ᠳᠥᠷᠪᠡᠨ ᠴᠠᠭ – ᠳ · ᠨᠢᠮᠠᠰᠦ᠋ᠷᠦᠩ Дөрвөн цаг – Д᠂ Нямсүрэн
ᠳᠥᠷᠪᠡᠨ ᠴᠠᠭ
ᠳ · ᠨᠢᠮᠠᠰᠦ᠋ᠷᠦᠩ
ᠪᠣᠷᠣᠭ᠎ᠠ ᠭᠠᠭᠴᠠ ᠨᠢᠭᠡ ᠳᠤᠰᠤᠬᠤ ᠨᠢ ᠰᠠᠢᠬᠠᠨ
ᠪᠣᠷᠣᠭ ᠡᠪᠡᠰᠦ ᠨᠣᠷᠤᠭᠰᠠᠨ ᠪᠠᠢᠬᠤ ᠨᠢ ᠰᠠᠢᠬᠠᠨ
ᠬᠠᠪᠣᠷ ᠤ᠋ᠨ ᠴᠠᠰᠤ ᠭᠡᠷ ᠣᠷᠣᠭᠣ ᠤᠷᠤᠰᠬᠤ ᠨᠢ ᠰᠠᠢᠬᠠᠨ
ᠬᠠᠮᠢᠭ᠎ᠠ ᠨᠢᠭᠡᠲᠡᠢ ᠰᠢᠪᠠᠭᠤᠳ ᠭᠠᠩᠭᠠᠨᠠᠬᠤ ᠰᠠᠢᠬᠠᠨ
ᠠᠯᠳ᠋ᠠᠨ ᠬᠠᠷᠢᠶᠠᠴᠠᠢ ᠳᠡᠷᠭᠡᠳᠡᠭᠦᠷ ᠨᠢᠰᠬᠦ ᠰᠠᠢᠬᠠᠨ
ᠠᠶᠠᠨ ᠤ᠋ ᠬᠥᠮᠦᠨ ᠮᠠᠨ ᠤ᠋ ᠤᠶᠠᠭᠠᠨ ᠳ᠋ᠤ᠌ ᠪᠠᠭᠤᠬᠤ ᠰᠠᠢᠬᠠᠨ
ᠠᠢᠯ ᠤ᠋ᠨ ᠮᠢᠨᠢ ᠠᠢᠯ ᠳ᠋ᠤ᠌ ᠪᠦᠰᠡᠭᠦᠢ ᠪᠠᠢᠬᠤ ᠰᠠᠢᠬᠠᠨ
ᠠᠢᠯ ᠨᠡᠭᠦᠵᠦ ᠢᠷᠡᠬᠦ ᠰᠠᠢᠬᠠᠨ
ᠬᠠᠩᠭᠠᠢ ᠶ᠋ᠢᠨ ᠪᠣᠷᠣᠭᠠᠨ ᠭᠡᠨᠡᠳᠲᠡ ᠠᠰᠬᠠᠬᠤ ᠨᠢ ᠰᠠᠢᠬᠠᠨ
ᠬᠠᠷᠠᠩᠭᠤᠢ ᠶ᠋ᠢᠨ ᠳᠤᠮᠳᠠ ᠴᠠᠬᠢᠯᠭᠠᠨ ᠭᠢᠯᠪᠠᠬᠤ ᠨᠢ ᠰᠠᠢᠬᠠᠨ
ᠬᠣᠨᠣᠨ ᠥᠨᠵᠢᠨ ᠪᠣᠷᠣᠭ᠎ᠠ ᠵᠦᠰᠡᠷᠡᠬᠦ ᠨᠢ ᠰᠠᠢᠬᠠᠨ
ᠬᠣᠯᠠ ᠡᠴᠡ ᠭᠡᠢᠴᠢᠨ ᠢᠷᠡᠬᠦ ᠰᠠᠢᠬᠠᠨ
ᠰᠢᠷᠭᠠᠯ ᠲᠠᠯ᠎ᠠ ᠶ᠋ᠢᠨ ᠡᠪᠡᠰᠦ ᠬᠠᠯᠢᠭᠤᠷᠠᠬᠤ ᠨᠢ ᠰᠠᠢᠬᠠᠨ
ᠱᠠᠩᠬᠤᠨ ᠤ᠋ ᠦᠵᠦᠭᠦᠷ ᠲᠦ᠍ ᠰᠠᠯᠬᠢ ᠨᠢ ᠰᠡᠪᠢᠯᠵᠡᠬᠦ ᠰᠠᠢᠬᠠᠨ
ᠰᠠᠷ᠎ᠠ ᠲᠠᠢ ᠰᠥᠨᠢ ᠪᠤᠬᠠᠯ ᠲᠡᠭᠡᠷ᠎ᠡ ᠤᠨᠲᠠᠬᠤ ᠰᠠᠢᠬᠠᠨ
ᠴᠢᠮ᠎ᠠ ᠶ᠋ᠢ ᠵᠡᠭᠦᠳᠦᠯᠡᠭᠡᠳ ᠭᠠᠵᠠᠷ ᠲᠤ᠌ ᠣᠢᠴᠢᠬᠤ ᠨᠢ ᠰᠠᠢᠬᠠᠨ
ᠦᠶ᠎ᠡ ᠦᠶᠡᠬᠡᠨ ᠪᠣᠷᠣᠭ᠎ᠠ ᠠᠮᠤᠰᠬᠢᠬᠦ ᠨᠢ ᠰᠠᠢᠬᠠᠨ
ᠡᠯᠭᠦᠭᠰᠡᠨ ᠴᠤᠪᠠ ᠡᠴᠡ ᠤᠰᠤ ᠲᠣᠰᠣᠯᠠᠬᠣ ᠨᠢ ᠰᠠᠢᠬᠠᠨ
ᠡᠭᠦᠯᠡᠨ ᠴᠢᠯᠥᠭᠡᠨ ᠡᠴᠡ ᠨᠠᠷᠠ ᠭᠠᠷᠬᠤ ᠰᠠᠢᠬᠠᠨ
ᠡᠭᠦᠳᠡ ᠪᠡᠷ ᠪᠣᠯᠵᠣᠮᠣᠷ ᠤ᠋ᠳ ᠨᠢᠰᠤᠨ ᠦᠩᠭᠡᠷᠡᠬᠦ ᠨᠢ ᠰᠠᠢᠬᠠᠨ
ᠰᠦᠨᠢ ᠳᠦᠯᠢ ᠬᠦᠯᠦᠭ ᠮᠣᠷᠢ ᠢᠨᠴᠠᠭᠠᠬᠤ ᠰᠠᠢᠬᠠᠨ
ᠰᠢᠯᠦᠭ ᠨᠣᠢᠷ ᠡᠴᠡ ᠰᠡᠷᠢᠵᠦ ᠣᠷᠴᠢᠯᠠᠩ ᠢ᠋ ᠪᠣᠳᠣᠬᠣ ᠰᠠᠢᠬᠠᠨ
ᠡᠷᠦᠬᠡᠨ ᠦ᠌ ᠵᠠᠪᠰᠠᠷ ᠢ᠋ᠶ᠋ᠠᠷ ᠭᠡᠭᠡ ᠣᠷᠣᠬᠤ ᠰᠠᠢᠬᠠᠨ
ᠥᠷᠯᠥᠭᠡ ᠪᠣᠰᠬᠤ ᠰᠠᠢᠬᠠᠨ
ᠴᠠᠢᠷᠠᠨ ᠴᠠᠢᠷᠠᠨ ᠪᠣᠷᠣᠭ᠎ᠠ ᠣᠷᠣᠬᠤ ᠨᠢ ᠰᠠᠢᠬᠠᠨ
ᠴᠠᠪᠢᠳᠠᠷ ᠮᠣᠷᠢ ᠲᠠᠢ ᠬᠥᠮᠦᠨ ᠨᠠᠭᠠᠰᠢ ᠪᠠᠨ ᠳᠠᠪᠬᠢᠬᠤ ᠨᠢ ᠰᠠᠢᠬᠠᠨ
ᠪᠣᠷᠣᠭᠠᠨ ᠡᠴᠡ ᠡᠮᠦᠨ᠎ᠡ ᠢᠷᠡᠯ᠎ᠡ ᠭᠡᠵᠦ ᠶᠠᠷᠢᠬᠤ ᠨᠢ ᠰᠠᠢᠬᠠᠨ
ᠪᠣᠷᠵᠢᠭᠢᠨ ᠡᠮᠡᠭᠡᠯ ᠢ᠋ᠶ᠋ᠡᠨ ᠠᠪᠤᠭᠠᠳ ᠣᠷᠣᠵᠤ ᠢᠷᠡᠬᠦ ᠨᠢ ᠰᠠᠢᠬᠠᠨ
ᠰᠠᠷ᠎ᠠ ᠲᠠᠢ ᠲᠣᠯᠣᠭᠠᠳ ᠲᠤ᠌ ᠢᠩᠭᠡ ᠭᠤᠩᠭᠠᠨᠢᠬᠤ ᠰᠠᠢᠬᠠᠨ
ᠱᠠᠡᠭᠵᠠᠠ ᠶ᠋ᠢᠨ ᠦᠵᠦᠭᠦᠷ ᠲᠦ᠍ ᠠᠢ ᠨᠠᠨ ᠠᠢ ᠰᠠᠭᠤᠬᠤ ᠨᠢ ᠰᠠᠢᠬᠠᠨ
ᠰᠢᠷᠭᠠᠯ ᠳᠥᠯᠥ ᠤᠯᠠᠯᠵᠠᠨ ᠭᠠᠯ ᠨᠣᠴᠣᠬᠤ ᠨᠢ ᠰᠠᠢᠬᠠᠨ
ᠴᠢᠷᠠᠢ ᠵᠢᠰᠦ ᠪᠦᠳᠡᠭᠢ ᠪᠠᠳᠠᠭᠢ ᠭᠡᠷᠡᠯᠳᠦᠬᠦ ᠨᠢ ᠰᠠᠢᠬᠠᠨ
ᠬᠥᠬᠡ ᠯᠤᠩᠬᠤᠨ ᠲᠣᠭᠣᠷᠤᠤ ᠳᠤᠤᠭᠠᠷᠬᠤ ᠨᠢ ᠰᠠᠢᠬᠠᠨ
ᠬᠥᠳᠡᠭᠡ ᠴᠠᠢᠳᠠᠮ ᠳ᠋ᠤ᠌ ᠪᠣᠷᠣᠭᠠᠰᠢᠬᠤ ᠰᠠᠢᠬᠠᠨ
ᠠᠨᠢᠷᠬᠠᠨ ᠠᠬᠤᠢ ᠳ᠋ᠤ᠌ ᠴᠡᠴᠡᠭ ᠲᠣᠬᠢᠬᠣ ᠰᠠᠢᠬᠠᠨ
ᠠᠭᠠᠳᠠᠷ ᠤ᠋ᠨ ᠡᠮᠦᠨᠡᠬᠢ ᠪᠠᠢᠳᠠᠯ ᠰᠠᠢᠬᠠᠨ
ᠲᠣᠭᠣᠨᠣ ᠪᠠᠷ ᠰᠠᠷ᠎ᠠ ᠭᠡᠷᠡᠯᠳᠦᠬᠦ ᠰᠠᠢᠬᠠᠨ
ᠲᠣᠭᠣᠭ᠎ᠠ ᠲᠠᠢ ᠰᠦᠨ ᠳ᠋ᠦ᠍ ᠲᠣᠰᠬᠣ ᠰᠠᠢᠬᠠᠨ
ᠰᠦᠨᠢ ᠣᠷᠣᠢ ᠰᠠᠷ᠎ᠠ ᠭᠠᠷᠬᠤ ᠰᠠᠢᠬᠠᠨ
ᠴᠢᠳᠥᠷ ᠲᠡᠢ ᠮᠣᠷᠢᠳ ᠲᠣᠷᠬᠢᠯᠠᠬᠣ ᠰᠠᠢᠬᠠᠨ
ᠰᠢᠪᠡᠷᠡᠨ ᠰᠢᠪᠡᠷᠡᠨ ᠪᠣᠷᠣᠭ᠎ᠠ ᠣᠷᠣᠬᠤ ᠨᠢ ᠰᠠᠢᠬᠠᠨ
ᠰᠢᠷᠢᠭ ᠵᠦᠯᠭᠡ ᠨᠣᠭᠣᠭᠠᠷᠠᠬᠤ ᠨᠢ ᠰᠠᠢᠬᠠᠨ
ᠵᠡᠭᠦᠨ ᠡᠮᠦᠨ᠎ᠡ ᠰᠣᠯᠣᠩᠭ᠎ᠠ ᠲᠠᠲᠠᠬᠤ ᠰᠠᠢᠬᠠᠨ
ᠵᠦᠰᠡ ᠪᠣᠷᠣᠭ᠎ᠠ ᠭᠡᠷᠡᠯᠳᠦᠬᠦ ᠰᠠᠢᠬᠠᠨ
ᠬᠡᠬᠡᠨ ᠪᠣᠷᠣᠭᠠᠨ ᠤ᠋ ᠤᠰᠤ ᠶ᠋ᠢ ᠲᠣᠰᠬᠣ ᠰᠠᠢᠬᠠᠨ
