ᠵᠠᠮᠤᠬ᠎ᠠ ᠡᠩ ᠦ᠋ᠨ ᠬᠥᠮᠦᠨ ᠪᠢᠰᠢ – ᠰᠤᠩᠷᠠᠢ Замха энгийн хүн биш – Сунрай ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠮᠤᠬ᠎ᠠ ᠡᠩ ᠦ᠋ᠨ ᠬᠥᠮᠦᠨ ᠪᠢᠰᠢ – ᠰᠤᠩᠷᠠᠢ Замха энгийн хүн биш – Сунрай

ᠵᠠᠮᠤᠬ᠎ᠠ ᠡᠩ ᠦ᠋ᠨ ᠬᠥᠮᠦᠨ ᠪᠢᠰᠢ – ᠰᠤᠩᠷᠠᠢ Замха энгийн хүн биш – Сунрай

2023-03-13

372

ᠵᠠᠮᠤᠬ᠎ᠠ ᠡᠩ ᠦ᠋ᠨ ᠬᠥᠮᠦᠨ ᠪᠢᠰᠢ


           ᠰᠤᠩᠷᠠᠢ

      ᠣᠷᠣᠰᠢᠯ ᠦ᠋ᠨ ᠣᠷᠣᠨ ᠳᠤ

ᠵᠠᠮᠤᠬ᠎ᠠ!
ᠴᠢᠮ᠎ᠠ ᠶ᠋ᠢ ᠳᠤᠷᠠᠳᠬᠤ ᠳᠤ
ᠴᠢᠩᠭᠢᠰ ᠦ᠋ᠨ ᠶᠡᠬᠡ ᠮᠣᠩᠭᠣᠯ ᠦ᠋ᠨ ᠴᠢᠬᠢ ᠬᠠᠩᠭᠢᠨᠠᠨ᠎ᠠ 
ᠴᠢᠨᠦᠭᠰᠡᠨ ᠢᠩᠭᠡᠨ ᠪ ᠬᠥᠬᠥᠨ ᠡᠴᠡ ᠰᠦ᠋ ᠳᠤᠰᠤᠯᠠᠨ᠎ᠠ
ᠬᠤᠷᠴᠠ ᠰᠡᠯᠡᠮ᠎ᠡ ᠬᠤᠢ  ᠳᠤ ᠪᠠᠨ ᠵᠠᠩᠭᠢᠷᠠᠨ᠎ᠠ
ᠬᠤᠭᠤᠷ  ᠬᠥᠭᠵᠢᠮ ᠬᠥᠪᠴᠢᠷᠡᠨ ᠲᠠᠰᠤᠷᠠᠨ᠎ᠠ ᠃
ᠵᠠᠮᠤᠬ᠎ᠠ!
ᠴᠢᠮ᠎ᠠ ᠶ᠋ᠢ ᠳᠤᠷᠠᠰᠬᠤ  ᠳᠤ
ᠪᠤᠷᠬᠠᠨ ᠬᠠᠯᠲᠤᠨ ᠠᠭᠤᠯᠠ ᠪᠢᠲᠡᠭᠦᠬᠡᠨ ᠰᠡᠭᠦᠷᠡᠰᠦᠯᠡᠨ᠎ᠡ
ᠪᠤᠶ᠋ᠢᠷ ᠬᠥᠯᠥᠨ ᠨᠠᠭᠤᠷ ᠤᠨᠢᠶᠠᠷᠲᠤᠨ ᠵᠠᠶ᠋ᠢᠷᠲᠤᠨ᠎ᠠ
ᠪᠤᠭᠤᠷᠤᠯ ᠠᠯᠲᠠᠢ ᠶ᠋ᠢᠨ ᠴᠠᠰᠤ ᠤᠶᠠᠷᠠᠩᠬᠠᠨ ᠨᠢᠯᠪᠤᠰᠤᠷᠠᠨ᠎ᠠ
ᠪᠤᠲᠠᠩᠲᠤ ᠮᠣᠩᠭᠣᠯ ᠣᠷᠣᠨ ᠮᠢᠨᠢ ᠳᠤᠭᠵᠢᠷᠠᠩᠬᠠᠨ ᠨᠠᠮᠠᠨᠴᠢᠯᠠᠨ᠎ᠠ ᠃
ᠨᠠᠢ᠍ᠮᠠᠨ ᠵᠠᠭᠤᠨ ᠪ ᠨᠠᠷᠠ ᠂ ᠬᠤᠷ᠎ᠠ ᠂ ᠰᠠᠯᠬᠢ
ᠨᠠᠶ᠋ᠢᠷ ᠵᠢᠷᠤᠮ ᠂ ᠶᠠᠯ᠎ᠠ ᠭᠠᠪᠢᠶ᠎ᠠ ᠶ᠋ᠢ ᠴᠢᠨᠢ ᠲᠤᠩᠭᠠᠨ ᠲᠤᠩᠭᠠᠭᠰᠠᠭᠠᠷ ᠁
ᠨᠡᠬᠡᠮᠵᠢᠯᠡᠨ ᠰᠠᠨᠠᠬᠤᠶ᠎ᠠ!
