ᠬᠠᠷᠠᠭ᠎ᠠ ᠪᠠᠶᠠᠨ ᠨᠤᠲᠤᠭ- ᠴᠡᠪᠡᠷᠴᠡᠴᠡᠭ ᠂ ᠠᠯᠲᠠᠨᠰᠦ᠋ᠮᠪᠤᠷХараа баян нутаг-цэвэрцэцэг , алтансмбр
ᠬᠠᠷᠠᠭ᠎ᠠ ᠪᠠᠶᠠᠨ ᠨᠤᠲᠤᠭ
ᠦᠭᠡ ᠄ ᠰᠤᠨᠤᠮ ᠤᠨ ᠡᠩᠬᠡᠪᠠᠶᠠᠷ
ᠶᠣᠨᠳᠤᠨ ᠤ
ᠡᠷᠳᠡᠨᠢᠲᠣᠭᠲᠤᠬᠤ
ᠠᠶ᠎ᠠ ᠄ ᠭᠡᠩᠳᠤᠨ ᠤ ᠰᠡᠴᠡᠨᠲᠤ
ᠳᠠᠭᠤᠴᠢᠨ ᠄ ᠴᠡᠪᠡᠷᠴᠡᠴᠡᠭ ᠂
ᠠᠯᠲᠠᠨᠰᠦ᠋ᠮᠪᠤᠷ
ᠬᠠᠷᠠᠭᠠᠲᠤ ᠶ᠋ᠢᠨ ᠣᠪᠣᠭ᠎ᠠ ᠪᠠᠨ ᠰᠦᠵᠢᠭᠯᠡᠨ ᠲᠠᠬᠢᠬᠤ ᠳᠤ
ᠲᠩᠷᠢ ᠬᠤᠷᠠᠰᠢᠨᠠ
ᠬᠠᠯᠴᠠᠭᠠᠢ ᠶ᠋ᠢᠨ ᠭᠣᠪᠢ ᠪᠠᠷ ᠪᠣᠷᠣᠭ᠎ᠠ ᠵᠦᠰᠡᠷᠡᠬᠦ ᠳᠦ
ᠳᠡᠯᠡᠬᠡᠢ ᠳᠡᠯᠡᠩᠨᠡᠨᠡ
ᠠᠯᠲᠠᠲᠤ ᠶ᠋ᠢᠨ ᠪᠤᠯᠠᠭ ᠢᠪᠢᠯᠦᠨ ᠤᠨᠳᠤᠷᠬᠤ ᠳᠤ ᠨᠤᠲᠤᠭ
ᠰᠦᠵᠢᠷᠡᠨᠡ
ᠣᠭ᠌ᠶᠤᠲᠤ ᠲᠣᠯᠣᠭᠠᠢ ᠪᠠᠷ ᠨᠠᠷᠠᠨ ᠬᠠᠶ᠋ᠢᠯᠮᠠᠭᠳᠠᠬᠤ ᠳᠤ
ᠪᠡᠯᠴᠢᠭᠡᠷ ᠥᠳᠬᠡᠷᠡᠨᠡ
ᠥᠷᠭᠡᠨ ᠲᠠᠮᠤᠴᠢ ᠶ᠋ᠢᠨ ᠢᠶ᠋ᠡᠨ ᠡᠩᠭᠡᠷ ᠲᠦ ᠪᠠᠭᠤᠭᠰᠠᠨ ᠪᠠᠶᠠᠨ
ᠬᠠᠷᠠᠭᠠᠲᠤ ᠮᠢᠨᠢ
ᠥᠨᠳᠥᠷ ᠠᠭᠤᠯᠠᠰ ᠨᠢ ᠠᠯᠤᠰ ᠶ᠋ᠢᠨ ᠬᠠᠷᠠᠭ᠎ᠠ ᠲᠠᠢ ᠰᠠᠷᠠᠭᠤᠯᠬᠠᠨ
ᠣᠷᠣᠨ ᠡ
