ᠨᠠᠭᠤᠷ ᠦ᠋ᠨ ᠶ᠋ᠢᠠᠨ ᠤᠰᠤᠨ ᠳᠤ ᠴᠢᠯᠠᠭᠤ ᠶᠠᠭᠤᠨ ᠳᠤ ᠰᠢᠲᠠᠯᠠ – ᠪ · ᡀᠬᠠᠪᠠᠰᠥ᠋ᠷᠦᠩ Нуурынхаа усанд чулуу юунд шидлээ – Б · Лхагвасүрэн
ᠨᠠᠭᠤᠷ ᠦ᠋ᠨ ᠶ᠋ᠢᠠᠨ ᠤᠰᠤᠨ ᠳᠤ ᠴᠢᠯᠠᠭᠤ ᠶᠠᠭᠤᠨ ᠳᠤ ᠰᠢᠲᠠᠯᠠ
[ ᠮᠣᠩᠭᠣᠯ ] ᠪ · ᡀᠬᠠᠪᠠᠰᠥ᠋ᠷᠦᠩ
ᠮᠠᠨᠠᠨ ᠂ ᠨᠠᠭᠤᠷ ᠬᠣᠶᠠᠷ ᠪᠡᠶ᠎ᠡ ᠪᠡᠶ᠎ᠡ ᠳᠤ ᠪᠠᠨ ᠠᠭᠤᠰᠴᠤ
ᠰᠢᠪᠠᠭᠤ ᠂ ᠳᠠᠯᠪᠠᠬ᠋ᠠ ᠬᠣᠶᠠᠷ ᠢᠯᠭᠠᠭᠲᠠᠮᠠ ᠦᠭᠡᠢ ᠪᠤᠴᠠᠯᠵᠤ
ᠰᠠᠷᠠᠨ ᠤ ᠲᠤᠶᠠᠬ᠋᠎ᠠ ᠴᠤ᠌ ᠪᠠᠭᠲᠠᠮ᠎ᠠ ᠦᠭᠡᠢ ᠰᠠᠯᠵᠤ ᠶᠠᠲᠠᠭᠰᠠᠨ ᠴᠠᠭ ᠶ᠋ᠢᠠᠷ
ᠰᠠᠪᠠᠬ᠋ᠠ ᠦᠭᠡᠢ ᠬᠣᠩᠭᠣᠷ ᠠᠭᠠᠰᠢᠨ ᠳᠤ ᠪᠠᠨ ᠬᠥᠲᠥᠯᠥᠭᠳᠡᠵᠦ
ᠰᠠᠶ᠋ᠢᠬᠠᠨ ᠨᠢᠲᠦᠨ ᠨᠠᠭᠤᠷ ᠤᠷᠤᠭᠤ ᠪᠠᠨ ᠪᠢ
ᠴᠢᠯᠠᠭᠤ ᠶᠠᠭᠤᠨ ᠳᠤ ᠰᠢᠲᠠᠯᠠ !
ᠰᠨᠨᠲᠤᠷᠤᠭᠰᠠᠨ ᠰᠢᠪᠠᠭᠤᠳ ᠨᠢ ᠡᠷᠭᠢᠵᠦ ᠪᠠᠭᠤᠯ ᠦᠭᠡᠢ
ᠵᠡᠯᠡᠯᠡᠵᠦ ᠴᠢᠲᠠᠯ ᠦᠭᠡᠢ ᠦᠢᠮᠡᠵᠦ ᠪᠢᠯᠡ
ᠭᠤᠨᠢᠬ ᠶ᠋ᠢᠠᠨ ᠳᠠᠭᠠᠭᠠᠵᠤ ᠶᠠᠲᠠᠨ
ᠭᠠᠵᠠᠷ ᠶ᠋ᠢᠠᠷ ᠴᠢᠷᠦᠭᠰᠡᠨ ᠰᠡᠭᠦᠲᠡᠷ ᠨᠢ ᠬᠦᠷᠲᠡᠯ᠎ᠡ
ᠲᠤᠭᠤᠯᠬᠤ ᠰᠢᠭ᠋ ᠪᠤᠴᠠᠵᠤ ᠪᠢᠯᠡ
ᠳᠠᠩᠴᠤ ᠬᠣᠯᠠ ᠳ᠋ᠠᠭᠠᠨ ᠪᠤᠴᠠᠬᠤ ᠶ᠋ᠢᠨ ᠶ᠋ᠢᠡᠨ ᠤᠷᠢᠳ
ᠳᠠᠷᠠᠭᠠᠯᠠᠨ ᠭᠤᠷᠪᠠᠨ ᠰᠥᠨᠢ ᠴᠢᠭᠤᠯᠬᠤ ᠴᠤ᠌ ᠪᠠᠶ᠋ᠢᠬᠰᠠᠨ ᠶᠤᠮ ᠪᠢᠯᠡ ᠤᠤ ?