ᠨᠢᠭᠡᠨ ᠦᠶ᠎ᠡ ᠶ᠋ᠢᠨ ᠲᠡᠭᠷᠢᠯᠢᠭ ᠲᠥᠷᠥ ᠶ᠋ᠢ 
ᠲᠠ ᠨᠢᠲᠦ ᠪᠡᠷ ᠪᠡᠨ ᠬᠠᠷᠠᠬ᠋᠎ᠠ ᠦᠭᠡᠢ ᠴᠤ᠌
ᠨᠢᠭᠡᠲᠦᠨ ᠮᠠᠨᠲᠤᠬᠤ ᠦᠢᠯᠡᠰ ᠲᠡᠢ ᠨᠢ 
ᠵᠠᠶᠠᠬ᠋᠎ᠠ ᠪᠠᠨ ᠬᠠᠲᠠᠭᠤᠬᠠᠨ ᠬᠣᠯᠪᠣᠭᠰᠠᠨ ᠰᠠᠨ ᠃
ᠬᠥᠮᠦᠨ ᠪ ᠬᠣᠷᠸ᠋᠎ᠠ  ᠳᠤ ᠲᠠ ᠂ ᠴᠢᠩᠭᠢᠰ ᠲᠡᠢ ᠦᠵᠡᠯᠴᠡᠬᠦ ᠭᠡᠭᠴᠢ
ᠬᠥᠬᠡ ᠴᠢᠨᠣ᠎ᠠ ᠂ ᠪᠠᠷᠰ ᠲᠤᠷ  ᠥᠭᠶᠦᠭᠡ ᠂ ᠴᠤᠭᠯᠠᠭᠤᠯᠤᠭᠰᠠᠨ ᠥᠭᠡᠷ᠎ᠡ ‍ᠦᠦ ⁈
ᠬᠣᠵᠢᠮ ᠦ᠋ᠨ ᠲᠡᠦᠬᠡᠴᠢᠳ ᠲᠠᠨ ᠊ᠢ ᠬᠡᠷᠬᠢᠨ  ᠦᠨᠡᠯᠡᠭᠰᠡᠨ ᠴᠤ᠌ ᠶᠠᠭᠠᠬᠢᠮᠤᠢ!
ᠬᠣᠶ᠋ᠢᠨᠠᠬᠢ  ᠰᠢᠯᠦᠭ ᠶ᠋ᠢᠡᠷ ᠳᠠᠶ᠋ᠢᠯᠬ᠋᠎ᠠ ᠪᠣᠯᠭᠠᠨ ᠭᠡᠭᠡᠨ ᠰᠦᠨᠡᠰᠦᠨ  ᠳᠤ ᠴᠢᠨᠢ ᠡᠷᠭᠦᠶ᠎ᠡ ᠃

     ᠵᠠᠮᠤᠬ᠎ᠠ ᠡᠩ ᠦ᠋ᠨ ᠬᠥᠮᠦᠨ ᠪᠢᠰᠢ

ᠵᠠᠮᠤᠬ᠎ᠠ ᠡᠩ ᠦ᠋ᠨ ᠬᠥᠮᠦᠨ ᠪᠢᠰᠢ
ᠵᠠ! ᠭᠡᠵᠦ ᠡᠮᠦᠨ᠎ᠡ ᠴᠢᠨᠢ ᠪᠥᠬᠥᠶ᠋ᠢᠨ
ᠵᠣᠭᠰᠣ! ᠭᠡᠪᠡᠯ ᠵᠣᠭ ᠲᠣᠰᠲᠠᠭ
ᠵᠣᠯᠪᠢᠩ ᠡᠷ᠎ᠡ ᠪᠢᠰᠢ
ᠵᠠᠩ ᠵᠢᠷᠤᠮ ᠂ ᠡᠷ᠎ᠡ ᠴᠢᠲᠠᠯ
ᠵᠠᠯᠢ ᠰᠠᠮᠪᠠᠬ᠋᠎ᠠ ᠂ ᠠᠷᠬ᠋᠎ᠠ ᠤᠬᠠᠭᠠᠨ
ᠠᠯᠢᠨ ᠶ᠋ᠢᠠᠷ ᠳᠤᠲᠠᠬᠤ ᠬᠥᠮᠦᠨ ᠪᠢᠰᠢ ᠲᠠ
ᠵᠢᠭᠠᠭᠰᠠᠨ ᠭᠠᠵᠠᠷ ᠴᠢᠨᠢ ᠢᠯᠡᠷᠡᠵᠦ
ᠵᠠᠩᠨᠠᠬᠤ ᠦᠶ᠎ᠡ  ᠳᠤ ᠴᠢᠨᠢ ᠳᠠᠯᠳᠢᠷᠠᠨ
ᠵᠠᠬᠢᠶ᠎ᠠ ᠵᠠᠷᠯᠢᠬ ᠊ᠢ ᠴᠢᠨᠢ ᠳᠠᠭᠠᠵᠤ
