ᠨᠠᠮᠤᠷ ᠦ᠋ᠨ ᠪᠣᠷᠣᠭᠠᠨ – ᠭ ᠂ ᠴᠢᠩᠪᠠᠭᠠᠲᠤᠷ Намрын бороон  – Г ᠂ Чинбаатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠮᠤᠷ ᠦ᠋ᠨ ᠪᠣᠷᠣᠭᠠᠨ – ᠭ ᠂ ᠴᠢᠩᠪᠠᠭᠠᠲᠤᠷ Намрын бороон  – Г ᠂ Чинбаатар

ᠨᠠᠮᠤᠷ ᠦ᠋ᠨ ᠪᠣᠷᠣᠭᠠᠨ – ᠭ ᠂ ᠴᠢᠩᠪᠠᠭᠠᠲᠤᠷ Намрын бороон  – Г ᠂ Чинбаатар

2023-03-13

285

ᠨᠠᠮᠤᠷ ᠦ᠋ᠨ ᠪᠣᠷᠣᠭᠠᠨ


         ᠭ ᠂ ᠴᠢᠩᠪᠠᠭᠠᠲᠤᠷ 

ᠡᠷᠲᠡ ᠨᠠᠮᠤᠷ ᠦ᠋ᠨ ᠪᠣᠷᠣᠭᠠᠨ ᠱᠠᠪᠰᠢᠨ ᠦᠯᠭᠡᠬᠦ ᠨᠢ ᠤᠶ᠋ᠢᠳᠬᠠᠷᠲᠠᠢ
ᠡᠬᠡᠷ ᠲᠠᠲᠠᠭᠰᠠᠨ ᠰᠢᠪᠠᠭᠤᠳ ᠦ᠋ᠨ ᠪᠤᠴᠠᠬᠤ ᠪᠠᠷ᠎ᠠ ᠭᠤᠨᠢᠭᠲᠠᠢ
ᠡᠭᠦᠬᠡᠨ ᠴᠠᠢ ᠰᠢᠭ᠋ ᠰᠥᠨᠢ ᠶ᠋ᠢᠨ ᠪᠣᠳᠣᠯ ᠣᠶ᠋ᠢᠲᠠᠢ
ᠡᠵᠢ ᠯᠡ ᠠᠪᠤ ᠪᠠᠨ ᠰᠠᠨᠠᠬᠤ ᠎ᠳ᠋ᠤ᠌ ᠡᠯᠢᠭᠡᠨ ᠲᠤᠰᠢᠶ᠎ᠠ ᠬᠥᠨᠳᠡᠭᠦᠷ ᠲᠡᠢ

ᠰᠡᠷᠢᠭᠦᠨ ᠨᠠᠮᠤᠷ ᠦ᠋ᠨ ᠪᠣᠷᠣᠭᠠᠨ ᠨᠢᠯᠪᠤᠰᠤ ᠰᠢᠭ᠋ ᠠᠰᠬᠠᠷᠠᠬᠤ ᠨᠢ ᠤᠶ᠋ᠢᠳᠬᠠᠷᠲᠠᠢ
ᠰᠡᠳᠬᠢᠯ ᠦ᠋ᠨ ᠪᠢᠲᠡᠭᠦᠦ ᠮᠥᠷᠥᠭᠡᠳᠦᠯ ᠶ᠋ᠢᠡᠨ ᠠᠷᠭᠠᠳᠠᠵᠤ ᠰᠠᠭᠤᠬᠤᠶ᠎ᠠ ᠭᠤᠨᠢᠭᠲᠠᠢ
ᠰᠤᠪᠤᠳᠷᠠᠨ ᠬᠡᠯᠬᠢᠶᠡᠷᠡᠬᠦ ᠴᠠᠭ ᠮᠥᠴᠡ ᠠᠯᠠᠭᠠᠨ ᠠ᠋ᠴᠠ ᠠᠯᠳᠠᠭᠤᠷᠠᠬᠤ ᠨᠢ ᠣᠶ᠋ᠢᠲᠠᠢ
ᠰᠠᠭᠤᠭᠰᠠᠨ ᠨᠤᠲᠤᠭ ᠶ᠋ᠢᠠᠨ ᠪᠣᠳᠣᠬᠤᠯᠠᠷ ᠵᠢᠷᠦᠬᠡᠨ ᠲᠤᠰᠢᠶ᠎ᠠ ᠬᠥᠨᠳᠡᠭᠦᠷ ᠲᠡᠢ

ᠨᠠᠮᠤᠷ ᠨᠠᠮᠤᠷ ᠦ᠋ᠨ ᠪᠣᠷᠣᠭᠠᠨ ᠎ᠳ᠋ᠤ᠌ ᠮᠥᠷᠥᠭᠡᠳᠦᠯ ᠶ᠋ᠢᠡᠨ ᠳᠡᠪᠲᠦᠭᠡᠬᠦ ᠮᠠᠨᠢ ᠤᠶ᠋ᠢᠳᠬᠠᠷᠲᠠᠢ
ᠨᠠᠰᠤ ᠯᠠ ᠨᠠᠰᠤᠨ ᠪ ᠡᠷᠭᠢᠭᠡᠨ ᠎ᠳ᠋ᠦ᠍ ᠬᠡᠷᠰᠡᠦ ᠰᠠᠭᠤᠬᠤ ᠨᠢ ᠭᠤᠨᠢᠭᠲᠠᠢ
ᠰᠥᠨᠢ ᠰᠥᠨᠢ ᠶ᠋ᠢᠨ ᠵᠡᠭᠦᠳᠦᠨ ᠎ᠳ᠋ᠦ᠍ ᠭᠡᠷ ᠶ᠋ᠢᠡᠨ ᠰᠠᠨᠠᠬᠤ  ᠮᠠᠨᠢ ᠣᠶ᠋ᠢᠲᠠᠢ
ᠰᠦᠮᠡᠨ ᠰᠦᠮᠡᠨ ᠬᠣᠷᠸ᠋᠎ᠠ ᠎ᠳ᠋ᠤ᠌ ᠮᠥᠷᠥᠭᠡᠳᠦᠯ ᠪᠦᠬᠦᠨ ᠬᠥᠨᠳᠡᠭᠦᠷ ᠲᠡᠢ

         2008 ᠣᠨ ᠪ10 ᠎ᠳ᠋ᠤᠭᠠᠷ ᠰᠠᠷ᠎ᠠ ᠶ᠋ᠢᠨ4 ᠪ ᠰᠥᠨᠢ ᠳᠦᠯᠢ

         ᠦᠰᠦᠭ  ᠠᠮᠢᠯᠠᠭᠤᠯᠤᠭᠴᠢ  ᠄ ᠿᠦᠩ ᠰᠢ
             ᠬᠢᠨᠠᠭᠴᠢ ᠄ ᠰᠡᠯᠡᠭᠦᠨ