ᠳᠡᠯᠭᠡᠷ ᠦᠨ ᠴᠢᠪᠠᠭᠠᠨᠴᠠ – ᠳ · ᠪᠠᠲᠤᠪᠠᠶᠠᠷ Дэлгэрийн чавганц – Д ᠂ Батбаяр ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠯᠭᠡᠷ ᠦᠨ ᠴᠢᠪᠠᠭᠠᠨᠴᠠ – ᠳ · ᠪᠠᠲᠤᠪᠠᠶᠠᠷ Дэлгэрийн чавганц – Д ᠂ Батбаяр

ᠳᠡᠯᠭᠡᠷ ᠦᠨ ᠴᠢᠪᠠᠭᠠᠨᠴᠠ – ᠳ · ᠪᠠᠲᠤᠪᠠᠶᠠᠷ Дэлгэрийн чавганц – Д ᠂ Батбаяр

2023-03-11

491

ᠳᠡᠯᠭᠡᠷ ᠦᠨ ᠴᠢᠪᠠᠭᠠᠨᠴᠠ



                          [ ᠮᠣᠩᠭᠣᠯ ] ᠳ · ᠪᠠᠲᠤᠪᠠᠶᠠᠷ

    ᠳᠡᠯᠭᠡᠷ ᠭᠡᠵᠦ ᠰᠠᠯᠬᠢ ᠲᠣᠭᠲᠠᠬᠤ ᠭᠠᠵᠠᠷ ᠦᠭᠡᠢ ᠨᠢᠭᠡᠨ ᠬᠥᠨᠲᠡᠢ ᠃ ᠡᠯ᠎ᠡ ᠬᠥᠨᠲᠡᠢ ᠶ᠋ᠢ ᠴᠢᠩᠬ᠋᠎ᠠ ᠭᠣᠣᠯᠯᠠᠵᠤ ᠬᠠᠷᠠᠭᠲᠠᠬᠤ ᠰᠠᠭᠤᠷᠢᠨ ᠊ᠢ ᠳᠡᠯᠭᠡᠷ ᠦ᠋ᠨ ᠰᠠᠭᠤᠷᠢᠨ  ᠭᠡᠳᠡᠭ ᠃ ᠨᠢᠭᠡ ᠨᠢᠭᠡ ᠶ᠋ᠢᠨ ᠶ᠋ᠢᠡᠨ ᠨᠥᠮᠥᠷᠢ  ᠳᠤ ᠬᠣᠷᠭᠣᠲᠠᠭᠰᠠᠨ ᠶᠤᠮ  ᠰᠢᠭ᠋ ᠶ᠋ᠢᠡᠨ ᠣᠶ᠋ᠢᠷᠠᠬᠠᠨ ᠬᠡᠲᠦᠨ ᠰᠢᠪᠠᠷ ᠪᠠᠶ᠋ᠢᠰᠢᠩ ᠦ᠋ᠨ ᠨᠥᠮᠥᠷᠢ ᠨᠥᠭᠡᠯᠭᠡ ᠪᠡᠷ ᠭᠠᠭᠴᠠ ᠨᠢᠭᠡ ᠪᠡᠷ ᠶ᠋ᠢᠡᠨ ᠪᠠᠭᠤᠭᠰᠠᠨ ᠲᠣᠭᠠᠲᠠᠢ ᠬᠡᠲᠦᠨ ᠭᠡᠷ ᠃ ᠮᠡᠲᠡᠭᠡᠵᠢ ᠣᠷᠣᠨ ᠰᠠᠭᠤᠷᠢ ᠶ᠋ᠢᠨ ᠣᠩᠭᠣᠳ ᠶᠠᠭᠤᠮ᠎ᠠ ᠬᠣᠶ᠋ᠢᠨ᠎ᠠ ᠬᠥᠮᠦᠨ ᠪᠦᠭᠦᠲᠡ ᠤᠷᠤᠭᠤ ᠬᠤᠴᠠᠵᠤ ᠳᠠᠪᠬᠢᠳᠠᠭ ᠠᠷᠪᠠᠭᠠᠳ ᠵᠤᠯᠪᠢᠩ ᠨᠣᠬᠠᠰ ᠪᠤᠢ ᠃ ᠡᠨᠡ ᠨᠣᠬᠠᠰ ᠊ᠢ ᠵᠠᠷᠢᠮ  ᠳᠤ ᠪᠠᠨ ᠵᠠᠩᠲᠤᠷᠴᠤ ᠠᠮᠢᠬᠠᠨ ᠵᠠᠭᠤᠷ᠎ᠠ ᠪᠠᠨ ᠬᠠᠷᠢᠶᠠᠵᠤ ᠂ ᠵᠠᠷᠢᠮ  ᠳᠤ ᠪᠠᠨ ᠶᠠᠰᠤ ᠬᠠᠶᠠᠵᠤ  ᠥᠭᠴᠦ ᠶᠠᠪᠤᠲᠠᠭ ᠬᠥᠮᠦᠨ ᠪᠣᠯ ᠳᠡᠯᠭᠡᠷ ᠦ᠋ᠨ ᠴᠢᠪᠠᠭᠠᠨᠴᠠ ᠬᠡᠮᠡᠨ  ᠨᠡᠷᠡᠯᠡᠭᠳᠡᠴᠢᠭᠡᠭᠰᠡᠨ ᠭᠠᠭᠴᠠ ᠪᠡᠶ᠎ᠡ ᠡᠮᠡᠭᠡᠨ ᠂ ᠡᠲᠡᠨ ᠪ ᠬᠢ ᠭᠡᠵᠦ ᠬᠠᠮᠤᠭ ᠦ᠋ᠨ ᠵᠡᠭᠦᠨ ᠵᠠᠬ᠎ᠠ ᠶ᠋ᠢᠨ ᠪᠠᠶ᠋ᠢᠰᠢᠩ ᠦ᠋ᠨ ᠡᠮᠦᠨ᠎ᠡ ᠨᠢᠭᠡᠨ ᠬᠠᠷ᠎ᠠ ᠭᠡᠷ ᠪᠤᠢ ᠃ ᠬᠡᠲᠦᠢ  ᠳᠤ ᠴᠤ᠌  ᠪᠠᠭᠤᠭᠰᠠᠨ ᠶᠤᠮ ᠪᠢᠯᠡ ᠃ ᠯᠠᠪ ᠯᠠ ᠪᠠᠭᠤᠭᠰᠠᠨ ᠠ᠋ᠴᠠ ᠬᠣᠶ᠋ᠢᠰᠢ ᠵᠥᠭᠡᠭᠡᠵᠦ ᠪᠠᠭᠤᠵᠤ ᠪᠠᠶ᠋ᠢᠬᠤ ᠶ᠋ᠢ ᠨᠢ ᠬᠡᠨ  ᠴᠤ᠌ ᠬᠠᠷᠠᠬ᠋᠎ᠠ ᠦᠭᠡᠢ ᠭᠡᠯᠴᠡᠨ᠎ᠡ ᠃ ᠭᠡᠷ ᠳᠣᠲᠣᠷ᠎ᠠ ᠪᠠᠨ ᠪᠠᠷᠠᠭᠤᠨ ᠬᠠᠶᠠᠭᠠᠨ ᠠ᠋ᠴᠠ ᠬᠣᠶ᠋ᠢᠮᠣᠷ ᠦ᠋ᠨ ᠶ᠋ᠢᠠᠨ ᠠᠪᠲᠠᠷ᠎ᠠ ᠶ᠋ᠢ ᠬᠦᠷᠲᠡᠯ᠎ᠡ ᠨᠥᠬᠥᠭᠡᠰᠦ ᠲᠡᠢ ᠲᠠᠮᠫᠤᠤ ᠬᠠᠭᠤᠴᠢᠨ ᠳᠡᠪᠡᠯ ᠦ᠋ᠨ ᠬᠠᠭᠤᠯᠬ᠋᠎ᠠ ᠪᠠᠷ  ᠬᠢᠭᠰᠡᠨ ᠤᠭᠤᠲᠠ ᠰᠠᠪᠠ ᠠᠷᠭᠠᠯ ᠵᠢᠯ ᠦ᠋ᠨ ᠵᠢᠯ  ᠳᠤ ᠯᠠ ᠬᠤᠷᠢᠶᠠᠯᠲᠠ ᠲᠠᠢ ᠬᠠᠷᠠᠭᠲᠠᠨ᠎ᠠ ᠃
    ᠬᠡᠨ ᠪ ᠬᠢᠨ ᠪ ᠤᠲᠤᠮ ᠦ᠋ᠨ ᠬᠡᠨ  ᠭᠡᠭᠴᠢ ᠶ᠋ᠢᠨ ᠦᠷ᠎ᠡ ᠰᠠᠲᠤ  ᠭᠡᠭᠴᠢ ᠶ᠋ᠢ ᠮᠡᠲᠡᠬᠦ ᠬᠥᠮᠦᠨ ᠪᠠᠶ᠋ᠢᠲᠤᠭᠠᠢ ᠵᠢᠩᠬᠢᠨᠢ ᠨᠡᠷ᠎ᠡ ᠶ᠋ᠢ  ᠨᠢ  ᠴᠤ᠌ ᠮᠡᠲᠡᠬᠦ ᠬᠥᠮᠦᠨ ᠡᠨᠡ ᠬᠠᠪᠢ ᠶ᠋ᠢᠨ ᠬᠢᠨ  ᠳᠤ ᠦᠭᠡᠢ ᠃ ᠴᠦᠮ ᠯᠡ ᠳᠡᠯᠭᠡᠷ ᠦ᠋ᠨ ᠴᠢᠪᠠᠭᠠᠨᠴᠠ ᠭᠡᠨ᠎ᠡ ᠃ ᠲᠡᠷᠡ  ᠴᠤ᠌ ᠪᠤᠤ ᠬᠡᠯᠡ ᠂ ᠠᠶ᠋ᠢᠯ ᠬᠤᠨᠠᠷ ᠠ᠋ᠴᠠ ᠣᠯᠤᠭᠰᠠᠨ ᠰᠢᠬᠢᠷ ᠵᠢᠮᠢᠰ ᠶ᠋ᠢᠡᠨ ᠭᠠᠭᠴᠠᠭᠠᠷ  ᠢᠳᠡᠴᠢᠭᠡᠭᠰᠡᠨ ᠬᠡᠦᠬᠡᠳ ᠊ᠢ  《 ᠳᠡᠯᠭᠡᠷ ‍ᠤᠨ ᠴᠢᠪᠠᠭᠠᠨᠴᠠ ᠰᠢᠭ᠋ ᠭᠠᠭᠴᠠᠭᠠᠷ ᠵᠠᠶᠠᠬ᠋᠎ᠠ ᠲᠠᠢ ᠠᠮᠢᠲᠠᠨ ᠰᠢᠦ 》 ᠬᠡᠮᠡᠨ ᠵᠠᠩᠨᠠᠵᠤ ᠂ ᠲᠡᠭᠦᠨ ᠡᠴᠡ ᠪᠡᠨ ᠡᠭᠦᠲᠦᠨ ᠄