ᠡᠵᠢ ᠪᠣᠯᠤᠭᠰᠠᠨ ᠴᠡᠩᠬᠡᠷ ᠨᠠᠭᠤᠷ ᠶ᠋ᠢᠠᠨ
ᠡᠷᠭᠢᠵᠤ ᠭᠤᠷᠪᠠᠨᠲᠠ ᠭᠠᠩᠭᠠᠨᠠᠬᠤ ᠴᠤ᠌ ᠪᠠᠶ᠋ᠢᠭᠰᠠᠨ ᠶᠤᠮ ᠪᠢᠯᠡ ᠤᠤ ?
ᠢᠰᠬᠡᠷᠬᠦ ᠰᠤᠮᠤᠨ ᠳᠤ ᠥᠷᠲᠥᠭᠰᠡᠨ ᠨᠢᠭᠡ ᠪᠡᠨ ᠢᠷᠡᠬᠦ ᠴᠤ᠌ ᠪᠣᠯᠪᠠ ᠤᠤ ᠭᠡᠵᠦ
ᠭᠣᠷᠢᠲᠠᠵᠤ ᠴᠤ᠌ ᠪᠠᠶ᠋ᠢᠬᠰᠠᠨ ᠶᠤᠮ ᠪᠢᠯᠡ ᠤᠤ ?
ᠡᠷᠭᠢᠵᠦ ᠢᠷᠡᠲᠡᠯ᠎ᠡ ᠪᠡᠨ ᠡᠯᠢᠭᠡ ᠬᠠᠲᠠᠨ ᠰᠢᠨᠠᠯᠬᠤ
ᠡᠨᠡ ᠯᠠ ᠨᠠᠭᠤᠷ ᠦ᠋ᠨ ᠢᠶ᠋ᠠᠨ ᠤᠰᠤ ᠶ᠋ᠢ
ᠵᠠᠯᠭᠢᠯᠠᠵᠤ ᠬᠠᠨᠤᠬ᠋ᠠ ᠦᠭᠡᠢ ᠴᠤ᠌ ᠪᠠᠶ᠋ᠢᠬᠰᠠᠨ ᠶᠤᠮ ᠪᠢᠯᠡ ᠤᠤ ?
ᠭᠡᠨᠡᠨ ᠵᠦᠭ ᠦᠭᠡᠢ ᠵᠠᠩ ᠶ᠋ᠢᠠᠷ ᠴᠢᠯᠠᠭᠤ ᠰᠢᠲᠡᠭᠰᠡᠨ ᠮᠢᠨᠢ
ᠪᠤᠷᠤᠭᠤ ᠲᠠᠢ ᠴᠤ᠌ ᠭᠡᠬᠦ ᠳ᠋ᠡᠭᠡᠨ
ᠰᠢᠪᠠᠭᠤ ᠪᠦᠬᠦᠨ ᠪ ᠡᠮᠦᠨ᠎ᠡ ᠪᠤᠷᠤᠭᠤ ᠦᠭᠡᠢ
ᠢᠷᠡᠬᠦ ᠬᠠᠪᠤᠷ ᠰᠠᠶ᠋ᠢᠬᠠᠨ ᠨᠢᠲᠦᠨ ᠨᠠᠭᠤᠷ ᠲᠤ ᠪᠠᠨ ᠢᠷᠡᠶ᠎ᠡ ᠭᠡᠪᠡᠴᠦ
ᠢᠷᠡᠵᠦ ᠴᠢᠲᠠᠬᠤ ᠦᠭᠡᠢ ᠰᠢᠪᠠᠭᠤᠨ ᠪ ᠡᠮᠦᠨ᠎ᠡ
ᠭᠠᠷᠴᠠᠬ᠋ᠠ ᠦᠭᠡᠢ ᠪᠢ ᠪᠤᠷᠤᠭᠤ ᠲᠠᠢ
ᠠᠩᠬ᠎ᠠ ᠳᠤᠮᠳᠠᠳᠤ ᠶᠢᠨ ᠡᠪᠦᠯ ᠤᠨ ᠠᠮᠠᠷᠠᠯᠲᠠ ᠶ᠋ᠢᠨ
< ᠠᠮᠲᠠᠷᠬᠠᠨ ᠤᠩᠰᠢᠬᠤᠢ > ᠠᠴᠠ ᠬᠠᠭᠤᠯᠪᠠ
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
ᠬᠢᠨᠠᠭ᠍ᠴᠢ ᠄ ᠴᠣᠯᠮᠣᠨᠲᠦᠶᠠᠭ᠎ᠠ ᠪᠠᠭ᠍ᠰᠢ
2023 ᠂3 ᠂7
