ᠵᠠᠮ – ᠷ · ᠴᠣᠢᠨᠣᠮ Зам – Р · Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠮ – ᠷ · ᠴᠣᠢᠨᠣᠮ Зам – Р · Чойном

ᠵᠠᠮ – ᠷ · ᠴᠣᠢᠨᠣᠮ Зам – Р · Чойном

2023-03-13

266

ᠵᠠᠮ


ᠥᠯᠥᠭᠡᠢ ᠶ᠋ᠢᠨ ᠶ᠋ᠢᠡᠨ ᠳᠡᠷᠭᠡᠳᠡ ᠡᠴᠡ ᠪᠢ ᠬᠣᠯᠠ ᠶ᠋ᠢᠨ ᠠᠶᠠᠨ ᠎ᠳ᠋ᠤ᠌ ᠭᠠᠷᠤᠭᠰᠠᠨ 
ᠥᠩᠬᠥᠷᠢᠵᠦ᠂ ᠮᠥᠯᠬᠥᠵᠦ ᠂ ᠬᠥᠯ ᠨᠢᠴᠦᠭᠦᠨ ᠭᠢᠰᠬᠢᠵᠦ 
ᠥᠰᠴᠦ ᠂ ᠳᠡᠭᠳᠡᠵᠦ ᠂ ᠥᠲᠡᠯᠵᠦ ᠂ ᠪᠥᠭᠲᠥᠶ᠋ᠢᠵᠦ 
ᠥᠪᠡᠷ ᠦ᠋ᠨ ᠶ᠋ᠢᠡᠨ ᠨᠢᠭᠡᠨ ᠵᠠᠮ ᠎ ᠊ᠢ ᠨᠢᠭᠡ ᠨᠠᠰᠤ ᠪᠠᠷ ᠶ᠋ᠢᠠᠨ ᠬᠡᠮᠵᠢᠵᠦ ᠶᠠᠪᠤᠨ᠎ᠠ᠃

ᠨᠢᠯᠤᠭᠤᠨ ᠦᠭᠡᠢ ᠎ᠦᠨᠡᠨ  ᠊ᠢ ᠬᠡᠯᠡᠳᠡᠭ ᠪᠣᠯᠬᠣᠷ
ᠰᠢᠯᠤᠭᠤᠨ ᠎ ᠦᠭᠡᠢ ᠪᠠᠷᠲᠠᠭᠠᠲᠤ ᠵᠠᠮ  ᠣᠨᠣᠭᠲᠠᠵᠠᠢ
ᠪᠠᠷᠲᠠᠬ᠋᠎ᠠ ᠪᠦᠬᠦᠨ ᠎ᠳ᠋ᠦ᠍ ᠨᠢ ᠠᠮᠢ ᠨᠠᠰᠤ ᠮᠢᠨᠢ
ᠪᠠᠯᠠᠷᠠᠵᠤ  ᠰᠦᠢᠷᠡᠬᠦ ᠰᠢᠬᠠᠵᠤ ᠶᠠᠪᠤᠯ᠎ᠠ ᠃

ᠤᠯᠤᠰ ᠤᠯᠤᠰ ᠠ᠋ᠴᠠ ᠬᠠᠶᠠᠭ᠎ᠠ ᠲᠤᠰᠠᠭᠠᠷᠯᠠᠭᠰᠠᠨ
ᠠᠭᠤᠯᠠ ᠶ᠋ᠢᠨ ᠣᠷᠣᠨ ᠪ ᠬᠢᠯᠢ ᠶ᠋ᠢᠨ ᠵᠢᠷᠤᠭ ᠰᠢᠭ᠋
ᠦᠢ ᠣᠯᠠᠨ ᠠ᠋ᠴᠠ ᠲᠤᠭᠤᠷᠭ᠎ᠠ ᠲᠤᠰᠠᠭᠠᠷᠯᠠᠭᠰᠠᠨ
ᠦᠵᠡᠯ ᠪᠣᠳᠣᠯ ᠤᠨ ᠮᠢᠨᠢ ᠬᠢᠯᠢ ᠪᠣᠯᠤᠭᠰᠠᠨ

ᠠᠲᠤᠷᠢᠶ᠎ᠠ ᠎ᠲᠠᠢ ᠨᠠᠷᠢᠨ ᠤᠯᠠᠭᠠᠨ ᠵᠠᠮ ᠶ᠋ᠢᠠᠷ ᠶ᠋ᠢᠠᠨ
ᠠᠮᠢᠳᠤᠷᠠᠯ ᠮᠢᠨᠢ ᠬᠦᠨᠳᠦ ᠲᠡᠷᠭᠡ ᠰᠢᠭ᠌  ᠬᠡᠯᠲᠦᠷᠢᠯ᠎ᠡ 
ᠠᠷᠠᠯ ᠳ᠋ᠤᠨᠢ ᠬᠠᠲᠠᠭᠰᠠᠨ ᠶᠠᠰᠤᠨ ᠭᠡᠲᠡᠷᠭᠡ ᠮᠤᠷᠢ ᠪᠣᠯᠵᠤ
ᠠᠷᠬ᠋᠎ᠠ ᠦᠭᠡᠢ ᠪᠢ ᠪᠡᠶ᠎ᠡ ᠶ᠋ᠢᠨ ᠲᠤᠶ᠋ᠢᠯ  ᠎ᠳ᠋ᠤ᠌ ᠬᠦᠷᠦᠯ᠎ᠡ ᠃