ᠥᠷᠯᠥᠭ ᠲᠦᠮᠡᠨ ᠦ ᠪᠡᠨ ᠬᠥᠳᠡᠯᠮᠦᠷᠢ ᠳᠦ ᠴᠡᠴᠡᠭᠯᠡᠭᠰᠡᠨ
ᠪᠠᠶᠠᠨ ᠬᠠᠷᠠᠭᠠᠲᠤ ᠮᠢᠨᠢ
ᠥᠭᠡᠳᠡᠩ ᠲᠠᠯ᠎ᠠ ᠨᠢ ᠰᠦᠷᠦᠭ ᠦᠨ ᠪᠠᠶᠠᠨ ᠲᠠᠢ ᠠᠭᠤᠳᠠᠮᠬᠠᠨ
ᠨᠤᠲᠤᠭ ᠡ
ᠴᠠᠰᠤᠲᠤ ᠪᠣᠷᠣ ᠠ᠋ᠴᠠ ᠴᠠᠩ ᠰᠠᠪᠰᠠᠬᠤ ᠳᠤ ᠪᠤᠤᠷ᠎ᠠ ᠳᠦᠩᠭᠢᠨᠡᠨᠡ
ᠴᠠᠭᠠᠨ ᠨᠠᠭᠤᠷ ᠤᠨ ᠰᠢᠪᠠᠭᠤᠳ ᠢᠷᠡᠬᠦ ᠳᠦ ᠬᠣᠨᠢ ᠬᠣᠷᠠᠭᠠᠰᠠᠨᠠ
ᠦᠵᠦᠭᠦᠷ ᠠᠶ᠋ᠢᠷᠠᠭ ᠤᠨ ᠰᠠᠯᠬᠢ ᠬᠥᠯᠴᠥᠭᠦᠷᠡᠬᠦ ᠳᠦ ᠵᠤᠨ
ᠳᠡᠯᠭᠡᠷᠰᠢᠨᠡ
ᠡᠩᠭᠡᠷ ᠭᠣᠪᠢ ᠶ᠋ᠢᠨ ᠬᠠᠳᠤᠯᠠᠩ ᠰᠦᠯᠰᠢᠬᠦ ᠳᠦ ᠨᠠᠮᠤᠷ
ᠨᠠᠯᠭᠠᠷᠰᠢᠨᠠ
ᠳᠠᠬᠢᠯᠲᠠ
ᠪᠤᠷᠬᠠᠨ ᠯᠠᠮᠠ ᠶ᠋ᠢᠨ ᠲᠡᠦᠬᠡᠲᠦ ᠰᠦᠮ᠎ᠡ ᠡᠴᠡ ᠠᠷᠴᠠ ᠠᠩᠬᠢᠯᠤᠨ᠎ᠠ
ᠰᠡᠨᠵᠢᠲᠦ ᠬᠠᠳᠠᠨ ᠠ᠋ᠴᠠ ᠦᠯᠢᠭᠡᠷ ᠳᠣᠮᠣᠭ ᠠ᠋ᠴᠠ ᠦᠨᠡᠨ
ᠠᠮᠲᠠᠭᠳᠠᠨ᠎ᠠ
ᠬᠠᠷᠭᠠᠨ᠎ᠠ ᠶ᠋ᠢᠨ ᠠᠭᠤᠯᠠ ᠶ᠋ᠢᠨ ᠣᠷᠭᠢᠯ ᠢ ᠥᠨᠳᠥᠷᠯᠡᠨ ᠦᠢᠯᠡᠰ
ᠰᠦᠮᠪᠦᠷᠯᠡᠨᠡ
ᠲᠦᠪᠰᠢᠨ ᠵᠠᠶᠠᠭ᠎ᠠ ᠲᠠᠢ ᠨᠤᠲᠤᠭ ᠢᠶ᠋ᠠᠨ ᠥᠯᠵᠡᠶ᠋ᠢᠯᠡᠵᠦ
ᠠᠮᠢᠳᠤᠷᠠᠯ ᠪᠠᠳᠠᠷᠠᠨ᠎ᠠ
ᠳᠠᠬᠢᠯᠲᠠ ᠳᠠᠬᠢᠯᠲᠠ
