ᠮᠢᠨᠦ ᠳᠡᠯᠡᠬᠡᠢ – ᠭᠦᠷᠵᠠᠪ Миний дэлхий – Гүржав
ᠮᠢᠨᠦ ᠳᠡᠯᠡᠬᠡᠢ
ᠭᠦᠷᠵᠡᠪ
1
ᠠᠯᠲᠠᠨ ᠨᠠᠷᠠᠨ ᠲᠤᠨᠤᠯᠵᠠᠭᠰᠠᠨ
ᠠᠮᠤᠭᠤᠯᠠᠩᠲᠤ ᠴᠡᠯᠮᠡᠭᠦᠨ ᠲᠠᠯ᠎ᠠ —
ᠮᠢᠨᠦ ᠳᠡᠯᠡᠬᠡᠢ
ᠠᠶᠠᠯᠭᠤ ᠤᠶᠠᠬᠠᠨ ᠰᠠᠯᠬᠢ ᠪᠠᠷ ᠶ᠋ᠢᠠᠨ
ᠠᠩᠭᠢᠷ ᠰᠢᠷᠭᠠᠯ ᠵᠡᠭᠦᠲᠦ ᠶ᠋ᠢ ᠮᠢᠨᠢ
ᠵᠥᠯᠭᠦᠨ ᠠᠷᠴᠢᠵᠤ
ᠠᠶᠠᠰ ᠢᠷᠠᠭᠤ ᠳᠠᠭᠤᠤ ᠪᠠᠷ ᠶ᠋ᠢᠡᠨ
ᠠᠯᠵᠠᠭᠤᠷᠠᠵᠤ ᠬᠣᠶ᠋ᠢᠷᠭᠤᠰᠢᠬᠤ ᠵᠠᠩ ᠊ᠢ ᠮᠢᠨᠢ
ᠰᠡᠷᠭᠦᠭᠡᠨ ᠲᠠᠶ᠋ᠢᠯᠵᠤ
ᠠᠯᠤᠰ ᠲᠤ ᠵᠢᠤᠠᠭᠦᠬᠦ
ᠪᠣᠲᠣᠯ ᠰᠡᠤᠠᠬᠢᠯ ᠊ᠢ ᠮᠢᠨᠢ
ᠠᠷᠤ ᠨᠢᠷᠤᠭᠤᠨ ᠳᠡᠭᠡᠷ᠎ᠡ ᠪᠡᠨ ᠡᠭᠦᠷᠦᠨ ᠪᠣᠰᠤᠭᠰᠠᠨ
ᠠᠭᠤᠤ ᠳᠡᠯᠭᠡᠷ —
ᠮᠢᠨᠦ ᠳᠡᠯᠡᠬᠡᠢ
2
ᠤᠷᠤᠯᠲᠤᠭᠠᠨ ᠮᠣᠷᠢᠳ ᠰᠤᠭᠰᠤᠯᠵᠠᠭᠰᠠᠨ
ᠠᠭᠤᠲᠠᠮ ᠨᠣᠭᠣᠭᠠᠨ ᠲᠠᠯ᠎ᠠ —
ᠮᠢᠨᠦ ᠳᠡᠯᠡᠬᠡᠢ
ᠤᠷᠭᠤᠮᠠᠯ ᠴᠡᠴᠡᠭ ᠦ᠋ᠨ ᠭᠣᠶᠣᠬᠠᠨ ᠶ᠋ᠢᠠᠷ ᠶ᠋ᠢᠠᠨ
ᠤᠰᠬᠠᠯ ᠬᠣᠶᠠᠷ ᠨᠢᠲᠦ ᠶ᠋ᠢ ᠮᠢᠨᠢ
ᠬᠤᠵᠢᠷᠯᠠᠨ ᠰᠣᠷᠭᠣᠭᠰᠢᠭᠣᠯᠵᠣ
ᠤᠰᠤ ᠭᠣᠣᠯ ᠦ᠋ᠨ ᠰᠢᠮ᠎ᠡ ᠪᠡᠷ ᠶ᠋ᠢᠡᠨ
ᠠᠭᠤᠰᠬᠢ ᠵᠢᠷᠦᠬᠡ ᠡᠷᠬᠡᠲᠡᠳ ᠊ᠢ ᠮᠢᠨᠢ
ᠡᠷᠡᠭᠦᠯᠰᠢᠭᠦᠯᠦᠨ ᠳᠠᠮᠢᠷᠵᠢᠭᠤᠯᠵᠤ
ᠤᠷᠲᠤ ᠠ᠋ᠴᠠ ᠤᠷᠲᠤ ᠪᠣᠷᠣ ᠵᠠᠮ ᠶ᠋ᠢᠠᠷ ᠶ᠋ᠢᠠᠨ
ᠤᠷᠤᠭᠰᠢ ᠬᠥᠲᠦᠯᠦᠨ
ᠨᠠᠮᠠᠶ᠋ᠢ ᠭᠦᠶᠦᠯᠭᠡᠭᠰᠡᠨ
