ᠬᠦᠷᠵᠡ ᠮᠢᠨᠦ ᠦᠭᠡ - ᠭᠦᠷᠵᠠᠪ Хүрж миний үг - Гүржав
ᠬᠦᠷᠵᠡ ᠮᠢᠨᠦ ᠦᠭᠡ
ᠭᠦᠷᠵᠠᠪ
ᠠᠯᠲᠠ ᠳᠡᠯᠢᠮ ᠪᠡᠶ᠎ᠡ ᠲᠡᠢ
ᠠᠯᠮᠠᠰ ᠡᠷᠲᠡᠨᠢ ᠶ᠋ᠢᠨ ᠢᠷ ᠲᠡᠢ
ᠠᠰᠬ᠎ᠠ ᠲᠣᠬᠢᠯᠢᠬ ᠬᠢᠴᠡ ᠲᠡᠢ
ᠠᠰᠤᠷᠤ ᠤᠷᠠᠯᠢᠬ ᠦᠢᠯᠡ ᠲᠠᠢ
ᠬᠦᠷᠵᠡ ᠮᠢᠨᠦ ᠪᠡᠶ᠎ᠡ
ᠬᠥᠩᠭᠡᠨ ᠬᠤᠷᠴᠠ ᠪᠠᠭᠠᠵᠢ
ᠬᠥᠮᠦᠨ ᠪ ᠤᠬᠠᠭᠠᠨ ᠶ᠋ᠢᠠᠷ ᠪᠦᠲᠦᠭᠰᠡᠨ
ᠬᠦᠷᠡᠯ《 ᠲᠡᠮᠦᠷ 》 ᠬᠡᠷᠡᠭᠰᠡᠯ
ᠬᠦᠴᠢᠷ ᠪᠡᠷᠬᠡ ᠡᠴᠡ ᠠᠶᠤᠲᠠᠭ ᠦᠭᠡᠢ
《 ᠬᠦᠵᠦᠭᠦᠦ 》 ᠬᠠᠲᠠᠭᠤ ᠪᠠᠭᠠᠵᠢ
ᠬᠦᠯᠢᠶᠡᠰᠦ ᠲᠤᠱᠠ ᠳᠤ ᠪᠠᠷᠢᠬᠲᠠᠲᠠᠭ ᠦᠭᠡᠢ
ᠬᠦᠰᠡᠯ — 《 ᠴᠢᠯᠥᠭᠡᠲᠦ 》 ᠬᠡᠷᠡᠭᠰᠡᠯ ᠁
ᠰᠠᠷᠠᠪᠴᠢ ᠬᠠᠰᠢᠶ᠎ᠠ ᠪᠠᠷᠢᠬᠤ ᠳᠤ
ᠰᠢᠪᠠᠷ ᠊ᠢ ᠨᠢ ᠪᠢ ᠨᠤᠬᠤᠲᠠᠭ
ᠰᠢᠪᠡᠵᠦ ᠢᠯᠢᠬᠦ — ᠪᠦᠬᠦᠨ ᠳ᠋ᠤᠨᠢ
ᠱᠠᠯᠠᠮᠠᠭᠠᠶ᠋ᠢᠯᠠᠵᠤ ᠪᠢ ᠣᠷᠣᠯᠴᠠᠲᠠᠭ
ᠵᠠᠮ ᠮᠥᠷ ᠭᠠᠷᠭᠠᠬᠤ ᠳᠤ
ᠵᠠᠪᠠᠯ ᠪᠢ ᠣᠴᠢᠲᠠᠭ
ᠵᠠᠭᠠᠭᠯᠠᠵᠤ ᠲᠡᠭᠡᠭᠯᠡᠬᠦ ᠵᠦᠢᠯᠡᠰ ᠊ᠢ ᠨᠢ
ᠵᠠᠯᠬᠠᠭᠤᠷᠠᠯ ᠦᠭᠡᠢ ᠲᠡᠭᠦᠲᠡᠭ᠋
ᠡᠯᠡᠰᠦ ᠮᠥᠩᠬᠡ ᠵᠠᠰᠠᠬᠤ ᠳᠤ
ᠡᠭᠡᠨᠡᠭᠲᠡ ᠪᠢ ᠵᠠᠯᠠᠭᠲᠠᠲᠠᠭ
ᠡᠯᠲᠡᠪ ᠪᠡᠷᠬᠡ ᠠᠵᠢᠯ ᠳ᠋ᠦ᠍ᠨᠢ
ᠡᠴᠦᠰᠯᠡᠲᠡᠯᠡ ᠪᠡᠨ ᠪᠢ ᠵᠢᠤᠠᠬᠦᠲᠡᠭ
ᠡᠪᠡᠰᠦ ᠮᠣᠲᠣ ᠲᠠᠷᠢᠬᠤ ᠳᠤ
ᠡᠮᠦᠨ᠎ᠡ ᠨᠢ ᠪᠢ ᠭᠦᠶᠦᠲᠡᠭ᠋
