ᠬᠦᠰᠡᠯᠡᠩ – ᠭᠦᠷᠵᠠᠪ Хүслэн – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠦᠰᠡᠯᠡᠩ – ᠭᠦᠷᠵᠠᠪ Хүслэн – Гүржав

ᠬᠦᠰᠡᠯᠡᠩ – ᠭᠦᠷᠵᠠᠪ Хүслэн – Гүржав

2023-03-13

291

ᠬᠦᠰᠡᠯᠡᠩ


          ᠭᠦᠷᠵᠠᠪ

 ᠬᠦᠰᠡᠯᠡᠩ ᠭᠡᠵᠦ
 ᠬᠥᠮᠦᠰ ᠦ᠋ᠨ —
 ᠬᠦᠷᠦᠶ᠎ᠡ ᠣᠴᠢᠶ᠎ᠠ ᠭᠡᠵᠦ
 ᠬᠥᠭᠡᠭᠡᠵᠦ ᠵᠣᠷᠢᠲᠠᠭ ᠵᠠᠩ
 ᠬᠥᠯᠥᠰᠥ ᠴᠢᠰᠤ ᠪᠠᠨ ᠰᠢᠪᠬᠠᠭᠠᠳ
 ᠬᠥᠭᠡᠭᠡᠴᠡᠯᠲᠦᠵᠦ ᠲᠠᠭᠤᠲᠠᠭ ᠵᠦᠢᠯᠡᠰ
 ᠬᠦᠰᠡᠯᠡᠩ ᠭᠡᠵᠦ
 ᠬᠥᠮᠦᠰ ᠦ᠋ᠨ —
 ᠭᠡᠬᠦᠳᠡᠭ ᠰᠡᠤᠠᠬᠢᠯ ᠦ᠋ᠨ ᠭᠦᠨ ᠡᠴᠡ
 ᠬᠦᠪᠦᠷᠡᠵᠦ ᠴᠣᠬᠣᠶ᠋ᠢᠲᠠᠭ ᠨᠠᠬᠢᠶ᠎ᠠ
 ᠬᠥᠲᠡᠯᠮᠦᠷᠢ ᠰᠢᠮᠲᠠᠯᠬ᠋᠎ᠠ  ᠶ᠋ᠢᠨ ᠰᠢᠮ᠎ᠡ ᠪᠡᠷ
 ᠬᠥᠬᠡᠷᠡᠵᠦ ᠤᠯᠠᠶ᠋ᠢᠲᠠᠭ ᠵᠢᠮᠢᠰ
 ᠬᠦᠰᠡᠯᠡᠩ ᠭᠡᠵᠦ
 ᠬᠥᠮᠦᠰ ᠦ᠋ᠨ —
 ᠠᠮᠢᠲᠤᠷᠠᠯ  ᠳᠡᠭᠵᠢᠷᠡᠯ ᠦ᠋ᠨ ᠬᠥᠪᠴᠢ
 ᠠᠶᠠᠯᠠᠯ ᠵᠠᠮᠨᠠᠯ ᠦ᠋ᠨ ᠬᠥᠲᠥᠴᠢ
 ᠠᠷᠬ᠋᠎ᠠ ᠰᠡᠤᠠᠬᠢᠴᠡ ᠶ᠋ᠢᠨ ᠳᠡᠯᠭᠡᠴᠡ
 ᠠᠲᠠᠯ ᠪᠦᠲᠦᠭᠡᠯᠭᠡ ᠶ᠋ᠢᠨ ᠲᠦᠯᠬᠢᠴᠡ
 ᠬᠦᠰᠡᠯᠡᠩ ᠭᠡᠵᠦ
 ᠬᠥᠮᠦᠰ ᠦ᠋ᠨ —
 ᠠᠮᠠᠲᠠᠭᠰᠠᠨ ᠶ᠋ᠢᠠᠨ ᠪᠡᠶᠡᠯᠡᠭᠦᠯᠬᠦ ᠶ᠋ᠢᠨ ᠡᠷᠴᠢ
 ᠠᠯᠲᠠᠭᠰᠠᠨ ᠶ᠋ᠢᠠᠨ ᠨᠥᠬᠥᠬᠦ ᠶ᠋ᠢᠨ ᠰᠢᠨᠵᠢ
 ᠠᠵᠠ ᠲᠠᠢ ᠶᠠᠪᠤᠬᠤ ᠶ᠋ᠢᠨ ᠰᠤᠪᠢᠨ
 ᠠᠰᠠᠵᠤ ᠮᠠᠨᠲᠤᠬᠤ ᠶ᠋ᠢᠨ ᠵᠢᠭᠦᠷ ᠁
 ᠬᠦᠰᠡᠯᠡᠩ ᠲᠡᠢ ᠬᠥᠮᠦᠨ —
 ᠭᠦᠴᠦᠷᠬᠡᠭ ᠬᠥᠮᠦᠨ
 ᠬᠦᠴᠦ ᠲᠠᠮᠢᠷ ᠪᠦᠷᠢᠨ ᠬᠥᠮᠦᠨ