ᠭᠡᠵᠢᠭᠡ ᠦᠰᠦ ᠪᠡᠨ ᠬᠡᠦᠬᠡᠨ ᠨᠦ᠍ᠭᠦᠳ ᠤᠬᠢᠶᠠᠬᠤ ᠰᠠᠢᠬᠠᠨ
ᠠᠭᠢ ᠬᠦᠮᠡᠯᠢ ᠶ᠋ᠢᠨ ᠦᠨᠦᠷ ᠰᠡᠩᠭᠢᠨᠡᠬᠦ ᠨᠢ ᠰᠠᠢᠬᠠᠨ
ᠠᠶᠠᠰᠬᠠᠨ ᠪᠣᠳ᠋ᠣᠯ ᠬᠣᠯᠠ ᠣᠢᠷ᠎ᠠ ᠶ᠋ᠢ ᠰᠠᠨᠠᠬᠤ ᠰᠠᠢᠬᠠᠨ
ᠦᠳᠡᠰᠢ ᠶ᠋ᠢᠨ ᠪᠦᠷᠦᠢ ᠪᠡᠷ ᠢᠷᠡᠬᠦ ᠰᠠᠢᠬᠠᠨ
ᠦᠦᠷ ᠦ᠋ᠨ ᠭᠡᠭᠡ ᠪᠡᠷ ᠶᠠᠪᠤᠬᠤ ᠰᠠᠢᠬᠠᠨ
ᠥᠩᠭᠡᠲᠦ ᠳᠡᠯᠡᠬᠡᠢ ᠨᠢ ᠤᠶᠠᠷᠠᠨ ᠤᠬᠢᠯᠠᠮᠠᠷ ᠰᠠᠢᠬᠠᠨ
ᠥᠷᠭᠡᠨ ᠬᠣᠷᠸ᠎ᠠ ᠨᠢ ᠳᠠᠭᠤᠯᠠᠨ ᠵᠢᠷᠭᠠᠮᠠᠷ ᠰᠠᠢᠬᠠᠨ
ᠡᠭᠡ ᠨᠤᠲᠤᠭ ᠮᠢᠨᠢ ᠰᠢᠯᠦᠭ ᠰᠢᠭ᠌ ᠰᠠᠢᠬᠠᠨ
ᠡᠬᠡ ᠣᠷᠣᠨ ᠮᠢᠨᠢ ᠳᠠᠭᠤᠤ ᠰᠢᠭ᠋ ᠰᠠᠢᠬᠠᠨ
ᠡᠷᠭᠢᠬᠦ ᠳᠥᠷᠪᠡᠨ ᠴᠠᠭ ᠲᠤ᠌ ᠠᠮᠢᠳᠤ ᠶᠠᠪᠤᠬᠤ ᠰᠠᠢᠬᠠᠨ
ᠡᠷᠢᠶᠡᠨᠴᠡᠪ ᠲᠦ᠍ ᠪᠣᠷᠣᠭᠠᠨ ᠣᠷᠣᠬᠤ ᠨᠢ ᠰᠠᠢᠬᠠᠨ
ᠥᠷᠯᠥᠭᠡ ᠪᠣᠰᠬᠤ ᠳ᠋ᠤ᠌ ᠴᠠᠰᠣ ᠣᠷᠣᠭᠰᠠᠨ ᠪᠠ᠍ᠢ᠍ᠢᠠᠠᠣ ᠨᠢ ᠰᠠᠢᠬᠠᠨ
ᠡᠷᠦᠬᠡᠨ ᠦ᠌ ᠣᠭᠣᠰᠣᠷ ᠲᠠᠶᠠᠯᠠᠬᠣ ᠳ᠋ᠤ᠌ ᠲᠣᠭᠣᠨᠣ ᠪᠠᠷ ᠴᠠᠰᠣ ᠤᠨᠠᠬᠤ ᠰᠠᠢᠬᠠᠨ
ᠭᠠᠳᠠᠭ᠎ᠠ ᠠᠭᠣᠯᠠ ᠲᠣᠯᠣᠭᠠᠳ ᠭᠢᠯᠪᠠᠯᠵᠠᠬᠤ ᠨᠢ ᠰᠠᠢᠬᠠᠨ
ᠭᠠᠭᠴᠠ ᠨᠢᠭᠡ ᠡᠪᠡᠰᠦ ᠰᠠᠯᠬᠢᠨ ᠳ᠋ᠤ᠌ ᠰᠡᠪᠡᠭᠡᠨᠡᠬᠦ ᠰᠠᠢᠬᠠᠨ
ᠦᠳᠡᠰᠢ ᠣᠷᠣᠢ ᠠᠢᠯ ᠤ᠋ᠨ ᠭᠡᠷᠡᠯ ᠬᠠᠷᠠᠭᠳᠠᠬᠤ ᠰᠠᠢᠬᠠᠨ
ᠦᠷᠢᠶ᠎ᠡ ᠮᠣᠷᠢᠨ ᠤ᠋ ᠬᠦᠯ ᠬᠥᠩᠭᠡᠷᠡᠬᠦ ᠰᠠᠢᠬᠠᠨ
ᠬᠣᠨᠣᠬᠤ ᠠᠢᠯ ᠳ᠋ᠤ᠌ ᠦᠶ᠎ᠡ ᠶ᠋ᠢᠨ ᠪᠦᠰᠡᠭᠦᠢ ᠪᠠᠢᠬᠤ ᠰᠠᠢᠬᠠᠨ
ᠬᠣᠲᠠᠴᠢ ᠨᠣᠬᠠᠢ ᠰᠡᠷᠡᠨ ᠦ᠌ ᠭᠡᠷᠡᠯ ᠳ᠋ᠦ᠍ ᠬᠤᠴᠠᠬᠤ ᠰᠠᠢᠬᠠᠨ
ᠲᠣᠭᠣᠨᠣ ᠪᠠᠷ ᠴᠠᠰᠣ ᠪᠣᠳᠠᠷᠠᠨ ᠣᠷᠣᠬᠤ ᠨᠢ ᠰᠠᠢᠬᠠᠨ
ᠲᠣᠭᠣᠭᠠᠨ ᠤ᠋ ᠲᠠᠭ ᠤ᠋ᠨ ᠲᠡᠭᠡᠷ᠎ᠡ ᠤᠨᠠᠭᠠᠳ ᠬᠠᠢᠯᠬᠤ ᠨᠢ ᠰᠠᠢᠬᠠᠨ
ᠭᠡᠷ ᠦ᠋ᠨ ᠬᠣᠢᠮᠣᠷ ᠲᠤ᠌ ᠠᠪᠤ ᠰᠠᠭᠤᠬᠤ ᠰᠠᠢᠬᠠᠨ
ᠭᠡᠷᠡᠯ ᠲᠡᠢ ᠡᠭᠦᠳᠡ ᠪᠡᠷ ᠡᠵᠢ ᠣᠷᠣᠵᠤ ᠢᠷᠡᠬᠦ ᠰᠠᠢᠬᠠᠨ
ᠬᠥᠲᠥᠯ ᠦ᠋ᠨ ᠣᠷᠣᠢ ᠳ᠋ᠤ᠌ ᠨᠠᠷᠠ ᠲᠣᠰᠬᠣ ᠰᠠᠢᠬᠠᠨ
ᠬᠥᠰᠬᠡ ᠲᠡᠷᠭᠡ ᠭᠠᠷᠴᠤ ᠢᠷᠡᠬᠦ ᠨᠢ ᠰᠠᠢᠬᠠᠨ
ᠲᠡᠷᠭᠡᠨ ᠦ᠌ ᠳᠤᠭᠤᠢ ᠴᠢᠬᠠᠷᠠᠨ ᠴᠤᠬᠠᠷᠠᠨ ᠡᠷᠭᠢᠬᠦ ᠨᠢ ᠰᠠᠢᠬᠠᠨ
ᠲᠡᠷᠭᠡᠨ ᠳᠣᠣᠷ᠎ᠠ ᠡᠴᠡ ᠰᠢᠪᠠᠭᠤ ᠨᠢᠰᠬᠦ ᠰᠠᠢᠬᠠᠨ
ᠲᠡᠭᠷᠢ ᠪᠤᠳᠤᠩᠭᠤᠢᠷᠠᠵᠤ ᠰᠥᠳᠡᠢᠬᠦ ᠨᠢ ᠰᠠᠢᠬᠠᠨ
ᠲᠡᠷᠲᠡᠭᠡ ᠬᠣᠯᠠ ᠶ᠋ᠢᠨ ᠶᠠᠭᠤᠮ᠎ᠠ ᠦᠵᠡᠭᠳᠡᠬᠦ ᠲᠡᠢ ᠦᠭᠡᠢ ᠲᠡᠢ ᠰᠠᠢᠬᠠᠨ
ᠰᠠᠯᠬᠢ ᠡᠷᠭᠢᠵᠦ ᠣᠳᠣᠭ᠎ᠠ ᠬᠤᠢᠷᠠᠩᠨᠠᠬᠤ ᠨᠢ ᠰᠠᠢᠬᠠᠨ
ᠴᠠᠰᠣ ᠡᠷᠭᠢᠯᠳᠦᠨ ᠡᠷᠭᠢᠯᠳᠦᠨ ᠮᠠᠯᠠᠭᠠᠢᠯᠠᠬᠤ ᠰᠠᠢᠬᠠᠨ
ᠵᠤᠤᠬᠠᠨ ᠤ᠋ ᠭᠠᠯ ᠳ᠋ᠤ᠌ ᠨᠣᠵᠣᠭᠣᠷᠠᠨ ᠨᠣᠢᠷ ᠬᠦᠷᠬᠦ ᠨᠢ ᠰᠠᠢᠬᠠᠨ
ᠵᠣᠨ ᠤ᠋ ᠣᠷᠣᠢ ᠰᠣᠭᠲᠣᠭᠤ ᠪᠠᠢᠵᠤ ᠲᠡᠷᠡᠬᠡᠨ ᠵᠠᠭᠤᠷ᠎ᠠ ᠵᠡᠭᠦᠷᠮᠡᠭᠯᠡᠬᠦ ᠰᠠᠢᠬᠠᠨ
ᠬᠡᠨ ᠴᠠᠢ ᠤᠤᠭᠤ ᠭᠡᠬᠦ ᠪᠦᠳᠡᠭᠢ ᠪᠠᠳᠠᠭᠢ ᠦᠭᠡ ᠲᠣᠭᠣᠯᠳᠤᠬᠤ ᠨᠢ ᠰᠠᠢᠬᠠᠨ
ᠬᠡᠨ ᠭᠤᠸᠠᠢ ᠨᠢ ᠭᠡᠵᠦ ᠭᠠᠷ ᠡᠴᠡ ᠵᠥᠭᠡᠯᠡᠨ ᠵᠥᠭᠡᠯᠡᠨ ᠠᠳᠬᠤᠬᠤ ᠨᠢ ᠰᠠᠢᠬᠠᠨ
ᠴᠠᠢᠳᠠᠮ ᠬᠣᠭᠣᠯᠠᠢ ᠴᠠᠢᠪᠠᠯᠵᠠᠵᠤ ᠴᠡᠩᠬᠡᠷᠲᠦᠬᠦ ᠰᠠᠢᠬᠠᠨ
ᠴᠠᠭᠠᠳᠤ ᠠᠭᠤᠯᠠᠰ ᠬᠢᠯᠠᠰ ᠭᠢᠯᠠᠰᠬᠢᠨ ᠬᠠᠷᠠᠭᠳᠠᠬᠤ ᠨᠢ ᠰᠠᠢᠬᠠᠨ
ᠴᠠᠰᠣ ᠰᠢᠭᠤᠷᠴᠤ ᠲᠣᠭᠳᠠᠭᠣᠨ ᠭᠢᠯᠪᠠᠰ ᠭᠢᠯᠪᠠᠰᠬᠢᠬᠦ ᠰᠠᠢᠬᠠᠨ
ᠴᠠᠭᠠᠨ ᠡᠳᠦᠷ ᠮᠡᠯᠲᠡᠰ ᠮᠡᠯᠲᠡᠰᠬᠢᠬᠦ ᠰᠠᠢᠬᠠᠨ
ᠣᠳᠣᠳ ᠲᠣᠳᠣᠷᠠᠬᠤ ᠨᠢ ᠰᠠᠷᠠᠨ ᠤ᠋ ᠣᠢᠷᠠᠯᠴᠠᠭ᠎ᠠ ᠢᠯᠡᠭᠦᠦ ᠰᠠᠢᠬᠠᠨ
ᠣᠩᠭᠣᠨ ᠲᠠᠯ᠎ᠠ ᠳ᠋ᠤ᠌ ᠠᠳ᠋ᠣᠭᠣ ᠮᠢᠨᠢ ᠪᠠᠢᠬᠤ ᠰᠢᠭ᠋ ᠰᠠᠢᠬᠠᠨ
ᠣᠨ ᠴᠠᠭ ᠤ᠋ᠨ ᠭᠣᠷᠪᠠᠨ ᠮᠠᠷᠠᠯ ᠪᠣᠳ᠋ᠣᠯ ᠵᠥᠩᠨᠡᠬᠦ ᠰᠠᠢᠬᠠᠨ
ᠣᠨᠳᠣᠣ ᠭᠠᠷᠠᠭ ᠤ᠋ᠨ ᠬᠦᠯᠦᠭ ᠢᠷᠡᠵᠦ ᠶᠠᠪᠤᠬᠤ ᠰᠢᠭ᠋ ᠰᠠᠢᠬᠠᠨ
