ᠬᠣᠷᠸ᠋᠎ᠠ ᠳᠤ ᠪᠢ ᠬᠠᠶ᠋ᠢᠷᠠᠲᠠᠢ – ᠭᠦᠷᠵᠠᠪ Хорвоод би хайртай – Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠷᠸ᠋᠎ᠠ ᠳᠤ ᠪᠢ ᠬᠠᠶ᠋ᠢᠷᠠᠲᠠᠢ – ᠭᠦᠷᠵᠠᠪ Хорвоод би хайртай – Гүржав

ᠬᠣᠷᠸ᠋᠎ᠠ ᠳᠤ ᠪᠢ ᠬᠠᠶ᠋ᠢᠷᠠᠲᠠᠢ – ᠭᠦᠷᠵᠠᠪ Хорвоод би хайртай – Гүржав

2023-03-12

305

ᠬᠣᠷᠸ᠋᠎ᠠ ᠳᠤ ᠪᠢ ᠬᠠᠶ᠋ᠢᠷᠠᠲᠠᠢ


           ᠭᠥᠷᠵᠠᠪ

 ᠬᠣᠮᠰᠠᠬᠠᠨ ᠲᠠᠪᠴᠢᠭᠤ ᠪᠡᠶ᠎ᠡ ᠶ᠋ᠢ ᠮᠢᠨᠢ
 ᠬᠣᠷᠮᠣᠢ — ᠬᠥᠷᠥᠰᠥ ᠪᠡᠷ ᠶ᠋ᠢᠡᠨ ᠪᠠᠭᠯᠠᠵᠤ
 ᠬᠣᠭ ᠨᠣᠪᠰᠢ ᠲᠠᠢ ᠨᠢᠭᠤᠷ ᠊ᠢ ᠮᠢᠨᠢ 
 ᠬᠣᠩᠭᠣᠷ ᠰᠠᠯᠬᠢ ᠪᠠᠷ ᠶ᠋ᠢᠠᠨ  ᠤᠬᠢᠶᠠᠭᠰᠠᠨ
 ᠬᠣᠷᠸ᠋᠎ᠠ ᠳᠤ ᠪᠢ ᠬᠠᠶ᠋ᠢᠷᠠᠲᠠᠢ !
 ᠬᠣᠨᠢ ᠮᠠᠯ ᠳᠤ ᠶᠠᠪᠤᠭᠤᠯᠵᠤ
 ᠬᠣᠷᠭᠣᠯ ᠠᠷᠭᠠᠯ  ᠳᠤ ᠭᠥᠶᠦᠯᠭᠡᠵᠦ
 ᠬᠥᠲᠡᠯᠮᠦᠷᠢ ᠠᠲᠠᠯ ᠰᠤᠷᠭᠠᠭᠰᠠᠨ
 ᠬᠦᠨᠲᠦ ᠠᠴᠢᠯᠠᠯ ᠳ᠋ᠤᠨᠢ ᠬᠠᠶ᠋ᠢᠷᠠᠲᠠᠢ !
 ᠪᠣᠷᠣᠭᠠᠨ ᠴᠠᠰᠤᠨ  ᠳᠤ ᠭᠤᠶᠠᠲᠠᠭᠤᠯᠵᠤ 
 ᠪᠤᠲᠠ ᠳᠡᠷᠡᠰᠦᠨ  ᠳᠤ ᠪᠥᠲᠦᠷᠢᠭᠦᠯᠵᠦ
 ᠪᠤᠷᠤᠭᠤ ᠵᠥᠪ ᠊ᠢ ᠲᠠᠨᠢᠭᠤᠯᠤᠭᠰᠠᠨ
 ᠪᠣᠯᠪᠠᠰᠤᠷᠠᠯ ᠬᠥᠮᠥᠵᠢᠭᠦᠯᠭᠡ ᠳ᠋ᠤᠨᠢ ᠬᠠᠶ᠋ᠢᠷᠠᠲᠠᠢ !
 ᠨᠠᠭᠤᠷ ᠪᠦᠷᠢᠲᠦ  ᠳᠤ ᠣᠮᠪᠠᠭᠤᠯᠵᠤ
 ᠨᠢᠰᠦ ᠨᠢᠯᠪᠤᠰᠤ ᠶ᠋ᠢ ᠮᠢᠨᠢ ᠵᠦᠯᠭᠦᠵᠦ
 ᠨᠢᠷᠤᠭᠤᠨ ᠴᠢᠯᠡᠭᠡ ᠶ᠋ᠢ ᠮᠢᠨᠢ ᠠᠷᠢᠯᠭᠠᠭᠰᠠᠨ
 ᠨᠢᠭᠤᠴᠠᠭᠠᠢ ᠢᠪᠡᠭᠡᠯ ᠳ᠋ᠤᠨᠢ ᠬᠠᠶ᠋ᠢᠷᠠᠲᠠᠢ !
 ᠬᠡᠭᠡᠷ᠎ᠡ ᠲᠠᠯ᠎ᠠ  ᠳᠤ ᠲᠣᠭᠯᠠᠭᠤᠯᠵᠤ
 ᠬᠡᠨᠳᠡᠭ ᠰᠡᠨᠳᠡᠭ ᠊ᠢ ᠮᠢᠨᠢ ᠭᠠᠷᠭᠠᠵᠤ
 ᠭᠡᠭᠦᠳᠡᠭ ᠦ᠋ᠨ ᠤᠶ᠋ᠢᠤᠠᠬᠠᠷ ᠊ᠢ ᠮᠢᠨᠢ ᠲᠠᠶ᠋ᠢᠯᠤᠭᠰᠠᠨ
 ᠬᠡᠮᠵᠢᠶᠡᠯᠡᠰᠢ ᠦᠭᠡᠢ ᠬᠠᠯᠠᠮᠵᠢ ᠳ᠋ᠤᠨᠢ ᠬᠠᠶ᠋ᠢᠷᠠᠲᠠᠢ !
 ᠬᠣᠷᠸ᠋᠎ᠠ  ᠳᠤ ᠪᠢ ᠬᠠᠶ᠋ᠢᠷᠠᠲᠠᠢ !

 ᠭᠦᠷᠵᠠᠪ ᠤᠨ ᠵᠤᠬᠢᠶᠠᠭᠰᠠᠨ < ᠬᠡᠤᠭᠡᠳ ᠨᠠᠰᠤ ᠰᠠᠶ᠋ᠢᠬᠠᠨ > ᠎ ᠡᠴᠡ ᠰᠤᠩᠭᠤᠪᠠ
          ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
          ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
          ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
         2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
         2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ
 
        ᠦᠰᠦᠭ ᠠᠮᠢᠯᠠᠭᠤᠯᠤᠭᠴᠢ ᠄  ᠴᠦ᠋᠂  ᠮᠢᠭ᠌ᠮᠠᠷ
          ᠦᠰᠦᠭ ᠬᠢᠨᠠᠭᠴᠢ ᠄   ᠪᠠᠶᠠᠷᠴᠡᠴᠡᠭ
                2023 ᠤᠨ  ᠪ 3 ᠰᠠᠷ᠎ᠠ ᠶ᠋ᠢᠨ 6 ᠪ ᠡᠲᠦᠷ