠢᠷ ᠣᠯᠠᠨ ᠠ᠋ᠴᠠ ᠬᠡᠲᠦᠷᠬᠡᠢ ᠲᠤᠯᠠ ᠪᠠᠷᠤᠭᠲᠠᠢ ᠡᠷ᠎ᠡ ᠲᠡᠭᠦᠨ  ᠳᠤ ᠬᠠᠯᠲᠠᠵᠤ ᠴᠢᠲᠠᠬᠤ ᠦᠭᠡᠢ ᠠᠵᠤᠭᠤ ᠃ ᠠᠶᠤᠷᠪᠠᠷᠸᠠᠲᠠ ᠂ ᠴᠠᠭᠠᠲᠠᠢ ᠶ᠋ᠢᠨ ᠳᠥᠷᠪᠡᠳᠦᠭᠡᠷ ᠦᠶ᠎ᠡ ᠶ᠋ᠢᠨ ᠤᠮᠪᠤᠯᠤ ᠲᠤᠤᠯᠠ ᠳᠤ ᠠᠬᠤᠲᠠᠢ ᠶ᠋ᠢ ᠪᠠᠷᠢᠬᠤ ᠬᠠᠲᠠᠭᠤ ᠡᠭᠦᠷᠭᠡ ᠶ᠋ᠢ ᠲᠤᠰᠢᠶᠠᠪᠠ ᠃ ᠲᠤᠤᠯᠠ ᠂ ᠠᠬᠤᠲᠠᠢ ᠯᠤᠬ᠋᠎ᠠ ᠪᠠᠬ᠋᠎ᠠ ᠠ᠋ᠴᠠ ᠣᠯᠠᠨᠲᠠ ᠪᠠᠷᠢᠯᠲᠤᠵᠤ ᠶᠠᠪᠤᠭᠰᠠᠨ ᠲᠤᠯᠠ ᠠᠬᠤᠲᠠᠢ ᠶ᠋ᠢᠨ ᠪᠠᠶ᠋ᠢᠲᠠᠯ ᠊ᠢ ᠨᠠᠷᠢᠨ ᠮᠡᠲᠡᠬᠦ  ᠠᠵᠢ ᠃ ᠠᠬᠤᠲᠠᠢ ᠴᠤ᠌ ᠲᠤᠤᠯᠠ ᠶ᠋ᠢ ᠪᠠᠷᠢᠯᠲᠤᠵᠤ ᠳᠡᠶ᠋ᠢᠯᠬᠦ ᠦᠭᠡᠢ ᠪᠡᠨ  ᠮᠡᠳᠡᠳᠡᠭ ᠪᠥᠯᠥᠭᠡ ᠃
      ᠭᠤᠷᠪᠠᠨ ᠰᠠᠷ᠎ᠠ ᠶ᠋ᠢᠨ ᠬᠣᠶᠠᠷ ᠦ᠋ᠨ ᠰᠥᠨᠢ ᠠᠨᠠᠨᠲᠠ ᠂ ᠠᠬᠤᠲᠠᠢ ᠲᠠᠨ ᠊ᠢ ᠲᠣᠭᠲᠠᠭᠰᠠᠨ ᠲᠥᠯᠥᠪᠯᠡᠭᠡ ᠶᠣᠰᠣᠭᠠᠷ ᠠᠶᠤᠷᠪᠠᠷᠸᠠᠲᠠ ᠣᠷᠲᠣᠨ  ᠳᠤ ᠪᠠᠨ ᠳᠠᠭᠤᠳᠠᠨ ᠠᠪᠴᠢᠷᠠᠭᠠᠳ ᠨᠢᠭᠡ ᠯᠡ ᠳᠡᠭᠡᠷ᠎ᠡ ᠪᠦᠭᠦᠲᠡ ᠶ᠋ᠢ ᠪᠠᠷᠢᠵᠤ ᠠᠪᠤᠭᠠᠳ ᠠᠬᠤᠲᠠᠢ ᠶ᠋ᠢ ᠠᠯᠠᠵᠤ ᠂ ᠠᠨᠰᠢ ᠸᠠᠩ ᠠᠨᠠᠨᠲᠠ ᠂ ᠲᠥᠷᠥᠯ ᠦ᠋ᠨ ᠨᠣᠶᠠᠨ ᠮᠢᠩᠯᠢᠬ᠋ᠲᠡᠮᠦᠷ ᠊ᠢ ᠱᠠᠩᠲᠤ ᠬᠤᠲᠠ  ᠳᠤ ᠳᠠᠷᠤᠵᠤ ᠠᠪᠠᠴᠢᠭᠠᠳ ᠬᠠᠶ᠋ᠢᠱᠠᠨ ᠶᠡᠬᠡ ᠬᠠᠭᠠᠨ ᠪ ᠣᠷᠣ  ᠳᠤ ᠰᠠᠭᠤᠬᠤ ᠠ᠋ᠴᠠ ᠡᠮᠦᠨ᠎ᠡ ᠠᠯᠠᠪᠠ ᠃ ᠪᠣᠯᠣᠭᠠᠨ ᠬᠠᠲᠤᠨ ᠊ᠢ ᠣᠷᠲᠣᠨ  ᠳᠤ ᠨᠢ ᠬᠣᠷᠢᠪᠠ ᠃ ᠬᠠᠶ᠋ᠢᠱᠠᠨ ᠂ ᠶᠡᠬᠡ ᠬᠠᠭᠠᠨ ᠪ ᠣᠷᠣ  ᠳᠤ ᠰᠠᠭᠤᠭᠰᠠᠨ ᠪ ᠬᠣᠶ᠋ᠢᠨ᠎ᠠ ᠂ ᠪᠣᠯᠣᠭᠠᠨ ᠬᠠᠲᠤᠨ ᠪ ᠬᠤᠸᠠᠩᠬᠡᠤ ᠴᠣᠯᠠ ᠶ᠋ᠢ ᠡᠪᠲᠡᠭᠡᠳ  ᠳ᠋ᠦ᠋ᠩ ᠠᠨ ᠵᠸᠤ ( ᠣᠲᠣ ᠶ᠋ᠢᠨ ᠾᠧᠪᠧᠢ ᠶ᠋ᠢᠨ ᠠᠨ ᠼᠢ ᠰᠢᠶᠠᠨ ᠠ᠋ᠴᠠ ᠪᠠᠷᠠᠭᠤᠨ ᠬᠣᠶ᠋ᠢᠰᠢ ᠳᠥᠴᠢᠨ ᠲᠠᠪᠤᠨ ᠭᠠᠵᠠᠷ  ᠵᠠᠶ᠋ᠢᠲᠠᠢ)  ᠳᠤ ᠬᠥᠭᠡᠭᠡᠵᠦ ᠶᠠᠪᠤᠭᠤᠯᠤᠭᠠᠳ ᠬᠣᠣᠷᠲᠤ ᠡᠮ ᠢᠲᠡᠭᠦᠯᠵᠦ ᠠᠯᠠᠪᠠ ᠃
       ᠪᠣᠯᠣᠭᠠᠨ ᠬᠠᠲᠤᠨ ᠶ᠋ᠢᠠᠷ ᠲᠣᠯᠣᠭᠠᠶ᠋ᠢᠯᠠᠭᠤᠯᠤᠭᠰᠠᠨ ᠶᠡᠬᠡ ᠬᠠᠭᠠᠨ ᠪ ᠰᠠᠭᠤᠷᠢᠨ ᠊ᠢ ᠪᠤᠯᠢᠶᠠᠯᠲᠤᠭᠰᠠᠨ ᠣᠷᠲᠣᠨ ᠪ ᠳᠣᠲᠣᠷᠠᠬᠢ ᠲᠥᠷᠥ ᠶ᠋ᠢᠨ ᠬᠤᠪᠢᠰᠤᠯ ᠡᠶ᠋ᠢᠨ ‍ᠬᠦ ᠥᠨᠲᠥᠷᠯᠡᠵᠦᠬᠦᠢ ᠃ ᠬᠠᠶ᠋ᠢᠱᠠᠨ ᠠᠬ᠎ᠠ ᠳᠡᠭᠦᠦ ᠬᠣᠶᠠᠷ ᠦ᠋ᠨ ᠠᠯᠢ ᠨᠢ ᠶᠡᠬᠡ ᠬᠠᠭᠠᠨ ᠪ ᠰᠠᠭᠤᠷᠢᠨ ᠊ᠢ ᠡᠵᠡᠯᠡᠬᠦ ᠶ᠋ᠢ ᠮᠡᠲᠡᠰᠦᠭᠡᠢ ᠬᠡᠮᠡᠪᠡᠰᠦ ᠳᠠᠷᠠᠬ᠋᠎ᠠ ᠪᠦᠯᠦᠭ᠋ ᠲᠤᠷ ᠦᠵᠡᠲᠦᠭᠡᠢ ᠃