ᠴᠠᠰᠣ ᠣᠷᠣᠨ ᠣᠷᠣᠨ ᠯᠠᠪᠰᠠᠬᠤ ᠨᠢ ᠰᠠᠢᠬᠠᠨ
ᠴᠠᠭ ᠡᠷᠭᠢᠵᠦ ᠢᠷᠡᠬᠦ ᠰᠠᠢᠬᠠᠨ
ᠴᠢᠷᠠᠢᠯᠢᠭᠬᠠᠨ ᠴᠢᠮᠠᠶ᠋ᠢ ᠪᠠᠨ ᠨᠠᠮᠠᠶ᠋ᠢ ᠲᠣᠭᠣᠭ᠎ᠠ ᠦᠭᠡᠢ ᠶ᠋ᠢ ᠲᠣᠭᠣᠭᠰᠠᠨ ᠭᠡᠵᠦ ᠪᠣᠳᠣᠬᠣ ᠨᠢ ᠰᠠᠢᠬᠠᠨ
ᠴᠠᠭ ᠭᠡᠷ ᠲᠦ᠍ ᠴᠣᠬᠢᠭᠰᠠᠭᠠᠷ ᠪᠠᠢᠬᠤ ᠨᠢ ᠰᠠᠢᠬᠠᠨ
ᠲᠡᠷᠭᠡᠯ ᠰᠠᠷ᠎ᠠ ᠲᠠᠢ ᠰᠦᠨᠢ ᠭᠠᠳᠠᠭ᠎ᠠ ᠵᠣᠭᠰᠣᠬᠤ ᠰᠠᠢᠬᠠᠨ
ᠲᠡᠷᠭᠡᠨ ᠲᠡᠭᠡᠷ᠎ᠡ ᠬᠤᠷᠢᠶᠠᠭᠰᠠᠨ ᠪᠠᠷᠠᠭ᠎ᠠ ᠰᠦᠭᠯᠡᠢᠬᠦ ᠰᠠᠢᠬᠠᠨ
ᠲᠡᠷᠳᠡᠭᠡᠬᠢ ᠬᠥᠨᠳᠡᠢ ᠴᠠᠢᠪᠤᠷᠳᠠᠵᠤ ᠰᠡᠭᠦᠳᠡᠷᠲᠦᠬᠦ ᠨᠢ ᠰᠠᠢᠬᠠᠨ
ᠲᠡᠢᠰᠢ ᠪᠡᠨ ᠣᠴᠢᠮᠠᠷ ᠦᠭᠡᠢ ᠠᠶᠤᠮᠠᠷ ᠰᠠᠨᠠᠭᠳᠠᠬᠤ ᠨᠢ ᠰᠠᠢᠬᠠᠨ
ᠶᠠᠪᠠᠭᠠᠨ ᠰᠢᠭᠤᠷᠭ᠎ᠠ ᠭᠠᠳᠠᠭ᠎ᠠ ᠢᠰᠬᠡᠷᠬᠦ ᠰᠠᠢᠬᠠᠨ
ᠶᠠᠨᠲᠤᠩ ᠶᠤᠮ ᠦᠦ ᠨᠢᠭᠡ ᠶᠠᠭᠤᠮ᠎ᠠ ᠬᠠᠮᠢᠭ᠎ᠠ ᠨᠢᠭᠡᠲᠡᠢ ᠲᠡᠷ ᠳᠠᠷᠭᠢᠬᠤ ᠰᠠᠢᠬᠠᠨ
ᠭᠡᠨᠡᠳᠲᠡ ᠭᠡᠨᠡᠳᠬᠡᠨ ᠨᠢᠳᠦ ᠦᠭᠡᠢᠯᠡᠨ ᠬᠠᠷᠠᠩᠭᠤᠢᠯᠠᠬᠤ ᠨᠢ ᠰᠠᠢᠬᠠᠨ
ᠭᠡᠷ ᠦ᠋ᠨ ᠬᠠᠶᠠᠭ᠎ᠠ ᠪᠠᠷ ᠴᠠᠰᠣ ᠬᠤᠩᠭᠠᠷᠯᠠᠬᠤ ᠨᠢ ᠰᠠᠢᠬᠠᠨ
ᠠᠢᠯ ᠤ᠋ᠨ ᠭᠡᠷ ᠡᠴᠡ ᠬᠦᠮᠦᠰ ᠭᠠᠷᠴᠠᠭᠠᠬᠤ ᠰᠠᠢᠬᠠᠨ
ᠠᠷᠢᠯᠤᠭᠰᠠᠨ ᠲᠡᠭᠷᠢ ᠳ᠋ᠦ᠍ ᠰᠢᠪᠠᠭᠤ ᠨᠢᠰᠬᠦ ᠰᠠᠢᠬᠠᠨ
ᠠᠭᠣᠯᠠ ᠲᠠᠯ᠎ᠠ ᠣᠷᠣᠭᠣ ᠭᠦᠶᠦᠬᠦ ᠰᠠᠢᠬᠠᠨ
ᠣᠯᠠᠭᠠᠨ ᠬᠠᠴᠠᠷ ᠲᠠᠢ ᠬᠡᠣᠬᠡᠳ ᠦ᠋ᠳ ᠲᠣᠭᠯᠠᠬᠤ ᠰᠠᠢᠬᠠᠨ
ᠦᠳᠡᠰᠢ ᠶ᠋ᠢᠨ ᠪᠦᠷᠦᠢ ᠪᠡᠷ ᠢᠷᠡᠬᠦ ᠰᠠᠢᠬᠠᠨ
ᠦᠦᠷ ᠦ᠋ᠨ ᠭᠡᠭᠡ ᠪᠡᠷ ᠶᠠᠪᠤᠬᠤ ᠰᠠᠢᠬᠠᠨ
ᠥᠩᠭᠡᠲᠦ ᠳᠡᠯᠡᠬᠡᠢ ᠨᠢ ᠤᠶᠠᠷᠠᠨ ᠤᠬᠢᠯᠠᠮᠠᠷ ᠰᠠᠢᠬᠠᠨ
ᠥᠷᠭᠡᠨ ᠬᠣᠷᠸ᠎ᠠ ᠨᠢ ᠳᠠᠭᠤᠯᠠᠨ ᠵᠢᠷᠭᠠᠮᠠᠷ ᠰᠠᠢᠬᠠᠨ
ᠡᠭᠡ ᠨᠤᠲᠤᠭ ᠮᠢᠨᠢ ᠰᠢᠯᠦᠭ ᠰᠢᠭ᠌ ᠰᠠᠢᠬᠠᠨ
ᠡᠭᠡ ᠣᠷᠣᠨ ᠮᠢᠨᠢ ᠲᠠᠭᠣᠣ ᠰᠢᠭ᠋ ᠰᠠᠢᠬᠠᠨ
ᠡᠷᠭᠢᠬᠦ ᠳᠥᠷᠪᠡᠨ ᠴᠠᠭ ᠲᠤ᠌ ᠠᠮᠢᠳᠤ ᠶᠠᠪᠤᠬᠤ ᠰᠠᠢᠬᠠᠨ
ᠡᠷᠢᠶᠡᠨ ᠴᠠᠪ ᠲᠤ᠌ ᠴᠠᠰᠣ ᠣᠷᠣᠬᠤ ᠨᠢ ᠰᠠᠢᠬᠠᠨ
ᠰᠢᠪᠠᠭᠤ ᠢᠷᠡᠭᠡᠳ ᠪᠠᠭᠤᠵᠤ ᠰᠠᠭᠤᠬᠤ ᠰᠠᠢᠬᠠᠨ
ᠴᠢᠯᠠᠭᠤ ᠲᠡᠭᠡᠷ᠎ᠡ ᠰᠠᠭᠤᠭᠠᠳ ᠨᠢᠰᠬᠦ ᠰᠠᠢᠬᠠᠨ
ᠬᠠᠷᠭᠤᠢ ᠵᠠᠮ ᠢ᠋ᠶ᠋ᠠᠷ ᠬᠥᠮᠦᠨ ᠶᠠᠪᠤᠬᠤ ᠰᠠᠢᠬᠠᠨ
ᠬᠠᠳᠠᠨ ᠲᠡᠭᠡᠷ᠎ᠡ ᠪᠢ ᠰᠠᠭᠤᠬᠤ ᠰᠠᠢᠬᠠᠨ
ᠠᠢᠯ ᠤ᠋ᠨ ᠪᠦᠰᠡᠭᠦᠢ ᠤᠰᠤᠨ ᠳ᠋ᠤ᠌ ᠶᠠᠪᠤᠬᠤ ᠰᠠᠢᠬᠠᠨ
ᠠᠷᠤ ᠶ᠋ᠢᠨ ᠪᠤᠯᠠᠭ ᠣᠷᠣᠭᠣ ᠳᠤᠷᠠᠨᠳᠠᠬᠤ ᠰᠠᠢᠬᠠᠨ
ᠴᠡᠩᠬᠡᠷ ᠵᠡᠷᠭᠡᠯᠭᠡ ᠰᠦᠮᠡᠯᠵᠡᠬᠦ ᠨᠢ ᠰᠠᠢᠬᠠᠨ
ᠴᠡᠩᠬᠡᠷ ᠲᠠᠪᠠᠯ ᠴᠢᠮ᠎ᠡ ᠳ᠋ᠦ᠍ ᠵᠣᠬᠢᠬᠤ ᠨᠢ ᠰᠠᠢᠬᠠᠨ
ᠲᠣᠯᠣᠭᠠᠳ ᠤ᠋ᠨ ᠣᠷᠣᠢ ᠵᠡᠷᠭᠡᠯᠭᠡᠨᠳᠦᠬᠦ ᠰᠠᠢᠬᠠᠨ
ᠲᠣᠷᠭᠠᠨ ᠰᠠᠯᠬᠢ ᠰᠡᠪᠡᠯᠵᠡᠬᠦ ᠰᠠᠢᠬᠠᠨ
ᠬᠥᠬᠡ ᠨᠣᠭᠣᠭᠠᠨ ᠤ᠋ ᠤᠨᠢᠶᠠᠷ ᠲᠠᠲᠠᠬᠤ ᠰᠠᠢᠬᠠᠨ
ᠬᠥᠬᠡ ᠮᠠᠨᠠᠨ ᠳ᠋ᠤ᠌ ᠨᠢ ᠣᠷᠢᠶᠠᠯᠭᠠᠨ ᠰᠠᠭᠤᠬᠤ ᠰᠠᠢᠬᠠᠨ
ᠠᠮᠤᠭᠤᠯᠠᠩ ᠰᠦᠨᠢ ᠨᠣᠢᠷ ᠬᠤᠯᠵᠢᠬᠤ ᠰᠠᠢᠬᠠᠨ
ᠠᠯᠤᠰ ᠤ᠋ᠨ ᠴᠢᠮᠡᠭᠡ ᠠᠨᠢᠷᠯᠠᠬᠤ ᠰᠠᠢᠬᠠᠨ
ᠪᠦᠦᠷ ᠲᠦᠦᠷ ᠬᠣᠯᠠ ᠳ᠋ᠤ᠌ ᠨᠢᠭᠡ ᠶᠠᠭᠤᠮ᠎ᠠ ᠵᠢᠩᠭᠢᠨᠡᠬᠦ ᠨᠢ ᠰᠠᠢᠬᠠᠨ
ᠪᠤᠤᠪᠠᠢ ᠪᠤᠤᠪᠠᠢ ᠬᠣᠷᠸ᠎ᠠ ᠰᠠᠢᠬᠠᠨ
ᠬᠡᠨ ᠨᠢᠭᠡᠨ ᠢᠷᠡᠭᠡᠳ ᠶᠠᠪᠤᠬᠤ ᠨᠢ ᠰᠠᠢᠬᠠᠨ
ᠬᠡᠷᠡᠭ ᠪᠣᠯᠭᠠᠵᠤ ᠨᠠᠳᠠ ᠡᠴᠡ ᠠᠢ ᠬᠦ᠋ ᠭᠠᠯ ᠪᠠᠢᠨ᠎ᠠ ᠦᠦ ᠭᠡᠵᠦ ᠠᠰᠠᠭᠤᠬᠤ ᠨᠢ ᠰᠠᠢᠬᠠᠨ
ᠶᠢᠷᠲᠢᠨᠴᠦ ᠶ᠋ᠢ ᠠᠷᠭᠠᠳᠠᠬᠤ ᠬᠢᠭᠡᠳ ᠪᠤᠰᠤᠳ ᠢ᠋ ᠪᠣᠳᠣᠬᠣ ᠰᠠᠢᠬᠠᠨ
ᠶᠠᠭᠤᠮ᠎ᠠ ᠪᠦᠬᠦᠨ ᠢ᠋ ᠬᠠᠢᠷᠠᠯᠠᠬᠤ ᠭᠣᠣᠯ ᠮᠥᠷᠡᠨ ᠤᠷᠤᠰᠬᠤ ᠬᠣᠶᠠᠷ ᠯᠠ ᠰᠠᠢᠬᠠᠨ
ᠰᠦᠨᠢ ᠲᠦᠷᠢᠵᠦ ᠂ ᠭᠣᠣᠯ ᠮᠥᠷᠡᠨ ᠤᠷᠤᠰᠬᠤ ᠨᠢ ᠰᠠᠢᠬᠠᠨ
ᠴᠥᠮᠥᠷᠡᠪᠡᠯ ᠪᠢ ᠴᠤ᠌ ᠪᠠᠰᠠ ᠤᠷᠤᠰᠤᠨ᠎ᠠ ᠳ᠋ᠠ ᠭᠡᠵᠦ ᠪᠣᠳᠣᠬᠣ ᠰᠠᠢᠬᠠᠨ
ᠥᠷᠯᠥᠭᠡ ᠡᠷᠲᠡ ᠭᠣᠣᠯ ᠤ᠋ᠨ ᠡᠷᠭᠢ ᠳ᠋ᠦ᠍ ᠭᠠᠭᠴᠠᠭᠠᠷᠬᠠᠨ ᠰᠠᠢᠬᠠᠨ
ᠣᠷᠣᠢ ᠭᠣᠣᠯ ᠤ᠋ᠨ ᠬᠥᠪᠡᠭᠡᠨ ᠳ᠋ᠦ᠍ ᠴᠢᠮ᠎ᠡ ᠲᠡᠢ ᠪᠡᠨ ᠰᠠᠢᠬᠠᠨ
ᠬᠠᠰᠢᠶ᠎ᠠ ᠲᠡᠷᠭᠡᠨ ᠲᠡᠭᠡᠷ᠎ᠡ ᠱᠠᠭᠠᠵᠠᠭᠠᠢ ᠥᠭᠦᠯᠡᠬᠦ ᠰᠠᠢᠬᠠᠨ
ᠬᠠᠮᠢᠭ᠎ᠠ ᠡᠴᠡ ᠬᠡᠨ ᠢᠷᠡᠬᠦ ᠨᠢ ᠵᠦᠩ ᠰᠢᠭ᠌ ᠰᠠᠢᠬᠠᠨ
ᠳᠥᠷᠪᠡᠨ ᠵᠦᠭ ᠡᠴᠡ ᠣᠷᠣᠭ ᠰᠠᠳᠤᠨ ᠢᠷᠡᠬᠦ ᠨᠢ ᠰᠠᠢᠬᠠᠨ
ᠲᠦᠲᠡ ᠶ᠋ᠢᠨ ᠵᠠᠮ ᠢ᠋ᠶ᠋ᠠᠷ ᠬᠠᠨᠢ ᠨᠦᠬᠦᠳ ᠢᠷᠡᠬᠦ ᠨᠢ ᠰᠠᠢᠬᠠᠨ
ᠴᠡᠩᠬᠡᠷᠯᠡᠵᠦ ᠨᠤᠲᠤᠭ ᠤ᠋ᠨ ᠪᠠᠷ᠎ᠠ ᠬᠠᠷᠠᠭᠳᠠᠬᠤ ᠨᠢ ᠰᠠᠢᠬᠠᠨ
ᠴᠡᠯᠡᠯᠵᠡᠵᠦ ᠨᠢᠳᠦᠨ ᠦ᠌ ᠨᠢᠯᠪᠤᠰᠤ ᠭᠠᠷᠬᠤ ᠨᠢ ᠰᠠᠢᠬᠠᠨ
ᠳᠥᠷᠥᠭᠡᠨ ᠲᠡᠭᠡᠷ᠎ᠡ ᠥᠨᠳᠡᠢᠭᠡᠳ ᠢᠰᠬᠡᠷᠦᠨ ᠳᠠᠪᠬᠢᠬᠤ ᠰᠠᠢᠬᠠᠨ
ᠳᠥᠷᠪᠡᠨ ᠲᠤᠭᠤᠷᠠᠢ ᠶ᠋ᠢᠨ ᠬᠣᠭᠣᠷᠣᠨᠳᠣ ᠰᠢᠪᠠᠭᠤ ᠨᠢᠰᠬᠦ ᠰᠠᠢᠬᠠᠨ
ᠬᠠᠪᠣᠷ ᠤ᠋ᠨ ᠥᠷᠯᠥᠭᠡ ᠡᠷᠲᠡ ᠪᠣᠰᠬᠤ ᠰᠠᠢᠬᠠᠨ
ᠬᠠᠵᠠᠭᠠᠷ ᠠᠪᠤᠭᠠᠳ ᠮᠣᠷᠢᠨ ᠳ᠋ᠤ᠌ ᠶᠠᠪᠤᠬᠤ ᠰᠠᠢᠬᠠᠨ
ᠰᠡᠷᠢᠭᠦᠨ ᠴᠠᠰᠣ ᠦᠨᠦᠷᠳᠡᠬᠦ ᠨᠢ ᠰᠠᠢᠬᠠᠨ
ᠰᠡᠮᠡᠵᠡᠨ ᠮᠥᠰᠥᠨ ᠡᠴᠡ ᠨᠢ ᠬᠦᠯᠬᠦᠬᠦ ᠨᠢ ᠰᠠᠢᠬᠠᠨ
ᠣᠨ ᠣᠨ ᠵᠢᠯ ᠬᠥᠳᠡᠭᠡ ᠰᠠᠭᠤᠬᠤ ᠰᠠᠢᠬᠠᠨ
ᠣᠳ᠋ᠣ ᠮᠡᠲᠦ ᠬᠥᠬᠡ ᠳᠠᠩ ᠰᠠᠭᠤᠴᠠᠨ ᠳ᠋ᠤ᠌ ᠠᠮᠢᠳᠤᠷᠠᠬᠤ ᠰᠠᠢᠬᠠᠨ
ᠲᠡᠭᠡᠷ᠎ᠡ ᠶᠠᠪᠤᠭ᠎ᠠ ᠰᠠᠨᠰᠠᠷ ᠤ᠋ᠨ ᠬᠦᠯᠦᠭ ᠡᠷᠭᠢᠵᠦ ᠢᠷᠡᠵᠦ ᠰᠠᠢᠬᠠᠨ
ᠳᠡᠭᠡᠪᠦᠷ ᠦ᠋ᠨ ᠴᠠᠰᠣ ᠬᠠᠢᠯᠵᠤ ᠶᠠᠩᠵᠤᠤᠷ ᠤ᠋ᠨ ᠴᠣᠭ ᠲᠡᠭᠡᠷ᠎ᠡ ᠲᠣᠰᠬᠣ ᠰᠠᠢᠬᠠᠨ
ᠤᠷᠭᠤᠮᠠᠯ ᠴᠡᠴᠡᠭ ᠣᠷᠭᠣᠵᠣ ᠨᠣᠭᠣᠭᠠᠷᠠᠬᠤ ᠨᠢ ᠰᠠᠢᠬᠠᠨ
ᠤᠲᠠᠰᠤᠨ ᠤ᠋ ᠮᠣᠳᠣ ᠬᠥᠬᠡᠷᠡᠵᠦ ᠭᠠᠩᠳᠠᠬᠤ ᠨᠢ ᠰᠠᠢᠬᠠᠨ
ᠣᠨ ᠵᠢᠯ ᠦ᠋ᠳ ᠢᠷᠡᠬᠦ ᠰᠠᠢᠬᠠᠨ
ᠣᠨ ᠵᠢᠯ ᠦ᠋ᠳ ᠣᠳᠬᠤ ᠰᠠᠢᠬᠠᠨ
ᠦᠳᠡᠰᠢ ᠶ᠋ᠢᠨ ᠪᠦᠷᠦᠢ ᠪᠡᠷ ᠢᠷᠡᠬᠦ ᠰᠠᠢᠬᠠᠨ
ᠦᠦᠷ ᠦ᠋ᠨ ᠭᠡᠭᠡ ᠪᠡᠷ ᠶᠠᠪᠤᠬᠤ ᠰᠠᠢᠬᠠᠨ
ᠥᠩᠭᠡᠲᠦ ᠳᠡᠯᠡᠬᠡᠢ ᠨᠢ ᠤᠶᠠᠷᠠᠨ ᠤᠬᠢᠯᠠᠮᠠᠷ ᠰᠠᠢᠬᠠᠨ
ᠥᠷᠭᠡᠨ ᠬᠣᠷᠸ᠎ᠠ ᠨᠢ ᠳᠠᠭᠤᠯᠠᠨ ᠵᠢᠷᠭᠠᠮᠠᠷ ᠰᠠᠢᠬᠠᠨ
ᠡᠭᠡ ᠨᠤᠲᠤᠭ ᠮᠢᠨᠢ ᠰᠢᠯᠦᠭ ᠰᠢᠭ᠌ ᠰᠠᠢᠬᠠᠨ
ᠡᠭᠡ ᠣᠷᠣᠨ ᠮᠢᠨᠢ ᠲᠠᠭᠣᠣ ᠰᠢᠭ᠋ ᠰᠠᠢᠬᠠᠨ
ᠡᠷᠭᠢᠬᠦ ᠳᠥᠷᠪᠡᠨ ᠴᠠᠭ ᠲᠤ᠌ ᠠᠮᠢᠳᠤ ᠶᠠᠪᠤᠬᠤ ᠰᠠᠢᠬᠠᠨ
ᠡᠷᠢᠶᠡᠨᠴᠡᠪ ᠲᠦ᠍ ᠭᠣᠣᠯ ᠤᠷᠤᠰᠬᠤ ᠰᠠᠢᠬᠠᠨ
ᠨᠠᠪᠴᠢ ᠭᠠᠭᠴᠠ ᠨᠢᠭᠡ ᠤᠨᠠᠬᠤ ᠨᠢ ᠰᠠᠢᠬᠠᠨ
ᠨᠠᠷᠠ ᠲᠤᠯᠤᠭᠠᠳ ᠤ᠋ᠨ ᠴᠠᠭᠠᠨ᠎ᠠ ᠡᠴᠡ ᠭᠠᠷᠬᠤ ᠰᠠᠢᠬᠠᠨ
ᠰᠡᠪ ᠰᠡᠪ ᠰᠠᠯᠬᠢ ᠡᠭᠦᠰᠬᠦ ᠰᠠᠢᠬᠠᠨ
ᠰᠡᠮ ᠰᠡᠮᠬᠡᠨ ᠬᠤᠢ ᠪᠣᠰᠬᠤ ᠰᠠᠢᠬᠠᠨ
ᠭᠣᠣᠯ ᠮᠢᠷᠠᠯᠵᠠᠨ ᠤᠷᠤᠰᠬᠤ ᠨᠢ ᠰᠠᠢᠬᠠᠨ
ᠭᠠᠭᠴᠠ ᠨᠢᠭᠡ ᠢᠯᠠᠭ᠎ᠠ ᠳᠣᠯᠭᠢᠶᠠᠨ ᠳ᠋ᠤ᠌ ᠨᠢ ᠰᠠᠭᠤᠬᠤ ᠰᠠᠢᠬᠠᠨ
ᠮᠣᠷᠢᠨ ᠤ᠋ ᠰᠢᠷ᠎ᠠ ᠬᠣᠮᠣᠯ ᠲᠡᠷᠡᠭᠦᠬᠡᠨ ᠳ᠋ᠦ᠍ ᠬᠥᠪᠬᠦ ᠰᠠᠢᠬᠠᠨ
ᠮᠣᠳᠣᠨ ᠲᠡᠷᠭᠡᠨ ᠦ᠌ ᠭᠠᠭᠴᠠ ᠢᠯᠠᠤ ᠤᠷᠤᠰᠴᠤ ᠦᠩᠭᠡᠷᠡᠬᠦ ᠰᠠᠢᠬᠠᠨ
ᠬᠣᠯᠠ ᠣᠢᠷ᠎ᠠ ᠶ᠋ᠢ ᠰᠠᠨᠠᠭᠠᠯᠵᠠᠵᠤ ᠤᠶᠠᠷᠠᠬᠤ ᠰᠠᠢᠬᠠᠨ
ᠬᠣᠳᠠ ᠠᠢᠯ ᠡᠴᠡ ᠬᠡᠨ ᠨᠢᠭᠡ ᠨᠢ ᠶᠠᠪᠤᠬᠤ ᠳ᠋ᠤ᠌ ᠦᠭᠡ ᠵᠠᠬᠢᠮᠠᠷ ᠰᠠᠢᠬᠠᠨ
ᠲᠣᠷᠣᠯᠵᠠᠬᠤ ᠪᠡᠷ᠎ᠡ ᠶ᠋ᠢ ᠬᠠᠷᠠᠵᠤ ᠵᠣᠭᠰᠣᠬᠤ ᠰᠠᠢᠬᠠᠨ
ᠲᠣᠷᠭᠠᠨ ᠠᠯᠴᠢᠭᠤᠷ ᠳᠡᠷᠪᠡᠵᠦ ᠪᠠᠢᠬᠤ ᠨᠢ ᠰᠠᠢᠬᠠᠨ
ᠰᠡᠮᠡᠵᠡᠨ ᠴᠠᠭᠠᠨ ᠡᠭᠦᠯᠡ ᠨᠡᠭᠦᠬᠦ ᠰᠠᠢᠬᠠᠨ
ᠰᠡᠳᠬᠢᠯ ᠵᠢᠷᠦᠬᠡᠨ ᠳᠤᠮᠳᠠᠭᠤᠷ ᠬᠥᠪᠬᠦ ᠰᠠᠢᠬᠠᠨ
ᠰᠢᠪᠡᠷ ᠠᠪᠢᠷ ᠪᠣᠷᠣᠭ᠎ᠠ ᠰᠠᠯᠬᠢᠯᠠᠬᠤ ᠰᠠᠢᠬᠠᠨ
ᠰᠢᠪᠡᠭᠡᠨ ᠲᠣᠯᠣᠭᠠᠢ ᠭᠠᠩᠬᠤᠬᠤ ᠰᠠᠢᠬᠠᠨ