ᠵᠠᠪᠠᠵᠢᠨ ᠮᠢᠬ᠎ᠠ ᠠ᠋ᠴᠠ ᠪᠠᠨ ᠲᠠᠲᠠᠭᠤᠯᠲᠠᠭ
ᠵᠤᠲᠠᠷᠠᠭᠰᠠᠨ ᠬᠥᠮᠦᠨ ᠴᠤ᠌ ᠪᠢᠰᠢ ᠃
ᠵᠠᠮᠤᠬ᠎ᠠ ᠵᠢᠩᠬᠢᠨᠢ ᠡᠷ᠎ᠡ ᠬᠥᠮᠦᠨ
ᠵᠠᠪᠠᠯ ᠰᠠᠨᠠᠭᠰᠠᠨ ᠶ᠋ᠢᠠᠨ ᠭᠦᠢᠴᠡᠭᠡᠬᠦ ᠭᠡᠰᠡᠨ
ᠵᠠᠰᠠᠭ ᠮᠡᠲᠡᠯ ᠴᠣᠭᠴᠠᠯᠠᠬᠤ ᠭᠡᠰᠡᠨ
ᠵᠠᠲᠠᠷᠠᠨ ᠠᠶ᠋ᠢᠮᠠᠭ ᠶ᠋ᠢᠠᠷ ᠶ᠋ᠢᠠᠨ ᠲᠥᠪᠯᠡᠬᠦ ᠭᠡᠰᠡᠨ
ᠵᠣᠷᠢᠮᠠᠭ ᠬᠠᠲᠠᠭᠤ ᠮᠣᠩᠭᠣᠯ ᠬᠥᠮᠦᠨ!
ᠪᠣᠷᠵᠢᠭᠢᠨ ᠣᠪᠣᠭ ᠦ᠋ᠨ ᠲᠡᠮᠦᠵᠢᠨ ᠊ᠢ
ᠪᠣᠯᠤᠮᠠᠷ ᠬᠥᠮᠦᠨ ᠭᠡᠵᠦ ᠡᠷᠲᠡ ᠲᠠᠨᠢᠬᠰᠠᠨ
ᠪᠣᠲᠣᠯᠬ᠋᠎ᠠ ᠤᠬᠠᠭᠠᠨ ᠠᠯᠢ ᠴᠤ᠌ ᠲᠠᠯ᠎ᠠ ᠪᠠᠷ
ᠪᠤᠰᠤᠳ ᠠ᠋ᠴᠠ ᠳᠠᠪᠠᠬᠤ ᠶ᠋ᠢ ᠨᠢ ᠲᠡᠷᠡ ᠮᠡᠳᠡᠭᠰᠡᠨ
ᠪᠠᠬ᠋᠎ᠠ ᠪᠠᠶ᠋ᠢᠬᠤ  ᠳᠤ ᠪᠠᠨ ᠠᠨᠲᠠ ᠪᠠᠷᠢᠯᠲᠤᠭᠰᠠᠨ
ᠪᠠᠬᠠᠨ ᠲᠣᠮᠣᠷᠠᠭᠠᠳ ᠠᠲᠠᠬ᠋᠎ᠠ ᠪᠠᠷᠢᠯᠲᠤᠭᠰᠠᠨ 
ᠪᠠᠰᠠ ᠰᠡᠭᠦᠯ ᠳᠤ ᠪᠡᠨ ᠥᠰᠢᠶ᠎ᠡ ᠪᠠᠷᠢᠯᠲᠤᠭᠰᠠᠨ
ᠪᠠᠰᠤᠵᠤ ᠪᠠᠶ᠋ᠢᠬᠰᠠᠨ ᠠ᠋ᠴᠠ ᠪᠢᠰᠢᠷᠡᠬᠦ ᠪᠣᠯᠤᠭᠰᠠᠨ
ᠪᠢᠰᠢᠷᠡᠯ᠎ᠡ ᠭᠡᠳ ᠰᠢᠲᠦᠨ ᠳᠠᠭᠠᠬ᠋᠎ᠠ ᠦᠭᠡᠢ
ᠪᠢᠷ᠎ᠠ ᠴᠢᠲᠠᠯ ᠶ᠋ᠢᠠᠨ ᠦᠵᠡᠯᠴᠡᠬᠦ ᠪᠡᠷ  ᠰᠢᠢᠳᠦᠭᠰᠡᠨ
ᠪᠠᠭᠠᠲᠤᠷ ᠬᠦᠴᠦᠨ ᠂ ᠤᠷ᠎ᠠ ᠠᠪᠢᠶᠠᠰ ᠶ᠋ᠢᠠᠨ
ᠪᠠᠶ᠋ᠢᠨ ᠳᠠᠬᠢᠨ ᠰᠢᠯᠭᠠᠬᠤ ᠪᠠᠷ ᠪᠣᠯᠤᠭᠰᠠᠨ!