ᠠᠭᠤᠵᠢᠮ ᠰᠠᠷᠠᠭᠤᠯ —
ᠮᠢᠨᠦ ᠳᠡᠯᠡᠬᠡᠢ ᠃
3
ᠣᠷᠣᠬ᠋ᠠ ᠭᠦᠷᠦᠭᠡᠳ ᠤᠷᠤᠮᠲᠠᠭᠰᠠᠨ
ᠣᠢ ᠂ ᠲᠠᠶ᠋ᠢᠬ᠋ᠠ ᠂ ᠬᠢᠩᠬ᠋ᠠ —
ᠮᠢᠨᠦ ᠳᠡᠯᠡᠬᠡᠢ
ᠣᠯᠠᠨ ᠰᠠᠶ᠋ᠢᠬᠠᠨ ᠦᠵᠡᠮᠦᠷᠢ ᠪᠡᠷ ᠶ᠋ᠢᠡᠨ
ᠤᠶ᠋ᠢᠤᠠᠬᠠᠷ ᠪᠤᠬᠢᠨᠢᠲᠤᠯ ᠦ᠋ᠨ ᠮᠢᠨᠢ ᠡᠭᠦᠯᠡ ᠶ᠋ᠢ
ᠤᠬᠢᠶᠠᠨ ᠠᠷᠢᠯᠭᠠᠵᠤ
ᠣᠩᠭᠤᠨ ᠳᠠᠷᠬᠠᠨ ᠦᠯᠡᠲᠡᠴᠡ ᠪᠡᠷ ᠶ᠋ᠢᠡᠨ
ᠣᠶᠤᠨ ᠰᠡᠤᠠᠭᠢᠴᠡ ᠶ᠋ᠢᠨ ᠮᠢᠨᠢ ᠡᠭᠦᠲᠡ ᠶ᠋ᠢ
ᠳᠡᠯᠡᠳᠦᠨ ᠨᠡᠭᠡᠭᠡᠭᠲᠡᠭᠦᠯᠵᠦ
ᠣᠷᠴᠢᠯᠠᠩ ᠊ᠢ ᠬᠠᠶ᠋ᠢᠬᠤ
ᠲᠠᠨᠢᠯᠲᠠ ᠵᠣᠷᠢᠯᠲᠠ ᠶ᠋ᠢ ᠮᠢᠨᠢ
ᠣᠴᠢ ᠭᠢᠯᠠᠯᠵᠠᠭᠤᠯᠤᠨ
ᠡᠷᠭᠦᠨ ᠪᠠᠲᠠᠷᠠᠭᠤᠯᠤᠭᠰᠠᠨ
ᠣᠮᠣᠭ ᠵᠢᠪᠬᠤᠭᠠᠯᠢᠬ —
ᠮᠢᠨᠦ ᠳᠡᠯᠡᠬᠡᠢ ᠃
4
ᠠᠯᠠᠭ ᠵᠢᠭᠦᠷᠲᠡᠳ ᠰᠦᠯᠵᠢᠯᠳᠦᠭᠰᠡᠨ
ᠠᠰᠦᠷᠢ ᠬᠥᠬᠡ ᠲᠩᠷᠢ —
ᠮᠢᠨᠦ ᠳᠡᠯᠡᠬᠡᠢ
ᠠᠷᠢᠭᠤᠨ ᠴᠡᠩᠬᠡᠷ ᠵᠢᠰᠦ ᠪᠡᠷ ᠶ᠋ᠢᠡᠨ
ᠠᠵᠠ ᠵᠠᠶᠠᠭᠠᠨ ᠪ ᠮᠢᠨᠢ ᠦᠷ ᠊ᠢ
ᠪᠠᠶᠠᠰᠬᠠᠨ ᠴᠠᠶ᠋ᠢᠯᠭᠠᠵᠤ
ᠠᠴᠢ ᠬᠠᠶ᠋ᠢᠷ᠎ᠠ ᠶ᠋ᠢᠨ ᠬᠡᠰᠢᠭ ᠶ᠋ᠢᠡᠷ ᠶ᠋ᠢᠡᠨ
ᠠᠮᠢᠲᠤᠷᠠᠯ ᠂ ᠤᠨᠲᠤᠷᠤᠯ ᠦ᠋ᠨ ᠮᠢᠨᠢ ᠡᠬᠢ ᠶ᠋ᠢ
ᠢᠪᠢᠯᠭᠡᠨ ᠤᠨᠲᠤᠷᠭᠠᠵᠤ
ᠠᠰᠠᠵᠤ ᠲᠦᠷᠡᠯᠵᠡᠬᠦ ᠵᠣᠷᠢᠬ ᠰᠥᠰᠥ ᠶ᠋ᠢ ᠮᠢᠨᠢ
ᠠᠯᠠᠭᠠᠨ ᠳᠡᠭᠡᠷ᠎ᠡ ᠪᠡᠨ ᠲᠠᠯᠪᠢᠨ
ᠲᠡᠷᠲᠡᠭᠡ ᠳᠤ ᠲᠠᠪᠲᠠᠭᠰᠠᠨ