ᠥᠪᠡᠷ ᠦ᠋ᠨ ᠠᠯᠢᠪᠠ ᠪᠡᠨ ᠬᠠᠷᠠᠮᠨᠠᠯ ᠦᠭᠡᠢ
ᠥᠷᠡᠭᠳᠡᠭᠦᠯᠵᠦ ᠪᠡᠶ᠎ᠡ ᠪᠡᠨ ᠵᠣᠷᠢᠭᠤᠯᠲᠠᠭ
ᠬᠦᠷᠵᠡ ᠮᠢᠨᠦ ᠪᠡᠶ᠎ᠡ
ᠬᠥᠲᠡᠯᠮᠦᠷᠢᠴᠢ ᠠᠵᠢᠯᠴᠢ ᠪᠠᠭᠠᠵᠢ
ᠬᠥᠰᠢᠵᠦ ᠶᠠᠲᠠᠷᠠᠬᠤ ᠶ᠋ᠢ ᠮᠡᠲᠡᠲᠡᠭ᠋ ᠦᠭᠡᠢ
《 ᠬᠦᠲᠡᠷ 》 《 ᠴᠢᠭᠢᠷᠠᠭ 》 ᠬᠡᠷᠡᠭᠰᠡᠯ
ᠬᠥᠲᠡᠯᠵᠦ ᠪᠠᠷᠢᠬᠤ ᠠ᠋ᠴᠠ ᠵᠢᠷᠦᠬᠡᠰᠢᠶᠡᠳᠡᠭ ᠦᠭᠡᠢ
ᠬᠥᠭᠵᠢᠭᠦᠨ ᠱᠠᠯᠠᠮᠠᠭ ᠪᠠᠭᠠᠵᠢ
ᠬᠥᠬᠡᠷᠡᠵᠦ ᠴᠡᠴᠡᠭᠯᠡᠬᠦ ᠦᠢᠯᠡᠰ ᠲᠦ
ᠬᠦᠴᠦ ᠨᠡᠮᠡᠷᠢ ᠲᠡᠢ ᠬᠡᠷᠡᠭᠰᠡᠯ !
ᠬᠦᠷᠵᠡ ᠮᠢᠨᠦ ᠬᠡᠷᠡᠭᠴᠡᠭᠡ ᠶ᠋ᠢ
ᠬᠥᠲᠡᠯᠮᠦᠷᠢᠴᠢ ᠲᠠ ᠨᠠᠷ ᠮᠢᠨᠢ ᠮᠡᠲᠡᠵᠦ ᠠᠪ !
ᠬᠥᠲᠡᠯᠮᠦᠷᠢ ᠠᠵᠢᠯ ᠳ᠋ᠠᠭᠠᠨ ᠮᠠᠷᠠᠶ᠋ᠢᠯᠴᠠᠭᠠᠳ
ᠬᠦᠴᠦ ᠴᠢᠲᠠᠯ ᠶ᠋ᠢᠠᠨ ᠰᠢᠯᠭᠠᠯᠴᠠᠵᠤ ᠶᠠᠪᠤ !
ᠭᠦᠷᠵᠠᠪ ᠦᠨ ᠵᠤᠬᠢᠶᠠᠭᠰᠠᠨ < ᠬᠡᠤᠭᠡᠳ ᠨᠠᠰᠤ ᠰᠠᠶ᠋ᠢᠬᠠᠨ > ᠡᠴᠡ ᠰᠤᠩᠭᠤᠪᠠ
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠦ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠦ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠪᠠᠶᠠᠷᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠤᠨ ᠪ 3 ᠰᠠᠷ᠎ᠠ ᠶ᠋ᠢᠨ 5 ᠪ ᠡᠲᠦᠷ