ᠮᠣᠷᠢ ᠲᠠᠢ ᠬᠥᠮᠦᠨ ᠳᠠᠪᠬᠢᠨ ᠣᠳᠬᠤ ᠨᠢ ᠰᠠᠢᠬᠠᠨ
ᠮᠣᠷᠢᠨ ᠲᠦᠪᠡᠷᠭᠡᠨ ᠲᠣᠭᠣᠯᠳᠠᠬᠣ ᠰᠠᠢᠬᠠᠨ
ᠲᠡᠭᠷᠢ ᠶ᠋ᠢᠨ ᠬᠠᠶᠠᠭ᠎ᠠ ᠶ᠋ᠢ ᠬᠠᠷᠠᠬᠤ ᠰᠠᠢᠬᠠᠨ
ᠲᠡᠷᠭᠡ ᠬᠥᠰᠬᠡᠨ ᠦ᠌ ᠵᠠᠮ ᠵᠤᠷᠠᠢᠬᠤ ᠰᠠᠢᠬᠠᠨ
ᠡᠮᠦᠨ᠎ᠡ ᠵᠦᠭ ᠲᠦ᠍ ᠰᠢᠪᠠᠭᠤ ᠨᠢᠰᠬᠦ ᠰᠠᠢᠬᠠᠨ
ᠡᠭᠦᠯᠡᠰ ᠦ᠋ᠨ ᠳᠤᠮᠳᠠ ᠭᠠᠩᠭᠠᠨᠠᠬᠤ ᠰᠠᠢᠬᠠᠨ
ᠨᠡᠷᠡᠨ ᠰᠢᠷᠭᠠᠯᠲᠤᠵᠤ ᠲᠣᠭᠣᠷᠢᠭᠳᠠᠬᠣ ᠰᠠᠢᠬᠠᠨ
ᠨᠠᠪᠴᠢᠰ ᠤ᠋ᠨ ᠰᠢᠷ᠎ᠠ ᠰᠢᠭᠤᠷᠭ᠎ᠠ ᠬᠠᠶᠠᠯᠠᠬᠤ ᠰᠠᠢᠬᠠᠨ
ᠰᠢᠷᠭᠠᠯ ᠪᠣᠷᠣᠭ᠎ᠠ ᠨᠠᠷᠠ ᠲᠠᠢ ᠣᠷᠣᠬᠤ ᠰᠠᠢᠬᠠᠨ
ᠱᠠᠨᠵᠠ ᠶᠠᠲᠤᠭ᠎ᠠ ᠶ᠋ᠢᠨ ᠤᠲᠠᠰᠤ ᠪᠣᠢᠯᠠᠬᠣ ᠨᠢ ᠰᠠᠢᠬᠠᠨ
ᠱᠠᠪᠠᠢ ᠲᠦᠷᠦᠭᠰᠡᠨ ᠬᠣᠩᠭᠣᠷᠵᠤᠯᠠ ᠡᠭᠡᠴᠢᠷᠬᠡᠬᠦ ᠨᠢ ᠰᠠᠢᠬᠠᠨ
ᠱᠠᠯᠳᠠᠷ ᠪᠤᠯᠳᠠᠷ ᠳᠡᠭᠦᠦ ᠮᠢᠨᠢ ᠲᠡᠭᠦᠨ ᠢ᠋ ᠰᠠᠨᠠᠬᠤ ᠨᠢ ᠰᠠᠢᠬᠠᠨ
ᠭᠠᠩ ᠵᠢᠵᠢᠣ ᠲᠦᠷᠦᠭᠡ ᠭᠠᠳᠠᠭ᠎ᠠ ᠳᠤᠤᠭᠠᠷᠬᠤ ᠰᠠᠢᠬᠠᠨ
ᠭᠠᠩᠭᠠᠩ ᠮᠣᠷᠢ ᠲᠠᠢ ᠬᠥᠮᠦᠨ ᠪᠠᠭᠤᠬᠤ ᠰᠠᠢᠬᠠᠨ
ᠨᠠᠮᠣᠷ ᠤ᠋ᠨ ᠰᠠᠷ᠎ᠠ ᠶ᠋ᠢᠨ ᠰᠢᠨ᠎ᠡ ᠶ᠋ᠢᠨ ᠭᠣᠷᠪᠠᠨ ᠢᠷᠡᠬᠦ ᠰᠠᠢᠬᠠᠨ
ᠨᠠᠮᠤᠭᠤᠨ ᠦᠳᠡᠰᠢ ᠠᠷᠭ᠎ᠠ ᠶ᠋ᠢᠨ ᠲᠣᠭᠠᠨ ᠤ᠋ ᠰᠡᠷ᠎ᠡ ᠭᠠᠷᠬᠤ ᠰᠠᠢᠬᠠᠨ
ᠬᠠᠭᠤᠴᠢ ᠶᠠᠷᠢᠶ᠎ᠠ ᠨᠣᠢᠷ ᠤ᠋ᠨ ᠳᠤᠮᠳᠠ ᠰᠣᠨᠣᠰᠳᠠᠬᠤ ᠰᠠᠢᠬᠠᠨ
ᠬᠠᠭᠣᠴᠢᠨ ᠰᠦᠮ᠎ᠡ ᠶ᠋ᠢᠨ ᠲᠣᠭᠣᠷᠢᠨ ᠳ᠋ᠤ᠌ ᠬᠡᠨ ᠬᠡᠨ ᠶᠠᠷᠢᠬᠤ ᠨᠢ ᠰᠠᠢᠬᠠᠨ
ᠴᠣᠩᠬᠣ ᠪᠠᠷ ᠰᠡᠷ᠎ᠡ ᠲᠣᠰᠬᠣ ᠰᠦᠨᠢ ᠦᠯᠢᠭᠡᠷ ᠶᠠᠷᠢᠬᠤ ᠰᠠᠢᠬᠠᠨ
ᠴᠣᠭᠣᠷ ᠢ᠋ᠶ᠋ᠠᠨ ᠠᠪᠤᠭᠠᠳ ᠳᠠᠭᠤᠯᠠᠲᠠᠯᠠ ᠴᠢᠳᠬᠦᠷ ᠤᠶᠠᠷᠠᠵᠠᠢ ᠬᠡᠬᠦ ᠰᠠᠢᠬᠠᠨ
ᠰᠠᠷ᠎ᠠ ᠣᠷᠣᠢ ᠪᠣᠯᠵᠣ ᠬᠦᠢᠲᠡᠷᠡᠬᠦ ᠨᠢ ᠰᠠᠢᠬᠠᠨ
ᠰᠠᠯᠬᠢᠨ ᠳ᠋ᠤ᠌ ᠣᠳᠣᠳ ᠵᠦᠯᠭᠦᠭᠳᠡᠬᠦ ᠨᠢ ᠰᠠᠢᠬᠠᠨ
ᠡᠳᠦᠷ ᠰᠦᠨᠢ ᠲᠡᠩᠴᠡᠬᠦ ᠬᠣᠷᠢᠨ ᠬᠣᠶᠠᠷ ᠪᠣᠯᠬᠤ ᠰᠠᠢᠬᠠᠨ
ᠬᠦᠯᠦᠭ ᠬᠥᠮᠦᠨ ᠬᠣᠶᠠᠷ ᠠᠳᠠᠯᠢᠬᠠᠨ ᠴᠠᠭ ᠲᠤ᠌ ᠤᠨᠲᠠᠬᠤ ᠰᠠᠢᠬᠠᠨ
ᠳᠡᠯᠡᠬᠡᠢ ᠶ᠋ᠢᠨ ᠴᠢᠯᠠᠭᠤᠨ ᠳ᠋ᠤ᠌ ᠬᠢᠷᠠᠭᠤ ᠴᠠᠪᠴᠠᠢᠬᠤ ᠰᠠᠢᠬᠠᠨ
ᠳᠡᠷᠡᠰᠦ ᠪᠡᠷ ᠲᠡᠭᠡᠷ᠎ᠡ ᠨᠢ ᠰᠢᠯᠦᠭ ᠪᠢᠴᠢᠬᠦ ᠰᠠᠢᠬᠠᠨ
ᠳᠡᠭᠡᠪᠦᠷ ᠳᠡᠪᠢᠬᠦ ᠰᠠᠯᠬᠢᠨ ᠳ᠋ᠤ᠌ ᠰᠡᠳᠬᠢᠯ ᠭᠡᠭᠡᠯᠵᠡᠬᠦ ᠨᠢ ᠰᠠᠢᠬᠠᠨ
ᠳᠡᠩᠳᠡᠭᠦᠦ ᠣᠢᠷ᠎ᠠ ᠶ᠋ᠢᠨ ᠬᠠᠢᠷ᠎ᠠ ᠡᠴᠡ ᠬᠣᠯᠠ ᠳ᠋ᠤ᠌ ᠪᠠᠢᠬᠤ ᠨᠢ ᠰᠠᠢᠬᠠᠨ
ᠮᠣᠳᠣᠨ ᠤ᠋ ᠮᠥᠴᠢᠷ ᠲᠦ᠍ ᠰᠢᠪᠠᠭᠤ ᠨᠠᠪᠴᠢᠨ ᠤ᠋ ᠣᠷᠣᠨ ᠳ᠋ᠤ᠌ ᠰᠠᠭᠤᠬᠤ ᠰᠠᠢᠬᠠᠨ
ᠮᠣᠩᠭᠣᠯ ᠠᠶᠠᠯᠭᠤ ᠪᠠᠷ ᠵᠢᠷᠭᠢᠬᠦ ᠰᠠᠢᠬᠠᠨ
ᠲᠡᠭᠡᠷ᠎ᠡ ᠲᠥᠷᠥ ᠶ᠋ᠢᠨ ᠰᠦᠯᠳᠡᠨ ᠦ᠌ ᠨᠡᠷ᠎ᠡ ᠮᠠᠨᠳᠤᠬᠤ ᠰᠠᠢᠬᠠᠨ
ᠳᠡᠷᠭᠡᠳᠡ ᠠᠯᠳ᠋ᠠᠨ ᠰᠣᠶᠣᠮᠪᠣ ᠶ᠋ᠢᠨ ᠭᠠᠯ ᠨᠣᠴᠣᠬᠤ ᠨᠢ ᠰᠠᠢᠬᠠᠨ
ᠬᠡᠨ ᠨᠢᠭᠡ ᠨᠢ ᠢᠷᠡᠭᠡᠳ ᠳᠠᠭᠤᠯᠠᠬᠤ ᠰᠠᠢᠬᠠᠨ
ᠬᠡᠨ ᠨᠢᠭᠡ ᠨᠢ ᠣᠳᠣᠭᠠᠳ ᠭᠤᠨᠢᠬᠤ ᠰᠠᠢᠬᠠᠨ
ᠡᠷᠭᠢᠬᠦ ᠨᠢᠭᠡᠨ ᠬᠠᠢᠷ᠎ᠠ ᠵᠢᠷᠦᠬᠡᠨ ᠳ᠋ᠦ᠍ ᠬᠥᠭᠵᠢᠮᠳᠡᠬᠦ ᠰᠠᠢᠬᠠᠨ
ᠡᠭᠡᠯᠵᠢᠯᠡᠨ ᠢᠷᠡᠬᠦ ᠴᠠᠭ ᠬᠣᠩᠬᠣ ᠪᠠᠨ ᠴᠣᠬᠢᠬᠤ ᠨᠢ ᠰᠠᠢᠬᠠᠨ
ᠦᠳᠡᠰᠢ ᠶ᠋ᠢᠨ ᠪᠦᠷᠦᠢ ᠪᠡᠷ ᠢᠷᠡᠬᠦ ᠰᠠᠢᠬᠠᠨ
ᠦᠦᠷ ᠦ᠋ᠨ ᠭᠡᠭᠡ ᠪᠡᠷ ᠶᠠᠪᠤᠬᠤ ᠰᠠᠢᠬᠠᠨ
ᠥᠩᠭᠡᠲᠦ ᠳᠡᠯᠡᠬᠡᠢ ᠤᠶᠠᠷᠠᠨ ᠤᠬᠢᠯᠠᠮᠠᠷ ᠰᠠᠢᠬᠠᠨ
ᠥᠷᠭᠡᠨ ᠬᠣᠷᠸ᠎ᠠ ᠨᠢ ᠳᠠᠭᠤᠯᠠᠨ ᠵᠢᠷᠭᠠᠮᠠᠷ ᠰᠠᠢᠬᠠᠨ
ᠠᠯᠠᠭ ᠨᠢᠳᠦᠨ ᠦ᠌ ᠨᠢᠯᠪᠤᠰᠤᠨ ᠳᠤᠰᠤᠯ ᠳ᠋ᠤ᠌ ᠪᠠᠭᠲᠠᠭᠰᠠᠨ
ᠠᠢ᠂ ᠮᠢᠨᠦ ᠡᠭᠡ ᠣᠷᠣᠨ ᠤ᠋ ᠳᠥᠷᠪᠡᠨ ᠴᠠᠭ
ᠠᠰᠬᠠᠷᠠᠭᠤᠯᠤᠨ ᠮᠡᠯᠲᠡᠯᠵᠡᠭᠦᠯᠦᠨ ᠪᠠᠢᠨ᠎ᠠ ᠦᠦ ᠳ᠋ᠠ
ᠠᠶ᠎ᠠ ᠠᠮᠢᠳᠤ ᠶᠠᠪᠤᠬᠤ ᠰᠠᠢᠬᠠᠨ