ᠤᠨᠠᠭᠠᠨ ᠪᠠᠬ᠋᠎ᠠ ᠶ᠋ᠢᠨ  ᠴᠡᠴᠡᠭ ᠵᠢᠮᠢᠰᠲᠦ ᠵᠠᠮ
ᠤᠰᠤ ᠭᠠᠲᠤᠯᠵᠤ ᠠᠭᠤᠯᠠ ᠳᠠᠪᠠᠭᠰᠠᠨ ᠵᠠᠮ
ᠤᠯᠠᠭᠠᠨ ᠭᠠᠯ ᠊ᠢ ᠵᠦᠰᠦᠭᠡᠳ ᠭᠠᠷᠤᠭᠰᠠᠨ ᠵᠠᠮ
ᠤᠷᠲᠤ ᠮᠢᠨᠢ ᠪᠢᠰᠢ ᠂ ᠬᠣᠶ᠋ᠢᠨ᠎ᠠ ᠮᠢᠨᠢ ᠵᠣᠷᠠᠶ᠋ᠢᠵᠠᠢ ᠁

ᠠᠯᠲᠠᠨ ᠨᠠᠪᠴᠢᠰ ᠤᠨᠠᠬᠤ ᠨᠠᠮᠤᠷ ᠦ᠋ᠨ ᠣᠢ  ᠎ᠳ᠋ᠤ᠌
ᠠᠮᠠᠷᠠᠭ ᠪᠢᠲᠡ ᠬᠣᠶᠠᠷ ᠦ᠋ᠨ ᠵᠠᠮ ᠰᠠᠯᠵᠤ
ᠠᠯᠬᠤᠬᠤ ᠳᠣᠳᠣᠮ ᠴᠠᠰᠤ ᠮᠥᠰᠥ ᠨᠢ ᠵᠤᠵᠠᠭᠠᠷᠠᠨ
ᠠᠮᠢᠲᠠᠨ ᠬᠥᠮᠦᠨ ᠦᠭᠡᠢ ᠵᠠᠮ  ᠎ᠳ᠋ᠤ᠌ ᠪᠢ ᠭᠠᠭᠴᠠᠭᠠᠷᠲᠠᠯ᠎ᠠ ᠃

ᠬᠠᠷᠠᠯᠭᠠᠨ ᠫᠣᠣᠴᠢ  ᠎ᠳ᠋ᠤ᠌ ᠬᠥᠯ ᠶ᠋ᠢᠡᠨ ᠫᠤᠤᠲᠠᠭᠤᠯᠤᠭᠰᠠᠨ ᠴᠢᠨᠣ᠎ᠠ
ᠬᠠᠨ ᠠᠭᠤᠯᠠᠨ ᠎ᠳ᠋ᠤ᠌ ᠰᠢᠷᠬ᠎ᠠ ᠪᠠᠨ ᠬᠠᠵᠠᠯᠠᠨ ᠬᠡᠮᠢᠯᠡᠬᠦ ᠰᠢᠭ᠌
ᠬᠥᠮᠦᠨ  ᠎ᠳ᠋ᠤ᠌ ᠰᠠᠶ᠋ᠢᠨ ᠶᠠᠪᠤᠭᠠᠳ ᠬᠥᠮᠦᠨ ᠡᠴᠡ ᠣᠯᠤᠭᠰᠠᠨ ᠰᠢᠷᠬ᠎ᠠ ᠪᠠᠨ
ᠬᠦᠢᠲᠡᠨ ᠴᠥᠯ  ᠎ᠳ᠋ᠤ᠌ ᠪᠢ ᠭᠠᠭᠴᠠ ᠪᠠᠷ ᠬᠡᠮᠢᠯᠡᠵᠤ ᠶᠠᠪᠤᠨ᠎ᠠ ᠁
                1974 ·6 ᠂13

     《 ᠷ · ᠴᠣᠶ᠋ᠢᠨᠣᠮ ‍ᠤᠨ ᠰᠢᠯᠦᠭ ᠵᠣᠬᠢᠶᠠᠯ ‍ᠤᠨ ᠬᠤᠷᠢᠶᠠᠬᠤᠢ 》 
        — ᠤᠶᠠᠩᠭ᠎ᠠ ‍ᠶ᠋ᠢᠨ ᠰᠢᠯᠦᠭ ᠠ᠋ᠴᠠ ᠬᠠᠭᠤᠯᠪᠠ ᠃
          ᠪᠢ᠊ ·  ᠳᠠᠮᠳᠢᠨᠰᠦ᠋ᠷᠦᠩ ᠡᠮᠬᠢᠳᠬᠡᠨ ᠨᠠᠶ᠋ᠢᠷᠠᠭᠤᠯᠪᠠ
          ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠣᠨᠣᠳ ᠳᠣᠷᠵᠢ

    ᠦᠰᠦᠭ ᠠᠮᠢᠯᠠᠭᠤᠯᠤᠭᠴᠢ ᠄ ᠤᠨᠲᠤᠷᠮ᠎ᠡ
      ᠬᠢᠨᠠᠭᠴᠢ ᠪᠠᠭᠰᠢ ᠄  ᠣᠳᠬᠠᠨᠰᠣ᠎ᠠ᠂  ᠮᠥᠩᠭᠥᠨᠴᠡᠴᠡᠭ