ᠴᠢ ᠮᠢᠨᠢ ᠢᠷᠡᠭᠡᠷᠡᠢ- ᠴᠣᠯᠮᠤᠨᠭᠡᠷᠡᠯЧи минь ирээрэй-цолмонгэрэл
ᠴᠢ ᠮᠢᠨᠢ ᠢᠷᠡᠭᠡᠷᠡᠢ
ᠳᠠᠭᠤᠴᠢᠨ ᠄ ᠴᠣᠯᠮᠤᠨᠭᠡᠷᠡᠯ
ᠴᠠᠰᠤᠨ ᠤ ᠮᠥᠩᠭᠥᠨ ᠭᠢᠯᠪᠠᠭᠠᠨ ᠳᠤ ᠨᠢ
ᠴᠡᠪᠡᠷᠬᠡᠨ ᠰᠡᠳᠬᠢᠯ ᠮᠢᠨᠢ ᠮᠦᠰᠢᠶᠡᠨ᠎ᠡ
ᠴᠡᠪᠡᠷᠬᠡᠨ ᠰᠡᠳᠬᠢᠯ ᠢ ᠤᠶᠠᠷᠠᠭᠠᠬᠤ ᠪᠠᠷ
ᠴᠢ ᠮᠢᠨᠢ ᠬᠤᠷᠳᠤᠬᠠᠨ ᠢᠷᠡᠭᠡᠰᠡᠢ
ᠴᠢ ᠮᠢᠨᠢ ᠬᠤᠷᠳᠤᠬᠠᠨ ᠢᠷᠡᠭᠡᠰᠡᠢ
ᠰᠡᠳᠬᠢᠯ ᠰᠡᠳᠬᠢᠯ ᠦᠨ ᠤᠶᠠᠭ᠎ᠠ ᠲᠠᠢ
ᠰᠠᠶ᠋ᠢᠬᠠᠨ ᠬᠣᠩᠭᠣᠷ ᠮᠢᠨᠢ ᠢᠷᠡᠭᠡᠰᠡᠢ
ᠰᠡᠳᠬᠢᠯ ᠰᠡᠳᠬᠢᠯ ᠦᠨ ᠤᠶᠠᠭ᠎ᠠ ᠲᠠᠢ
ᠰᠠᠶ᠋ᠢᠬᠠᠨ ᠬᠣᠩᠭᠣᠷ ᠮᠢᠨᠢ ᠢᠷᠡᠭᠡᠰᠡᠢ
ᠪᠣᠳᠣᠯ ᠤᠨ ᠲᠣᠷᠭᠠᠨ ᠣᠷᠣᠢ ᠪᠠᠷ
ᠪᠣᠷᠣᠭᠠᠨ ᠰᠥᠨᠢᠵᠢᠨ ᠱᠠᠭᠢᠨ᠎ᠠ
ᠪᠤᠴᠠᠬᠤ ᠰᠢᠪᠠᠭᠤᠳ ᠤᠨ ᠭᠠᠩᠭᠠᠨᠠᠭᠠᠨ ᠳᠤ
ᠪᠤᠯᠪᠠᠷᠠᠢ ᠴᠢ ᠮᠢᠨᠢ ᠢᠷᠡᠭᠡᠰᠡᠢ
ᠪᠤᠯᠪᠠᠷᠠᠢ ᠴᠢ ᠮᠢᠨᠢ ᠢᠷᠡᠭᠡᠰᠡᠢ
ᠰᠡᠳᠬᠢᠯ ᠰᠡᠳᠬᠢᠯ ᠦᠨ ᠤᠶᠠᠭ᠎ᠠ ᠲᠠᠢ
ᠰᠠᠶ᠋ᠢᠬᠠᠨ ᠬᠣᠩᠭᠣᠷ ᠮᠢᠨᠢ ᠢᠷᠡᠭᠡᠰᠡᠢ
ᠰᠡᠳᠬᠢᠯ ᠰᠡᠳᠬᠢᠯ ᠦᠨ ᠤᠶᠠᠭ᠎ᠠ ᠲᠠᠢ
ᠰᠠᠶ᠋ᠢᠬᠠᠨ ᠬᠣᠩᠭᠣᠷ ᠮᠢᠨᠢ ᠢᠷᠡᠭᠡᠰᠡᠢ
ᠬᠤᠨ ᠴᠠᠭᠠᠨ ᠬᠦᠰᠡᠯ ᠢᠶ᠋ᠡᠷ ᠢᠶ᠋ᠡᠨ
ᠬᠣᠩᠭᠣᠷ ᠴᠢ ᠮᠢᠨᠢ ᠢᠷ᠎ᠡ
ᠬᠣᠨᠣᠭ ᠤᠨ ᠰᠢᠪᠠᠭᠤᠳ ᠤᠨ ᠳᠡᠷᠪᠡᠯᠵᠡᠭᠡᠨ ᠶ᠋ᠢᠡᠷ
ᠬᠣᠯᠠ ᠠ᠋ᠴᠠ ᠴᠢ ᠮᠢᠨᠢ ᠢᠷᠡᠭᠡᠰᠡᠢ
ᠬᠣᠯᠠ ᠠ᠋ᠴᠠ ᠴᠢ ᠮᠢᠨᠢ ᠢᠷᠡᠭᠡᠰᠡᠢ
ᠰᠡᠳᠬᠢᠯ ᠰᠡᠳᠬᠢᠯ ᠦᠨ ᠤᠶᠠᠭ᠎ᠠ ᠲᠠᠢ
ᠰᠠᠶ᠋ᠢᠬᠠᠨ ᠬᠣᠩᠭᠣᠷ ᠮᠢᠨᠢ ᠢᠷᠡᠭᠡᠰᠡᠢ
ᠰᠡᠳᠬᠢᠯ ᠰᠡᠳᠬᠢᠯ ᠦᠨ ᠤᠶᠠᠭ᠎ᠠ ᠲᠠᠢ
ᠰᠠᠶ᠋ᠢᠬᠠᠨ ᠬᠣᠩᠭᠣᠷ ᠮᠢᠨᠢ ᠢᠷᠡᠭᠡᠰᠡᠢ
ᠰᠡᠳᠬᠢᠯ ᠰᠡᠳᠬᠢᠯ ᠦᠨ ᠤᠶᠠᠭ᠎ᠠ ᠲᠠᠢ
ᠰᠠᠶ᠋ᠢᠬᠠᠨ ᠬᠣᠩᠭᠣᠷ ᠮᠢᠨᠢ ᠢᠷᠡᠭᠡᠰᠡᠢ
ᠰᠡᠳᠬᠢᠯ ᠰᠡᠳᠬᠢᠯ ᠦᠨ ᠤᠶᠠᠭ᠎ᠠ ᠲᠠᠢ
ᠰᠠᠶ᠋ᠢᠬᠠᠨ ᠬᠣᠩᠭᠣᠷ ᠮᠢᠨᠢ ᠢᠷᠡᠭᠡᠰᠡᠢ