ᠳᠠᠯᠠᠨ ᠪᠠᠯᠵᠣᠳ ᠂ ᠨᠠᠬᠤ ᠬᠤᠨ ᠶ᠋ᠢᠠᠷ
ᠳᠠᠷᠠᠬ᠋᠎ᠠ ᠳᠠᠷᠠᠭᠠᠯᠠᠨ ᠪᠠᠶ᠋ᠢᠯᠲᠤᠵᠤ ᠶᠠᠪᠤᠭᠰᠠᠨ
ᠳᠠᠮ ᠳᠠᠮ ᠶ᠋ᠢᠠᠷ ᠬᠣᠯᠪᠣᠬ᠋᠎ᠠ ᠪᠠᠶ᠋ᠢᠭᠤᠯᠵᠤ
ᠳᠠᠷᠬᠠᠨ ᠣᠷᠣᠨ ᠊ᠢ ᠨᠢ ᠬᠠᠯᠲᠠᠵᠤ ᠶᠠᠪᠤᠭᠰᠠᠨ
ᠬᠡᠷᠦᠯᠦᠨ ᠣᠨᠣᠨ ᠪ ᠬᠣᠶᠠᠷ ᠬᠥᠪᠡᠭᠡ ᠪᠡᠷ
ᠬᠡᠲᠦᠬᠡᠨ ᠮᠣᠷᠢ ᠲᠠᠢ ᠴᠤ᠌ ᠳᠠᠪᠬᠢᠭᠤᠯᠵᠤ ᠪᠠᠶ᠋ᠢᠬᠰᠠᠨ
ᠬᠡᠨᠲᠡᠢ ᠂ ᠬᠠᠯᠲᠤᠨ ᠪ ᠡᠮᠦᠨ᠎ᠡ ᠬᠣᠶ᠋ᠢᠭᠤᠷ
ᠭᠡᠭᠡᠮᠰᠦᠭ ᠰᠦᠷ ᠶ᠋ᠢᠡᠨ ᠪᠠᠲᠠᠷᠠᠭᠤᠯᠵᠤ ᠶᠠᠪᠤᠭᠰᠠᠨ ᠃
ᠬᠦᠢᠲᠡᠨ ᠪ ᠳᠠᠶ᠋ᠢᠨ  ᠳᠤ  ᠭᠡᠰᠡᠭ ᠢᠯᠠᠭᠠᠳ
ᠬᠤᠢ ᠰᠠᠯᠬᠢ ᠰᠢᠭ᠋ ᠱᠤᠤᠭᠢᠭᠤᠯᠵᠤ ᠶᠠᠪᠤᠭᠰᠠᠨ
《 ᠬᠦᠷ ᠬᠠᠭᠠᠨ 》 ᠭᠡᠵᠦ ᠪᠡᠶ᠎ᠡ ᠪᠡᠨ ᠡᠷᠭᠦᠮᠵᠢᠯᠡᠨ
ᠬᠥᠮᠦᠨ ᠪ ᠰᠣᠨᠣᠷ ᠊ᠢ ᠳᠣᠷᠭᠢᠭᠤᠯᠵᠤ ᠪᠠᠶ᠋ᠢᠬᠰᠠᠨ ᠂ 
ᠤᠩ ᠬᠠᠭᠠᠨ ᠲᠠᠢ ᠨᠠᠶ᠋ᠢᠵᠠ ᠪᠣᠯᠤᠯᠴᠠᠵᠤ
ᠤᠬᠠᠭᠠᠨ ᠠᠷᠬ᠋᠎ᠠ ᠡᠷᠭᠦᠵᠦ ᠪᠠᠶ᠋ᠢᠯ᠎ᠠ ᠂
ᠬᠦᠴᠦᠯᠢᠭ ᠬᠦᠦ ᠲᠡᠢ ᠴᠦ᠍ ᠬᠥᠯ ᠨᠡᠶ᠋ᠢᠯᠡᠵᠦ
ᠬᠥᠯᠥᠰᠥ ᠴᠢᠰᠤ ᠪᠠᠨ ᠬᠣᠯᠢᠵᠤ ᠦᠵᠡᠯ᠎ᠡ