ᠦᠰᠦᠭ ᠠᠮᠢᠯᠠᠭᠤᠯᠤᠭᠰᠠᠨ ᠨᠢ᠄ ᠪᠠᠶᠠᠰᠡᠷᠡᠩ
ᠬᠢᠨᠠᠭᠴᠢ ᠄ ᠣᠳᠬᠠᠨᠰᠸ᠎ᠠ ᠂ ᠰᠡᠷᠭᠦᠯᠡᠩ
Дөрвөн цаг
Д᠂ Нямсүрэн
1.
Бороо ганц нэг дусах нь сайхан
Борог өвс норсон байх нь сайхан
Хаврын цас гэр лүү урсах нь сайхан
Хаа нэгтэй шувууд ганганах сайхан.
Алтан хараацай дэргэдүүр нисэх сайхан
Аяны хүн манай уяанд буух сайхан
Айлын маань айлд бүсгүй байх сайхан
Айл нүүж ирэх сайхан.
Хангайн бороо гэнэт асгах нь сайхан
Харанхуйн дунд цахилгаан гялбах нь сайхан
Хонон өнжин бороо зүсрэх нь сайхан
Холоос гийчин ирэх сайхан.
Шаргал талын өвс халиурах нь сайхан
Шанхны үзүүрт салхи нь сэвэлзэх сайхан
Сартай шөнө бухал дээр унтах сайхан
Чамайг зүүдлээд газарт ойчих нь сайхан.
Үе үе бороо амcxийх нь сайхан
Өлгөсөн цувнаас ус дуслах нь сайхан
Үүлэн чөлөөнөөс нар гарах нь сайхан
Үүдээр болжморууд нисэн өнгөрөх нь сайхан.
Шөнө дөл хүлэг морь янцгаах сайхан
Шүлэг нойрноос сэрж орчлонг бодох сайхан
Өрхний завсраар гэгээ орох сайхан
Өглөө болох сайхан.
Цайран цайран бороо орох нь сайхан
Цавьдар морьтой хүн наашаа давхих нь сайхан
Борооноос өмнө ирлээ гэж ярих нь сайхан
Боржигон эмээлээ аваад орж ирэх нь сайхан.
Сартай толгодод ингэ гунганах нь сайхан
Шанзны үзүүрт Ай -нан-аа суух сайхан
Шаргал дөл угалзлан гал ноцох нь сайхан
Царай зүс бүдэг бадаг гэрэлтэх нь сайхан.
Хөх лонхон тогоруу дуугaрах сайхан
Хөдөө цайдам борооших сайхан
Анирхан ахуйд цэцэг дохих сайхан
Аадрын өмнөх байдал сайхан.
Тооноор сар гэрэлтэх сайхан
Тогоотой сүүнд тусах сайхан
Шөнө орой гарах сайхан
Чөдөртэй морьд туриглах сайхан.
Шиврэн шиврэн бороо орох нь сайхан
Ширэг зүлэг ногоорох нь сайхан
Зүүн өмнө солонго татах сайхан
Зүс бороо гэрэлтэх сайхан.
Гэгээн борооны усыг тосох сайхан
Гэзэг үсээ хүүхнүүд угаах сайхан
Агь хүмлийн үнэр сэнгэнэх нь сайхан
Аяcxан бодол хол ойрыг санах сайхан.
Үдшийн бүрийгээр ирэх сайхан
Үүрийн гэгээгээр явах сайхан
Өнгөт дэлхий нь уяран уйлмаар сайхан
Өргөн хорвоо нь дуулан жаргамаар сайхан.
