ᠬᠡᠦᠬᠡᠳ ᠲᠣ᠌ ᠪᠢᠳᠡ ᠪᠥᠮᠪᠥᠷᠴᠡᠭ ᠢ᠋ᠶ᠋ᠡᠨ ᠦᠭᠬᠦᠶ᠎ᠡ  – ᠷᠢ᠊ ᠂ ᠰᠡᠴᠡᠨᠴᠣᠭᠲᠤ  Хүүхдэд бид бөмбөрцгөө өгье – Ри ᠊ Цэцэнцогт ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠦᠬᠡᠳ ᠲᠣ᠌ ᠪᠢᠳᠡ ᠪᠥᠮᠪᠥᠷᠴᠡᠭ ᠢ᠋ᠶ᠋ᠡᠨ ᠦᠭᠬᠦᠶ᠎ᠡ  – ᠷᠢ᠊ ᠂ ᠰᠡᠴᠡᠨᠴᠣᠭᠲᠤ  Хүүхдэд бид бөмбөрцгөө өгье – Ри ᠊ Цэцэнцогт

ᠬᠡᠦᠬᠡᠳ ᠲᠣ᠌ ᠪᠢᠳᠡ ᠪᠥᠮᠪᠥᠷᠴᠡᠭ ᠢ᠋ᠶ᠋ᠡᠨ ᠦᠭᠬᠦᠶ᠎ᠡ  – ᠷᠢ᠊ ᠂ ᠰᠡᠴᠡᠨᠴᠣᠭᠲᠤ  Хүүхдэд бид бөмбөрцгөө өгье – Ри ᠊ Цэцэнцогт

2023-03-11

472

ᠬᠡᠦᠬᠡᠳ ᠲᠣ᠌ ᠪᠢᠳᠡ ᠪᠥᠮᠪᠥᠷᠴᠡᠭ ᠢ᠋ᠶ᠋ᠡᠨ ᠦᠭᠬᠦᠶ᠎ᠡ


              ᠷᠢ᠊ ᠂ ᠰᠡᠴᠡᠨᠴᠣᠭᠲᠤ 

ᠪᠥᠮᠪᠥᠷᠴᠡᠭ ᠢ᠋ᠶ᠋ᠡᠨ ᠪᠢᠳᠡ ᠬᠡᠦᠬᠡᠳ ᠲᠣ᠌ ᠦᠭᠬᠦᠶ᠎ᠡ 
ᠪᠦᠲᠦᠨ ᠦᠯᠢᠬᠡᠷ ᠢ᠋ᠶ᠋ᠡᠷ ᠨᠢ ᠭᠠᠷᠳᠠᠭᠤᠯᠵᠤ ᠦᠭᠬᠦᠶ᠎ᠡ 
ᠪᠦᠲᠦᠭᠡᠭᠰᠡᠨ ᠢ᠋ᠶ᠋ᠡᠨ ᠳᠡᠭᠡᠷ᠎ᠡ ᠨᠢ ᠨᠡᠮᠡᠵᠦ ᠦᠭᠬᠦᠶ᠎ᠡ 
ᠪᠦᠷᠬᠦᠭ ᠮᠠᠨᠠᠨ ᠦᠭᠡᠢ ᠳᠤᠩᠭᠠᠯᠠᠭ ᠦᠭᠬᠦᠶ᠎ᠡ 
ᠪᠢᠳᠡ ᠪᠥᠮᠪᠥᠷᠴᠡᠭ ᠢ᠋ᠶ᠋ᠡᠨ ᠬᠡᠦᠬᠡᠳ ᠲᠣ᠌ ᠦᠭᠬᠦᠶ᠎ᠡ 
ᠪᠢᠳᠤᠷᠢᠶᠡᠨ ᠴᠡᠩᠬᠡᠷ ᠢ᠋ᠶ᠋ᠡᠷ ᠨᠢ ᠲᠡᠪᠡᠷᠢᠭᠦᠯᠵᠦ ᠦᠭᠬᠦᠶ᠎ᠡ 
ᠪᠢᠯᠳᠠᠤᠴᠢ ᠶ᠋ᠢᠨ ᠵᠢᠰᠦ ᠦᠭᠡᠢ ᠴᠠᠭᠠᠨ ᠦᠭᠬᠦᠶ᠎ᠡ 
ᠪᠢᠯᠳᠠᠭᠰᠠᠨ ᠴᠢᠰᠤ ᠦᠭᠡᠢ ᠠᠷᠢᠭᠤᠨ ᠦᠭᠬᠦᠶ᠎ᠡ 
ᠪᠢᠳᠡ ᠪᠥᠮᠪᠥᠷᠴᠡᠭ ᠢ᠋ᠶ᠋ᠡᠨ ᠬᠡᠦᠬᠡᠳ ᠲᠣ᠌ ᠦᠭᠬᠦᠶ᠎ᠡ 
ᠥᠭᠭᠢᠶᠡᠮᠦᠷ ᠶᠡᠬᠡ ᠪᠡᠶᠡᠨ ᠢ᠋ᠶ᠋ᠡᠷ ᠨᠢ ᠦᠭᠬᠦᠶ᠎ᠡ 
ᠥᠩᠭᠡᠲᠦ ᠨᠣᠭᠣᠭᠠᠨ ᠡᠬᠡ ᠪᠠᠷ ᠨᠢ ᠦᠭᠬᠦᠶ᠎ᠡ 
ᠥᠮᠴᠢᠯᠡᠬᠦ ᠭᠠᠭᠴᠠ ᠡᠷᠬᠡ ᠲᠠᠢ ᠨᠢ ᠦᠭᠬᠦᠶ᠎ᠡ 
ᠬᠦᠳᠡᠯᠮᠦᠷᠢ ᠵᠢᠷᠭᠠᠯ ᠤ᠋ᠨ ᠲᠤᠤᠯᠢᠰ ᠲᠠᠢ ᠦᠭᠬᠦᠶ᠎ᠡ 
ᠬᠦᠰᠡᠯ ᠡᠷᠡᠮᠡᠯᠵᠡᠯ ᠢ᠋ᠶ᠋ᠡᠨ ᠨᠠᠢᠳᠠᠵᠤ ᠦᠭᠬᠦᠶ᠎ᠡ 
ᠬᠥᠨᠥᠭᠡᠯᠳᠦ ᠳᠠᠢᠨ ᠊ᠣ ᠰᠡᠭᠦᠳᠡᠷ ᠦᠭᠡᠢ ᠦᠭᠬᠦᠶ᠎ᠡ 
ᠬᠥᠮᠥᠯᠢᠭ ᠶᠣᠰᠣᠨ ᠊ᠣ ᠨᠠᠷᠠ ᠲᠠᠢ ᠦᠭᠬᠦᠶ᠎ᠡ 
ᠬᠡᠦᠬᠡᠳ ᠲᠣ᠌ ᠪᠢᠳᠡ ᠪᠥᠮᠪᠥᠷᠴᠡᠭ ᠢ᠋ᠶ᠋ᠡᠨ ᠦᠭᠬᠦᠶ᠎ᠡ ᠃