ᠬᠥᠯ ᠶ᠋ᠢᠡᠨ ᠣᠯᠬᠤ ᠦᠭᠡᠢ ᠳᠠᠷᠢᠲᠠᠢ ᠣᠤᠠᠴᠢᠭᠢᠨ ᠊ᠢ ᠴᠤ᠌
ᠬᠠᠨᠢᠲᠠᠨ ᠶ᠋ᠢᠠᠨ ᠪᠣᠯᠭᠠᠵᠤ ᠲᠠᠲᠠᠵᠤ ᠦᠵᠡᠯ᠎ᠡ
ᠬᠠᠭᠠᠨ ᠪ ᠬᠥᠪᠡᠭᠦᠳ ᠲᠤ ᠬᠣᠪ ᠵᠥᠭᠡᠭᠡᠵᠦ
ᠬᠠᠭᠠᠴᠠᠭᠤᠯᠵᠤ ᠰᠢᠯᠭᠠᠬᠤ ᠪᠠᠷ ᠤᠷᠤᠯᠲᠤᠵᠤ ᠦᠵᠡᠯ᠎ᠡ
ᠪᠠᠶ᠋ᠢᠯᠲᠤᠬᠤ ᠪᠣᠯᠭᠠᠨ ᠳᠠᠷᠤᠭᠳᠠᠵᠤ ᠪᠠᠶ᠋ᠢᠬᠰᠠᠨ  ᠴᠤ᠌
ᠪᠠᠶ᠋ᠢᠲᠠᠯ ᠊ᠢ ᠦᠵᠡᠨ ᠬᠤᠪᠢᠷᠠᠵᠤ ᠯᠠ ᠪᠠᠶ᠋ᠢᠯ᠎ᠠ
ᠪᠠᠶ᠋ᠢᠲᠠᠭ ᠣᠯᠠᠨ ᠠᠷᠬ᠋᠎ᠠ ᠮᠡᠬᠡ ᠪᠡᠨ
ᠪᠠᠷᠢᠬᠲᠠᠬᠤ ᠪᠣᠯᠲᠠᠯ᠎ᠠ ᠪᠠᠨ ᠰᠢᠪᠬᠠᠵᠤ ᠪᠠᠶ᠋ᠢᠯ᠎ᠠ
ᠶᠠᠭᠠᠬᠢᠵᠤ  ᠬᠢᠭᠰᠡᠨ ᠴᠤ᠌ ᠳᠡᠶ᠋ᠢᠯᠬᠦ ᠦᠭᠡᠢ
ᠲᠩᠷᠢ ᠶ᠋ᠢᠨ ᠰᠠᠨᠠᠬ᠋᠎ᠠ ᠲᠡᠶ᠋ᠢᠰᠢ ᠪᠠᠨ ᠪᠠᠶ᠋ᠢᠯ᠎ᠠ
ᠬᠡᠷᠡᠶ᠋ᠢᠳ ᠂ ᠨᠠᠢ᠍ᠮᠠᠨ ᠂ ᠲᠠᠶ᠋ᠢᠴᠢᠭᠤᠳ ᠁ ᠊ᠢ
ᠭᠡᠰᠡᠭ ᠭᠡᠰᠡᠭ ᠶ᠋ᠢᠡᠷ ᠴᠢᠩᠭᠢᠰ ᠲᠤ ᠨᠢᠭᠡᠤᠠᠬᠡᠯ᠎ᠡ ᠃
ᠭᠡᠰᠡᠭᠯᠡᠨ ᠲᠤᠰᠠᠭᠠᠷᠯᠠᠭᠰᠠᠨ ᠤᠭᠰᠠᠭᠠᠲᠠᠨ ᠨᠤᠭᠤᠳ ᠊ᠢ
ᠬᠡᠨ  ᠴᠤ᠌ ᠲᠡᠭᠡᠵᠦ ᠂ ᠬᠠᠤᠠᠬᠤᠵᠤ ᠴᠢᠲᠠᠬᠤ ᠪᠢᠯᠡ!