Эх нутаг минь шүлэг шиг сайхан
Эх орон минь дуу шиг сайхан
Эргэх дөрвөн цагт амьд явах сайхан
Эрээнцавд бороо орох нь сайхан.
2.
Өглөө босоход цас орсон байх нь сайхан
Өрхний оосор даялахад тооноор цас унах сайхан
Гадаа уул толгод гялбалзах нь сайхан
Ганц нэг өвс салхинд сэвгэнэх нь сайхан
Үдэш орой айлын гэрэл харагдах сайхан
Үрээ морины хөл хөнгөрөх сайхан
Хонох айлд үеийн бүсгүй байх сайхан
Хоточ нохой сарны гэрэлд хуцах сайхан
Тооноор цас будран орох нь сайхан
Тогооны таган дээр унаад хайлах нь сайхан
Гэрийн хойморт аав суух сайхан
Гэрэлтэй үүдээр ээж орж ирэх сайхан
Хөтлийн оройд нар тусах сайхан
Хөсег тэрэг гарч ирэх нь сайхан
Тэрэгний дугуй чахран чухран эргэх нь сайхан
Тэргэн дороос шувуу нисэх сайхан
Тэнгэр будангуйрч судайх нь сайхан
Тэртээ холын юм үзэгдэх үгүйтэй нь сайхан
Салхи эргэж, утаа хуйрагнах нь сайхан
Цас эргэлдэн эргэлдэн малгайлах сайхан
Зуухны галд нозоорон нойр хүрэх нь сайхан
Зуны орой согтов гэж тэрхэн зуур зүүрмэглэх сайхан
Хээ-н... Цай уу! гэх бүдэг бадаг үг дуулдах нь сайхан
Хэн гуайн эгч гараас зөөлөн татах нь сайхан
Цайдам хоолой цайвалзаж цанхиртах сайхан
Цаад уулс гялс гялсхийн харагдах нь сайхан
Цас шуурч тогтоод гялбас гялбасхийх сайхан
Цагаан өдөр мэлтэс мэлтэсхийх сайхан
Одод тодрох нь сарны ойролцоо илүү сайхан
Онгон талд адуу минь байх шиг сайхан
Он цагийн гурван марал бодол зөгнөх сайхан
Ондоо гарагийн хөлөг ирж явах шиг сайхан
Цас орон орон лавсах нь сайхан
Цаг эргэж ирэх сайхан
Царайлагхан чамайгаа, намайг тоогоогүйг тоосоон гэж бодох сайхан
Цаг гэрт цохисоор байх нь сайхан
Тэргэл сартай шөнө гадаа зогсох сайхан
Тэргэн дээр хураасан бараа сүглийх сайхан
Тэртээх хөндий цайвартаж сүүдэртэх нь сайхан
Тийшээ очмооргүй аймаар санагдах нь сайхан
Явган шуурга гадаа исгэрэх сайхан
Яндан юмуу нэг юм, хаа нэгтээ дар дархийх сайхан
Гэнэт гэнэтхэн нүдгүйлэн харанхуйлах нь сайхан
Гэрийн хаяагаар цас хунгарлах нь сайхан
Айлын гэрээс хүмүүс гарцгаах сайхан
Арилсан тэнгэрт шувуу нисэх сайхан
Уул тал руу гүйх сайхан
Улаан хацартай хүүхдүүд тоглох сайхан
Үдшийн бүрийгээр ирэх сайхан
Үүрийн гэгээгээр явах сайхан
Өнгөт дэлхий нь уяран уйлмаар сайхан
Өргөн хорвоо нь дуулан жаргамаар сайхан
Эх нутаг минь шүлэг шиг сайхан
Эх орон минь дуу шиг сайхан
Эргэх дөрвөн цагт амьд явах сайхан
Эрээнцавд цас орох нь сайхан!
3.
Цас хайлж ханзрах сайхан
Цаг ирэх сайхан
Чамайг хүлээх сайхан
Цаг харах сайхан
Шувуу ирээд буух сайхан
Чулуун дээр суугаад нисэх сайхан
Харгуй замаар хүн явах сайхан
Хадан дээр би суух сайхан
Айлын бүсгүй усанд явах сайхан
Арын булаг уруу дурандах сайхан
Цэнхэр зэрэглээ сүүмэлзэх нь сайхан
Цэнхэр дээл чамд зохих нь сайхан
Толгодын орой зэрэглээтэх сайхан
Торгон салхи сэвэлзэх сайхан
Хөх ногооны униар татах сайхан
Хөх мананд нь ороолгон суух сайхан
Амгалан шөнө нойр хулжих сайхан
Алсын чимээ анирлах сайхан
Бүүр түүр холд нэг юм жингэнэх сайхан
Бүүвэй бүүвэй хорвоо сайхан
Хэн нэгэн ирээд явах сайхан
Хэрэг болгож надаас, гал байна уу гэж асуух сайхан
Ертөнцийг аргадах хийгээд, бусдыг бодох сайхан
Юм бүхнийг хайрлах, гол мөрөн урсах хоёр сайхан
Цөн түрж, гол урсах нь сайхан
Цөмөрвөл, би ч бас урсана даа гэж бодох сайхан
Өглөө голын эрэгт, ганцаархнаа сайхан
Орой голын хөвөөнд чамтайгаа сайхан
Хашаа тэргэн дээр шаазгай үглэх сайхан
Хаанаас хэн ирэх нь зөн шиг сайхан
Дөрвөн зүгээс ураг садан ирэх нь сайхан
Дөтийн замаар хань нөхөд ирэх нь сайхан
Цэнхэрлэж нутгийн бараа харагдах нь сайхан
Цэлэлзэж нүдний нулимс гарах сайхан
Дөрөөн дээр өндийгөөд исгэрэн давхих сайхан
Дөрвөн туурайн хооронд шувуу нисэх сайхан
Хаврын өглөө эрт босох сайхан
Хазаар аваад моринд явах сайхан
Сэрүүн цас үнэртэх нь сайхан
Сэмжин мөснөөс хүлхэх нь сайхан
Он он жил хөдөө суух сайхан
Од мэт хөх дан сууцанд амьдрах сайхан
Дээр яваа сансрын хөлөг эргэж ирэх сайхан
Дээврийн цас хайлж янжуурын цог дээр тусах сайхан
Ургамал цэцэг ургаж ногоорох нь сайхан
Утасны мод хөхөрч гандах нь сайхан
Он жилүүд ирэх сайхан
Он жилүүд одох сайхан
Үдшийн бүрийгээр ирэх сайхан
Үүрийн гэгээгээр явах сайхан
Өнгөт дэлхий нь уяран уйлмаар сайхан
Өргөн хорвоо нь дуулан жаргамаар сайхан
Эх нутаг минь шүлэг шиг сайхан
Эх орон минь дуу шиг сайхан
Эргэх дөрвөн цагт амьд явах сайхан
Эрээнцавд гол урсах сайхан
4.
Навч ганц нэг унах нь сайхан
Нар толгодын цаанаас гарах сайхан
Сэв сэв салхи үүсэх сайхан
Сэм сэмхэн хуй босох сайхан
Гол мяралзан урсах нь сайхан
Ганц нэг ялаа долгионд нь суух сайхан
Морины шар хомоол тэрүүхэнд хөвөх сайхан
Модон тэрэгний ганц ялуу урсаж өнгөрөх сайхан
Хол ойрыг санагалзаж уярах сайхан
Хот айлаас хэн нэг нь явахад үг захимаар сайхан
Торолзох барааг харж зогсох сайхан
Торгон алчуур дэрвэх сайхан
Сэмжин цагаан үүл нүүх сайхан
Сэтгэл зүрхэн дундуур хөвөх сайхан
Шивэр авир бороо салхилах сайхан
Шивээн толгой ганхах сайхан
Морьтой хүн давхин одох сайхан
Морин төвергөөн дуулдах сайхан
Тэнгэрийн хаяаг харах сайхан
Тэрэг хөсөгний зам зурайх сайхан
Өмне зүгт шувуу нисэх сайхан
Үүлсийн дунд ганганах сайхан
Наран шаргалтаж тоорогтох сайхан
Навчсын шар шуурга хаялах сайхан
Шаргал бороо нартай орох сайхан
Шанз ятгын утас буйлах нь сайхан
Шаавай төрсөн Хонгорзул эгчирхэх нь сайхан
Шальдар бульдар дуү минь туүнийг санах нь сайхан
Ган жийжүү дөрөө гадаа дуугарах сайхан
Ганган морьтой хүн буух сайхан
Намрын сарын шинийн гурван ирэх сайхан
Намуун үдэш аргын тооны cap гарах сайхан
Хууч яриа нойрон дунд сонсдох сайхан
Хуучин сүмийн тууринд... хэмээн ярилцах нь сайхан
Цонхоор cap тусах шөнө үлгэр ярих сайхан
Цоороо аваад дуултал чөтгөр уярчээ гэх сайхан
Cap орой болж хүйтрэх нь сайхан
Салхинд одод зүлгэгдэх нь сайхан
Өдөр шөнө тэнцэх нь хорин хоёрон болох сайхан
Хүлэг хүн хоёр адилхан цаг унтах сайхан
Дэлхийн чулуунд хяруу цавцайх сайхан
Дэрсээр дээр нь шүлэг бичих сайхан
Дээвэр дэвэх салхинд сэтгэл гэгэлзэх нь сайхан
Дэндуу ойрын хайраас холд байх нь сайхан
Модны мөчирт шувуу навчны оронд суух сайхан
Монгол аялгуугаар жиргэх сайхан
Дээр төрийн сүлдний нар мандах сайхан
Дэргэд алтан соёмбоны гал ноцох нь сайхан
Хэн нэгэн ирээд дуулах сайхан
Хэн нэгэн одоод гуних сайхан
Эргэх нэгэн хайр зүрхэнд хөгжимдөх сайхан
Ээлжлэн ирэх цаг хонхоо цохих нь сайхан
Үдшийн бүрийгээр ирэх сайхан
Үүрийн гэгээгээр явах сайхан
Өнгөт дэлхий нь уяран уйлмаар сайхан
Өргөн хорвоо нь дуулан жаргамаар сайхан
Алаг нүдний нулимсан дусалд багтсан
Ай миний эх орны дөрвөн цаг
Асгаруулан мэлтэлзүүлэн байна уу даа.
Ая амьд явах сайхан
1979. Эрээнцав
1.
Бороо ганц нэг дусах нь сайхан
Борог өвс норсон байх нь сайхан
Хаврын цас гэр лүү урсах нь сайхан
Хаа нэгтэй шувууд ганганах сайхан.
Алтан хараацай дэргэдүүр нисэх сайхан
Аяны хүн манай уяанд буух сайхан
Айлын маань айлд бүсгүй байх сайхан
Айл нүүж ирэх сайхан.
Хангайн бороо гэнэт асгах нь сайхан
Харанхуйн дунд цахилгаан гялбах нь сайхан
Хонон өнжин бороо зүсрэх нь сайхан
Холоос гийчин ирэх сайхан.
Шаргал талын өвс халиурах нь сайхан
Шанхны үзүүрт салхи нь сэвэлзэх сайхан
Сартай шөнө бухал дээр унтах сайхан
Чамайг зүүдлээд газарт ойчих нь сайхан.
Үе үе бороо амcxийх нь сайхан
Өлгөсөн цувнаас ус дуслах нь сайхан
Үүлэн чөлөөнөөс нар гарах нь сайхан
Үүдээр болжморууд нисэн өнгөрөх нь сайхан.
Шөнө дөл хүлэг морь янцгаах сайхан
Шүлэг нойрноос сэрж орчлонг бодох сайхан
Өрхний завсраар гэгээ орох сайхан
Өглөө болох сайхан.
Цайран цайран бороо орох нь сайхан
Цавьдар морьтой хүн наашаа давхих нь сайхан
Борооноос өмнө ирлээ гэж ярих нь сайхан
Боржигон эмээлээ аваад орж ирэх нь сайхан.