ᠠᠴᠢᠯᠠᠯ ᠲᠡᠭᠦᠰ —
ᠮᠢᠨᠦ ᠳᠡᠯᠡᠬᠡᠢ ᠃
5
ᠮᠥᠩᠭᠥᠨ ᠰᠠᠷᠠᠨ ᠬᠢᠷᠠᠭᠠᠯᠠᠭᠰᠠᠨ
ᠮᠥᠩᠬᠡ ᠶ᠋ᠢᠨ ᠲᠡᠨᠢᠭᠡᠷ ᠦᠲᠡᠰᠢ —
ᠮᠢᠨᠦ ᠳᠡᠯᠡᠬᠡᠢ
ᠮᠥᠮᠥ ᠶ᠋ᠢᠨ ᠵᠥᠭᠡᠯᠡᠨ ᠤᠷᠤᠭᠤᠯ ᠶ᠋ᠢᠠᠷ ᠶ᠋ᠢᠠᠨ
ᠮᠥᠨᠲᠥᠭᠡᠷ ᠵᠢᠭᠠᠬᠠᠨ ᠲᠣᠯᠣᠭᠠᠢ ᠶ᠋ᠢ ᠮᠢᠨᠢ
ᠥᠨᠥᠰᠥᠨ ᠲᠠᠭᠠᠯᠠᠵᠤ
ᠮᠥᠷᠥᠭᠡᠲᠦᠯ ᠦ᠋ᠨ ᠲᠡᠷᠭᠡᠯ ᠠᠶ᠋ᠢᠵᠠᠮ ᠶ᠋ᠢᠠᠷ ᠶ᠋ᠢᠠᠨ
ᠮᠥᠴᠢᠷᠯᠡᠵᠦ ᠪᠣᠰᠬᠤ ᠬᠦᠰᠡᠯ ᠊ᠢ ᠮᠢᠨᠢ
ᠬᠥᠪᠴᠢᠲᠡᠨ ᠲᠡᠷᠭᠡᠯᠰᠢᠭᠦᠯᠵᠦ
ᠮᠥᠷᠲᠡᠵᠦ ᠲᠠᠭᠤᠬᠤ ᠴᠢᠭ᠌ ᠵᠦᠭ ᠊ᠢ ᠮᠢᠨᠢ
ᠮᠥᠩᠬᠡᠲᠡ ᠲᠣᠲᠣᠬᠠᠨ
ᠬᠣᠯᠠᠤᠠᠬᠠ ᠳᠤᠷᠠᠶ᠋ᠢᠯᠭᠠᠭᠰᠠᠨ
ᠮᠥᠰᠢᠶᠡᠲᠦ ᠢᠨᠢᠶᠡᠲᠦ —
ᠮᠢᠨᠦ ᠳᠡᠯᠡᠬᠡᠢ ᠃
ᠭᠦᠷᠵᠠᠪ ᠤᠨ ᠵᠤᠬᠢᠶᠠᠭᠰᠠᠨ < ᠬᠡᠤᠭᠡᠳ ᠨᠠᠰᠤ ᠰᠠᠶ᠋ᠢᠬᠠᠨ > ᠡᠴᠡ ᠰᠤᠩᠭᠤᠪᠠ
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠦ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠦ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠤᠷᠠᠨᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ3 ᠰᠠᠷ᠎ᠠ ᠶ᠋ᠢᠨ6 ᠪ ᠡᠲᠦᠷ