ᠬᠡᠷᠪᠡ ᠵᠠᠮᠤᠬ᠎ᠠ ᠪᠠᠶ᠋ᠢᠬᠰᠠᠨ ᠦᠭᠡᠢ ᠪᠣᠯ
ᠬᠡᠵᠢᠶ᠎ᠡ ᠲᠡᠲᠡᠨ ᠊ᠢ ᠨᠢᠭᠡᠤᠠᠬᠡᠬᠦ ᠪᠢᠯᠡ?!
ᠥᠲᠥᠭᠡᠵᠦ ᠪᠠᠶ᠋ᠢᠭᠠᠳ ᠬᠤᠤᠠᠬᠤᠯᠲᠤᠭᠤᠯᠬᠤ ᠦᠭᠡᠢ ᠪᠣᠯ
ᠥᠰᠢᠶᠡᠷᠬᠡᠵᠦ ᠬᠣᠭᠣᠷᠣᠨᠲᠣ ᠨᠢ ᠵᠠᠪᠰᠠᠷᠲᠠᠭᠤᠯᠬᠤ ᠦᠭᠡᠢ ᠪᠣᠯ
《ᠠᠪᠤ ᠂ ᠬᠦᠦ ᠶ᠋ᠢᠨ ᠬᠠᠷᠢᠴᠠᠬ᠋᠎ᠠ 》 ᠨᠢ  ᠲᠠᠰᠤᠷᠠᠬᠤ ᠦᠭᠡᠢ ᠪᠣᠯ
《 ᠠᠬ᠎ᠠ ᠂ ᠳᠡᠭᠦᠦ ᠶ᠋ᠢᠨ  ᠶᠠᠪᠤᠯᠴᠠᠬ᠋᠎ᠠ 》 ᠨᠢ ᠡᠪᠲᠡᠷᠡᠬᠦ ᠦᠭᠡᠢ ᠪᠣᠯ 
ᠥᠭᠡᠯᠦᠨ ᠡᠬᠡ ᠶ᠋ᠢᠨ ᠲᠡᠮᠦᠵᠢᠨ ᠡᠴᠡ
ᠥᠷᠥᠭᠡᠯ ᠊ᠢ ᠶᠠᠭᠤ ᠳᠠᠷᠤᠬᠤ ᠪᠢᠯᠡ!
ᠦᠨᠲᠦᠰᠦ ᠶ᠋ᠢ ᠨᠢ ᠶᠠᠭᠤ ᠭᠡᠵᠦ ᠲᠠᠰᠤᠯᠬᠤ ᠪᠢᠯᠡ!
ᠦᠵᠡᠯᠴᠡᠭᠡᠨ ᠶᠠᠭᠠᠬᠢᠵᠤ ᠡᠭᠦᠰᠬᠦ ᠪᠢᠯᠡ!
ᠡᠮᠦᠨ᠎ᠡ ᠤᠮᠠᠷ᠎ᠠ ᠶ᠋ᠢ ᠬᠡᠷᠬᠢᠨ ᠬᠤᠷᠢᠶᠠᠮᠵᠢᠯᠠᠬᠤ ᠪᠢᠯᠡ!
ᠬᠠᠷᠢ ᠶ᠋ᠢ ᠬᠡᠷᠬᠢᠨ ᠲᠦᠪᠰᠢᠤᠠᠬᠡᠬᠦ ᠪᠢᠯᠡ!
ᠬᠢᠵᠠᠭᠠᠷ ᠊ᠢ ᠬᠡᠷᠬᠢᠨ ᠪᠡᠬᠢᠵᠢᠭᠦᠯᠬᠦ ᠪᠢᠯᠡ!
ᠬᠠᠮᠤᠭ ᠮᠣᠩᠭᠣᠯ ᠬᠡᠷᠬᠢᠨ ᠨᠢᠭᠡᠤᠠᠬᠡᠬᠦ ᠪᠢᠯᠡ!
ᠬᠠᠭᠠᠨᠲᠤ ᠤᠯᠤᠰ ᠬᠡᠷᠬᠢᠨ ᠪᠠᠶ᠋ᠢᠭᠤᠯᠤᠭᠲᠠᠬᠤ ᠪᠢᠯᠡ!