 ᠬᠦᠨᠡᠰᠦ ᠭᠠᠨᠵᠤᠬ᠋᠎ᠠ ᠪᠦᠲᠦᠨ ᠬᠥᠮᠦᠨ
 ᠬᠦᠷᠬᠦ ᠴᠡᠭ ᠲᠣᠲᠣ ᠬᠥᠮᠦᠨ
 ᠬᠦᠰᠡᠯᠡᠩ ᠦᠭᠡᠢ ᠬᠥᠮᠦᠨ —
 ᠬᠦᠨᠲᠦ ᠦᠭᠡᠢ ᠬᠥᠮᠦᠨ
 ᠬᠥᠮᠦᠨ ᠪ ᠳᠤᠮᠳᠠ
 ᠢᠲᠡᠭᠡᠯ ᠦᠭᠡᠢ ᠬᠥᠮᠦᠨ
 ᠬᠡᠦᠬᠡᠳ ᠦᠷᠡᠰ ᠲᠡᠭᠡᠨ
 ᠠᠴᠢᠯᠠᠯ ᠦᠭᠡᠢ ᠬᠥᠮᠦᠨ
 ᠬᠦᠵᠢ ᠳᠡᠯᠡᠬᠡᠢ  ᠳᠤ
 ᠮᠥᠷ ᠦᠭᠡᠢ ᠬᠥᠮᠦᠨ
 ᠬᠦᠰᠡᠯᠡᠩ ᠭᠡᠵᠦ — ᠰᠠᠶ᠋ᠢᠬᠠᠨ
 ᠬᠥᠰᠡᠷᠲᠡᠭᠦᠯᠵᠦ ᠪᠣᠯᠣᠰᠢ ᠦᠭᠡᠢ ᠡᠷᠬᠢᠮ —
 ᠬᠥᠭᠡᠭᠡᠵᠦ ᠶᠠᠪᠤᠬᠤ ᠨᠢ ᠡᠷᠬᠢᠮ
 ᠬᠥᠩᠭᠡᠪᠴᠢᠯᠡᠵᠦ ᠣᠮᠲᠣᠭᠠᠶ᠋ᠢᠯᠠᠯ ᠦᠭᠡᠢ
 ᠬᠥᠪᠴᠢᠲᠡᠵᠦ ᠲᠡᠷᠰᠯᠡᠰᠢᠭᠦᠯᠬᠦ ᠨᠢ ᠡᠷᠬᠢᠮ !

ᠭᠦᠷᠵᠠᠪ ᠤᠨ ᠵᠤᠬᠢᠶᠠᠭᠰᠠᠨ < ᠬᠡᠤᠭᠡᠳ ᠨᠠᠰᠤ ᠰᠠᠶ᠋ᠢᠬᠠᠨ > ᠎ ᠡᠴᠡ ᠰᠤᠩᠭᠤᠪᠠ
          ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
          ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
          ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
         2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
         2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ

      ᠦᠰᠦᠭ ᠠᠮᠢᠯᠠᠭᠤᠯᠤᠭᠴᠢ ᠄  ᠪᠣᠷᠭᠢᠯ
       ᠦᠰᠦᠭ ᠬᠢᠨᠠᠭᠴᠢ ᠄  ᠪᠠᠶᠠᠷᠴᠡᠴᠡᠭ
            2023 ᠣᠨ ᠪ3ᠰᠠᠷ᠎ᠠ ᠶ᠋ᠢᠨ 6 ᠪ ᠡᠲᠦᠷ