Сартай толгодод ингэ гунганах нь сайхан
Шанзны үзүүрт Ай -нан-аа суух сайхан
Шаргал дөл угалзлан гал ноцох нь сайхан
Царай зүс бүдэг бадаг гэрэлтэх нь сайхан.
Хөх лонхон тогоруу дуугaрах сайхан
Хөдөө цайдам борооших сайхан
Анирхан ахуйд цэцэг дохих сайхан
Аадрын өмнөх байдал сайхан.
Тооноор сар гэрэлтэх сайхан
Тогоотой сүүнд тусах сайхан
Шөнө орой гарах сайхан
Чөдөртэй морьд туриглах сайхан.
Шиврэн шиврэн бороо орох нь сайхан
Ширэг зүлэг ногоорох нь сайхан
Зүүн өмнө солонго татах сайхан
Зүс бороо гэрэлтэх сайхан.
Гэгээн борооны усыг тосох сайхан
Гэзэг үсээ хүүхнүүд угаах сайхан
Агь хүмлийн үнэр сэнгэнэх нь сайхан
Аяcxан бодол хол ойрыг санах сайхан.
Үдшийн бүрийгээр ирэх сайхан
Үүрийн гэгээгээр явах сайхан
Өнгөт дэлхий нь уяран уйлмаар сайхан
Өргөн хорвоо нь дуулан жаргамаар сайхан.
Эх нутаг минь шүлэг шиг сайхан
Эх орон минь дуу шиг сайхан
Эргэх дөрвөн цагт амьд явах сайхан
Эрээнцавд бороо орох нь сайхан.
2.
Өглөө босоход цас орсон байх нь сайхан
Өрхний оосор даялахад тооноор цас унах сайхан
Гадаа уул толгод гялбалзах нь сайхан
Ганц нэг өвс салхинд сэвгэнэх нь сайхан
Үдэш орой айлын гэрэл харагдах сайхан
Үрээ морины хөл хөнгөрөх сайхан
Хонох айлд үеийн бүсгүй байх сайхан
Хоточ нохой сарны гэрэлд хуцах сайхан
Тооноор цас будран орох нь сайхан
Тогооны таган дээр унаад хайлах нь сайхан
Гэрийн хойморт аав суух сайхан
Гэрэлтэй үүдээр ээж орж ирэх сайхан
Хөтлийн оройд нар тусах сайхан
Хөсег тэрэг гарч ирэх нь сайхан
Тэрэгний дугуй чахран чухран эргэх нь сайхан
Тэргэн дороос шувуу нисэх сайхан
Тэнгэр будангуйрч судайх нь сайхан
Тэртээ холын юм үзэгдэх үгүйтэй нь сайхан
Салхи эргэж, утаа хуйрагнах нь сайхан
Цас эргэлдэн эргэлдэн малгайлах сайхан
Зуухны галд нозоорон нойр хүрэх нь сайхан
Зуны орой согтов гэж тэрхэн зуур зүүрмэглэх сайхан
Хээ-н... Цай уу! гэх бүдэг бадаг үг дуулдах нь сайхан
Хэн гуайн эгч гараас зөөлөн татах нь сайхан
Цайдам хоолой цайвалзаж цанхиртах сайхан
Цаад уулс гялс гялсхийн харагдах нь сайхан
Цас шуурч тогтоод гялбас гялбасхийх сайхан
Цагаан өдөр мэлтэс мэлтэсхийх сайхан
Одод тодрох нь сарны ойролцоо илүү сайхан
Онгон талд адуу минь байх шиг сайхан
Он цагийн гурван марал бодол зөгнөх сайхан
Ондоо гарагийн хөлөг ирж явах шиг сайхан
Цас орон орон лавсах нь сайхан
Цаг эргэж ирэх сайхан
Царайлагхан чамайгаа, намайг тоогоогүйг тоосоон гэж бодох сайхан
Цаг гэрт цохисоор байх нь сайхан
Тэргэл сартай шөнө гадаа зогсох сайхан
Тэргэн дээр хураасан бараа сүглийх сайхан
Тэртээх хөндий цайвартаж сүүдэртэх нь сайхан
Тийшээ очмооргүй аймаар санагдах нь сайхан
Явган шуурга гадаа исгэрэх сайхан
Яндан юмуу нэг юм, хаа нэгтээ дар дархийх сайхан
Гэнэт гэнэтхэн нүдгүйлэн харанхуйлах нь сайхан
Гэрийн хаяагаар цас хунгарлах нь сайхан
Айлын гэрээс хүмүүс гарцгаах сайхан
Арилсан тэнгэрт шувуу нисэх сайхан
Уул тал руу гүйх сайхан
Улаан хацартай хүүхдүүд тоглох сайхан
Үдшийн бүрийгээр ирэх сайхан
Үүрийн гэгээгээр явах сайхан
Өнгөт дэлхий нь уяран уйлмаар сайхан
Өргөн хорвоо нь дуулан жаргамаар сайхан
Эх нутаг минь шүлэг шиг сайхан
Эх орон минь дуу шиг сайхан
Эргэх дөрвөн цагт амьд явах сайхан
Эрээнцавд цас орох нь сайхан!
3.
Цас хайлж ханзрах сайхан
Цаг ирэх сайхан
Чамайг хүлээх сайхан
Цаг харах сайхан
Шувуу ирээд буух сайхан
Чулуун дээр суугаад нисэх сайхан
Харгуй замаар хүн явах сайхан
Хадан дээр би суух сайхан
Айлын бүсгүй усанд явах сайхан
Арын булаг уруу дурандах сайхан
Цэнхэр зэрэглээ сүүмэлзэх нь сайхан
Цэнхэр дээл чамд зохих нь сайхан
Толгодын орой зэрэглээтэх сайхан
Торгон салхи сэвэлзэх сайхан
Хөх ногооны униар татах сайхан
Хөх мананд нь ороолгон суух сайхан
Амгалан шөнө нойр хулжих сайхан
Алсын чимээ анирлах сайхан
Бүүр түүр холд нэг юм жингэнэх сайхан
Бүүвэй бүүвэй хорвоо сайхан
Хэн нэгэн ирээд явах сайхан
Хэрэг болгож надаас, гал байна уу гэж асуух сайхан
Ертөнцийг аргадах хийгээд, бусдыг бодох сайхан
Юм бүхнийг хайрлах, гол мөрөн урсах хоёр сайхан
Цөн түрж, гол урсах нь сайхан
Цөмөрвөл, би ч бас урсана даа гэж бодох сайхан
Өглөө голын эрэгт, ганцаархнаа сайхан
Орой голын хөвөөнд чамтайгаа сайхан
Хашаа тэргэн дээр шаазгай үглэх сайхан
Хаанаас хэн ирэх нь зөн шиг сайхан
Дөрвөн зүгээс ураг садан ирэх нь сайхан
Дөтийн замаар хань нөхөд ирэх нь сайхан
Цэнхэрлэж нутгийн бараа харагдах нь сайхан
Цэлэлзэж нүдний нулимс гарах сайхан
Дөрөөн дээр өндийгөөд исгэрэн давхих сайхан
Дөрвөн туурайн хооронд шувуу нисэх сайхан
Хаврын өглөө эрт босох сайхан
Хазаар аваад моринд явах сайхан
Сэрүүн цас үнэртэх нь сайхан
Сэмжин мөснөөс хүлхэх нь сайхан
Он он жил хөдөө суух сайхан
Од мэт хөх дан сууцанд амьдрах сайхан
Дээр яваа сансрын хөлөг эргэж ирэх сайхан
Дээврийн цас хайлж янжуурын цог дээр тусах сайхан
Ургамал цэцэг ургаж ногоорох нь сайхан
Утасны мод хөхөрч гандах нь сайхан
Он жилүүд ирэх сайхан
Он жилүүд одох сайхан
Үдшийн бүрийгээр ирэх сайхан
Үүрийн гэгээгээр явах сайхан
Өнгөт дэлхий нь уяран уйлмаар сайхан
Өргөн хорвоо нь дуулан жаргамаар сайхан
Эх нутаг минь шүлэг шиг сайхан
Эх орон минь дуу шиг сайхан
Эргэх дөрвөн цагт амьд явах сайхан
Эрээнцавд гол урсах сайхан
4.
Навч ганц нэг унах нь сайхан
Нар толгодын цаанаас гарах сайхан
Сэв сэв салхи үүсэх сайхан
Сэм сэмхэн хуй босох сайхан
Гол мяралзан урсах нь сайхан
Ганц нэг ялаа долгионд нь суух сайхан
Морины шар хомоол тэрүүхэнд хөвөх сайхан
Модон тэрэгний ганц ялуу урсаж өнгөрөх сайхан
Хол ойрыг санагалзаж уярах сайхан
Хот айлаас хэн нэг нь явахад үг захимаар сайхан
Торолзох барааг харж зогсох сайхан
Торгон алчуур дэрвэх сайхан
Сэмжин цагаан үүл нүүх сайхан
Сэтгэл зүрхэн дундуур хөвөх сайхан
Шивэр авир бороо салхилах сайхан
Шивээн толгой ганхах сайхан
Морьтой хүн давхин одох сайхан
Морин төвергөөн дуулдах сайхан
Тэнгэрийн хаяаг харах сайхан
Тэрэг хөсөгний зам зурайх сайхан
Өмне зүгт шувуу нисэх сайхан
Үүлсийн дунд ганганах сайхан
Наран шаргалтаж тоорогтох сайхан
Навчсын шар шуурга хаялах сайхан
Шаргал бороо нартай орох сайхан
Шанз ятгын утас буйлах нь сайхан
Шаавай төрсөн Хонгорзул эгчирхэх нь сайхан
Шальдар бульдар дуү минь туүнийг санах нь сайхан
Ган жийжүү дөрөө гадаа дуугарах сайхан
Ганган морьтой хүн буух сайхан
Намрын сарын шинийн гурван ирэх сайхан
Намуун үдэш аргын тооны cap гарах сайхан
Хууч яриа нойрон дунд сонсдох сайхан
Хуучин сүмийн тууринд... хэмээн ярилцах нь сайхан
Цонхоор cap тусах шөнө үлгэр ярих сайхан
Цоороо аваад дуултал чөтгөр уярчээ гэх сайхан
Cap орой болж хүйтрэх нь сайхан
Салхинд одод зүлгэгдэх нь сайхан
Өдөр шөнө тэнцэх нь хорин хоёрон болох сайхан
Хүлэг хүн хоёр адилхан цаг унтах сайхан
Дэлхийн чулуунд хяруу цавцайх сайхан
Дэрсээр дээр нь шүлэг бичих сайхан
Дээвэр дэвэх салхинд сэтгэл гэгэлзэх нь сайхан
Дэндуу ойрын хайраас холд байх нь сайхан
Модны мөчирт шувуу навчны оронд суух сайхан
Монгол аялгуугаар жиргэх сайхан
Дээр төрийн сүлдний нар мандах сайхан
Дэргэд алтан соёмбоны гал ноцох нь сайхан
Хэн нэгэн ирээд дуулах сайхан
Хэн нэгэн одоод гуних сайхан
Эргэх нэгэн хайр зүрхэнд хөгжимдөх сайхан
Ээлжлэн ирэх цаг хонхоо цохих нь сайхан
Үдшийн бүрийгээр ирэх сайхан
Үүрийн гэгээгээр явах сайхан
Өнгөт дэлхий нь уяран уйлмаар сайхан
Өргөн хорвоо нь дуулан жаргамаар сайхан
Алаг нүдний нулимсан дусалд багтсан
Ай миний эх орны дөрвөн цаг
Асгаруулан мэлтэлзүүлэн байна уу даа.
Ая амьд явах сайхан
1979. Эрээнцав