ᠵᠠᠮᠤᠬ᠎ᠠ ᠦᠨᠡᠬᠡᠷ ᠡᠩ ᠦ᠋ᠨ ᠬᠥᠮᠦᠨ ᠪᠢᠰᠢ
ᠵᠠᠭᠤᠵᠤ ᠠᠲᠠᠭᠠᠷᠬᠠᠮᠠᠷ ᠵᠠᠩᠵᠤᠨ ᠬᠥᠮᠦᠨ
ᠵᠠᠪᠠᠯ ᠳᠤᠷᠠᠰᠬᠤ ᠴᠤᠤᠲᠤ ᠬᠥᠮᠦᠨ
ᠵᠠᠯᠭᠠᠵᠤ ᠰᠤᠲᠤᠯᠬᠤ ᠲᠡᠦᠬᠡᠲᠦ ᠬᠥᠮᠦᠨ
ᠵᠠᠰᠠᠭ ᠲᠥᠷᠥ  ᠳᠤ ᠬᠦᠨᠲᠦᠲᠡᠢ ᠬᠥᠮᠦᠨ
ᠦᠬᠦᠬᠦ ᠦᠶ᠎ᠡ  ᠳᠤ ᠪᠡᠨ  ᠴᠤ᠌
ᠥᠴᠢᠯ ᠶ᠋ᠢᠡᠨ ᠥᠴᠢᠵᠦ
ᠦᠨᠲᠦᠰᠦᠲᠡᠨ ᠶᠠᠰᠤᠲᠠᠨ ᠪ ᠪᠠᠨ
ᠥᠭᠡᠲᠡᠯᠡᠬᠦ ᠶ᠋ᠢ ᠵᠥᠩᠨᠡᠵᠦ
ᠥᠪᠡᠷ ᠦ᠋ᠨ ᠪᠡᠶ᠎ᠡ ᠶ᠋ᠢᠨ ᠶ᠋ᠢᠡᠨ
ᠣᠰᠣᠯ ᠊ᠢ ᠵᠥᠪᠰᠢᠶᠡᠷᠡᠵᠦ
ᠦᠨᠡᠨᠴᠢ ᠨᠠᠶ᠋ᠢᠵᠠ ᠶ᠋ᠢᠨ ᠶ᠋ᠢᠡᠨ
ᠦᠯᠡᠲᠡᠭᠡᠬᠦ ᠶ᠋ᠢ  ᠳᠡᠪᠴᠢᠭᠰᠡᠨ ᠃
ᠦᠨᠡᠨ ᠰᠡᠤᠠᠬᠢᠯ ᠦ᠋ᠨ ᠠᠨᠲᠠ ᠪᠣᠯᠪᠠᠴᠤ
ᠦᠭᠡ ᠪᠡᠷ ᠴᠢᠨᠢ ᠯᠠᠪ ᠣᠷᠣᠬᠤ ᠦᠭᠡᠢ ᠭᠡᠰᠡᠨ ᠃
ᠥᠮᠴᠢᠯᠡᠵᠦ ᠥᠪᠯᠡᠭᠰᠡᠨ ᠨᠤᠲᠤᠭ ᠤᠰᠤ ᠪᠠᠨ
ᠥᠷᠥᠭᠡᠯ ᠶ᠋ᠢᠡᠷ ᠵᠠᠬᠢᠷᠤᠭᠤᠯᠵᠤ ᠲᠦᠪᠲᠡᠬᠦ ᠦᠭᠡᠢ ᠭᠡᠰᠡᠨ
ᠥᠰᠢᠶᠡᠷᠬᠡᠵᠦ ᠳᠠᠶ᠋ᠢᠳᠤᠵᠤ ᠶᠠᠪᠤᠬᠤ ᠶ᠋ᠢᠨ ᠣᠷᠣᠨ  ᠳᠤ
ᠦᠬᠦᠯ ᠶ᠋ᠢᠡᠷ ᠲᠠᠨ ᠊ᠢ ᠳᠡᠮᠵᠢᠶ᠎ᠡ ᠭᠡᠰᠡᠨ ᠃
ᠥᠪᠡᠷ ᠦ᠋ᠨ ᠪᠡᠶ᠎ᠡ ᠮᠢᠨᠢ ᠪᠠᠶ᠋ᠢᠬᠤ ᠦᠭᠡᠢ ᠴᠤ᠌ ᠭᠡᠰᠡᠨ
ᠦᠢᠯᠡᠰ ᠴᠢᠨᠢ ᠬᠣᠶ᠋ᠢᠰᠢᠲᠠ  ᠬᠥᠭᠵᠢᠨ᠎ᠡ ᠭᠡᠰᠡᠨ ᠃
