ᠮᠡᠷᠭᠡ – ᠷ · ᠴᠣᠢᠨᠣᠮ Мэргэ – Р · Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠡᠷᠭᠡ – ᠷ · ᠴᠣᠢᠨᠣᠮ Мэргэ – Р · Чойном

ᠮᠡᠷᠭᠡ – ᠷ · ᠴᠣᠢᠨᠣᠮ Мэргэ – Р · Чойном

2023-03-13

340

ᠮᠡᠷᠭᠡ

 
 ᠠᠯᠲᠠᠢ ᠶ᠋ᠢᠨ ᠴᠠᠭᠠᠳᠤᠬᠢ ᠬᠠᠰᠠᠭ ᠵᠠᠩᠰᠢᠯ ᠶ᠋ᠢᠠᠷ
 ᠠᠵᠠ ᠵᠠᠶᠠᠭ᠎ᠠ ᠪᠠᠨ ᠪᠢ ᠮᠡᠷᠭᠡᠯᠡᠵᠦ ᠰᠠᠭᠤᠨ᠎ᠠ  
 ᠲᠠᠯ᠎ᠠ ᠨᠤᠲᠤᠭ ᠦ᠋ᠨ ᠶ᠋ᠢᠠᠨ ᠳᠥᠴᠢᠨ ᠨᠢᠭᠡᠨ ᠴᠢᠯᠠᠭᠤ ᠎ᠶ᠋ᠢ
 ᠲᠠᠪᠤᠨ ᠲᠣᠯᠣᠭᠠᠢ ᠎ᠳ᠋ᠤ᠌ ᠬᠤᠪᠢᠶᠠᠨ ᠲᠠᠰᠤᠯᠵᠤ ᠰᠠᠭᠤᠨ᠎ᠠ᠃
 
 ᠡᠨᠡ ᠪᠦᠰᠡᠭᠦᠢ ᠲᠡᠢ ᠠᠭᠤᠯᠵᠠᠪᠠᠯ ᠶᠠᠭᠠᠬᠢᠬᠤ ᠪᠣᠯ? ᠭᠡᠵᠦ
 ᠡᠷᠡᠭᠡ ᠴᠡᠭᠡᠷ ᠥᠬᠡᠢ ᠲᠠᠨᠢᠯᠴᠠᠪᠠᠯ ᠶᠠᠭᠠᠬᠢᠬᠤ ᠪᠣᠯ? ᠭᠡᠵᠦ
 ᠡᠷᠬᠡᠯᠡᠵᠦ ᠪᠦᠷ ᠳᠠᠰᠤᠯᠴᠠᠪᠠᠯ ᠶᠠᠮᠠᠷ ᠪᠣᠯ? ᠭᠡᠵᠦ
 ᠡᠴᠦᠰ ᠲᠡᠭᠡᠨ ᠪᠦᠷ ᠬᠠᠨᠢᠯᠠᠪᠠᠯ ᠶᠠᠮᠠᠷ ᠪᠣᠯ? ᠭᠡᠵᠦ

 ᠭᠤᠷᠪᠠ ᠳᠠᠬᠢᠨ ᠲᠠᠲᠠᠵᠤ ᠦᠵᠡᠯ᠎ᠡ
 ᠭᠤᠷᠪᠠᠨ ᠭᠤᠷᠪᠠ ᠶ᠋ᠢᠨ ᠶᠢᠰᠦ ᠲᠠᠰᠤᠯᠤᠯ᠎ᠠ
 ᠲᠠᠰᠤᠯᠬᠤ ᠪᠣᠯᠭᠠᠨ ᠎ᠳ᠋ᠤ᠌ ᠰᠠᠶ᠋ᠢᠨ ᠲᠥᠯᠭᠡ
 ᠲᠠᠪᠤᠨ ᠲᠣᠯᠣᠭᠠᠢ ᠳᠦᠭᠦᠷᠡᠩ ᠪᠠᠭᠤᠯ᠎ᠠ

 ᠲᠡᠭᠡᠭᠰᠡᠨ ᠴᠢᠨᠢ ᠭᠣᠣᠯ ᠶᠠᠭᠤᠮ᠎ᠠ ᠪᠠᠨ ᠮᠠᠷᠲᠠᠴᠢᠬᠠᠵᠠᠢ
 ᠲᠡᠷᠡ ᠨᠠᠮᠠᠢᠢ ᠲᠣᠭᠣᠬᠤ ᠡᠰᠡᠬᠦ ᠎ᠶ᠋ᠢ ᠮᠡᠷᠭᠡᠯᠡᠭᠰᠡᠨ ᠦᠭᠡᠢ᠃
        1974.6.13

       《 ᠷ · ᠴᠣᠶ᠋ᠢᠨᠣᠮ ‍ᠤᠨ ᠰᠢᠯᠦᠭ ᠵᠣᠬᠢᠶᠠᠯ ‍ᠤᠨ ᠬᠤᠷᠢᠶᠠᠬᠤᠢ —  》
             — ᠤᠶᠠᠩᠭ᠎ᠠ ‍ᠶ᠋ᠢᠨ ᠰᠢᠯᠦᠭ  ᠠ᠋ᠴᠠ ᠬᠠᠭᠤᠯᠪᠠ ᠃ 
              ᠪᠢ᠊ ·  ᠳᠠᠮᠳᠢᠨᠰᠦ᠋ᠷᠦᠩ ᠡᠮᠬᠢᠳᠬᠡᠨ ᠨᠠᠶ᠋ᠢᠷᠠᠭᠤᠯᠪᠠ
               ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠣᠨᠣᠳ ᠳᠣᠷᠵᠢ


           ᠦᠰᠦᠭ  ᠠᠮᠢᠯᠠᠭᠤᠯᠤᠭᠴᠢ ᠄ ᠣᠳᠣᠨᠭᠡᠷᠡᠯ
               ᠬᠢᠨᠠᠭᠴᠢ ᠪᠠᠭᠰᠢ  ᠄    ᠣᠳᠬᠠᠨᠰᠸ᠎ᠠ