ᠬᠥᠮᠦᠨ ᠪ ᠳᠣᠣᠷ᠎ᠠ ᠶᠠᠪᠤᠲᠠᠭ ᠦᠭᠡᠢ ᠲᠤᠯᠠ
ᠬᠥᠬᠡ ᠲᠩᠷᠢ  ᠳᠤ ᠪᠡᠨ ᠮᠣᠷᠢᠯᠠᠶ᠎ᠠ ᠭᠡᠰᠡᠨ ᠃
ᠬᠥᠨᠥᠭᠡᠯ ᠨᠢᠭᠦᠯ ᠲᠠᠷᠢᠬᠤ ᠶ᠋ᠢᠨ ᠣᠷᠣᠨ  ᠳᠤ
ᠬᠦᠨᠲᠦᠲᠡᠢ ᠨᠠᠶ᠋ᠢᠷᠰᠠᠭ ᠵᠠᠯᠠᠷᠠᠶ᠎ᠠ ᠭᠡᠰᠡᠨ ᠃
ᠤᠯᠠᠭᠠᠨ ᠴᠢᠰᠤ ᠶ᠋ᠢ ᠮᠢᠨᠢ ᠭᠠᠷᠭᠠᠯ ᠦᠭᠡᠢ
ᠤᠨᠲᠠᠭᠰᠠᠨ ᠶᠤᠮ  ᠰᠢᠭ᠋ ᠮᠣᠷᠲᠠᠭᠤᠯ! ᠭᠡᠰᠡᠨ
ᠦᠨᠲᠦᠰᠦᠲᠡᠨ ᠪ ᠮᠢᠨᠢ ᠵᠠᠩᠰᠢᠯ ᠶᠣᠰᠣᠭᠠᠷ
ᠥᠨᠲᠥᠷ ᠭᠠᠵᠠᠷ ᠣᠷᠣᠰᠢᠭᠤᠯ ᠭᠡᠰᠡᠨ ᠃
ᠵᠠᠮᠤᠬ᠎ᠠ ᠦᠨᠡᠬᠡᠷ ᠡᠩ ᠦ᠋ᠨ ᠬᠥᠮᠦᠨ ᠪᠢᠰᠢ
ᠵᠣᠭᠰᠣᠬ᠋᠎ᠠ ᠬᠡᠶ᠋ᠢᠮᠣᠷᠢᠲᠤ ᠡᠷ᠎ᠡ ᠬᠥᠮᠦᠨ
ᠵᠣᠲᠣᠭ  ᠰᠡᠭᠰᠦᠷᠦᠭᠰᠡᠨ ᠪᠥᠬᠡ ᠬᠥᠮᠦᠨ
ᠵᠣᠪᠠᠯᠠᠩ ᠶ᠋ᠢᠠᠨ ᠬᠤᠪᠢᠶᠠᠯᠴᠠᠲᠠᠭ ᠠᠨᠲᠠ ᠬᠥᠮᠦᠨ
ᠵᠣᠷᠢᠬᠰᠠᠨ ᠶ᠋ᠢᠠᠨ  ᠬᠢᠳᠡᠭ ᠮᠣᠩᠭᠣᠯ ᠬᠥᠮᠦᠨ!
ᠵᠣᠷᠢᠬ ᠵᠥᠷᠢᠭᠦᠳ ᠪᠠᠭᠠᠲᠤᠷ ᠬᠥᠮᠦᠨ!
                       
    ᠨᠡᠷ᠎ᠡ ᠬᠦᠨᠲᠦᠲᠦ ᠲᠡᠦᠬᠡ ᠶ᠋ᠢᠨ ᠠᠪᠤᠷᠭᠤ ᠰᠣᠩᠷᠠᠢ ᠪᠠᠭᠰᠢ ᠶ᠋ᠢᠨ ᠪᠢᠴᠢᠵᠦ ᠦᠯᠡᠲᠡᠭᠡᠭᠰᠡᠨ  ᠪᠦᠲᠦᠭᠡᠯ ᠊ᠢ ᠬᠦᠷᠭᠡᠪᠡ ᠃

         ᠦᠰᠦᠭ ᠠᠮᠢᠯᠠᠭᠤᠯᠤᠭᠴᠢ ᠄ ᠭᠡᠷᠡᠯ
         ᠬᠢᠨᠠᠭᠴᠢ ᠄ ᠪᠠᠯᠵᠢ