 — ᠬᠥᠭᠡᠷᠦᠬᠦᠢ ᠳ᠋ᠡ ᠂ ᠬᠡᠨ  ᠴᠤ᠌ ᠢᠯᠭᠠᠬ᠋᠎ᠠ ᠶᠠᠭᠤ ᠪᠠᠶ᠋ᠢᠬᠤ ᠪᠤᠢ ᠃ ᠳᠡᠯᠭᠡᠷ ᠣᠷᠣᠪᠠᠯ ᠴᠠᠢ ᠶ᠋ᠢᠨ ᠰᠦ᠋  ᠥᠭᠬᠦ ᠶᠤᠮᠰᠠᠨ ᠃
 — ᠶᠠᠭᠠᠬᠢᠬᠤ ᠶᠤᠮ ᠂ ᠵᠣᠯᠢᠬ ᠃ ᠲᠡᠭᠡᠵᠦ ᠪᠠᠶ᠋ᠢᠭᠠᠳ ᠲᠡᠷᠡ ᠴᠢᠨᠢ ᠶᠡᠬᠡ  ᠴᠢᠮᠡᠭ ᠃  ᠰᠢᠷ᠎ᠠ ᠪᠤᠲᠠᠬ᠋᠎ᠠ  ᠢᠳᠡᠳᠡᠭ ᠦᠭᠡᠢ ᠶᠤᠮ ᠴᠢᠨᠢ ᠭᠡᠬᠦ ᠴᠢᠨᠢ ᠶᠠᠭᠤ ᠪᠢᠯᠡ ᠃
 — ᠵᠣᠬᠢᠲᠠᠭ ᠦᠭᠡᠢ ᠪᠣᠯ ᠪᠠᠰᠠ ᠬᠢᠷᠢ ᠰᠢᠦ ᠳ᠋ᠠ ᠃
 — ᠶᠠᠮᠠᠷ ᠶᠠᠭᠤᠮ᠎ᠠ  ᠳᠤ ᠪᠠᠨ ᠵᠣᠬᠢᠬᠤ ᠦᠭᠡᠢ ᠪᠠᠶ᠋ᠢᠬᠤ ᠪᠤᠢ ᠃ ᠠᠮᠢᠨ  ᠳᠤ ᠪᠠᠨ ᠴᠢᠮᠠᠷᠬᠠᠵᠤ ᠯᠠ ᠪᠠᠶ᠋ᠢᠬᠤ ᠦᠭᠡᠢ ‍ᠦᠦ ᠂ ᠮᠠᠭᠤ ᠮᠥᠷᠲᠡᠯ᠎ᠡ ᠪᠡᠨ ᠶᠡᠬᠡ ᠶᠠᠩᠵᠤ ᠶ᠋ᠢᠨ ᠴᠢᠪᠠᠭᠠᠨᠴᠠ ᠡ ᠃ ᠳᠡᠯᠭᠡᠷ ᠪᠠᠬ᠋᠎ᠠ ᠰᠤᠷᠭᠠᠭᠤᠯᠢ ᠪᠠᠶ᠋ᠢᠭᠤᠯᠬᠤ ᠭᠡᠰᠡᠨ ᠊ᠢ ᠳᠤᠭᠤᠯᠴᠢᠬᠠᠭᠠᠳ ᠶᠡᠬᠡ ᠳᠤᠷ᠎ᠠ ᠦᠭᠡᠶ᠋ᠢᠴᠡᠵᠦ ᠪᠠᠶ᠋ᠢᠨ᠎ᠠ ᠭᠡᠨ᠎ᠡ ᠡ ᠃
 — ᠲᠡᠭᠦᠨ  ᠳᠤ ᠶᠠᠮᠠᠷ ᠬᠠᠮᠢᠶ᠎ᠠ ᠪᠠᠶ᠋ᠢᠨ᠎ᠠ ᠃
 — ᠬᠠᠮᠢᠶ᠎ᠠ ᠪᠠᠶ᠋ᠢᠯᠭᠦᠢ ᠶᠠᠭᠠᠬᠢᠬᠤᠪ ᠃ ᠠᠶ᠋ᠢᠯ ᠬᠤᠨᠠᠷ ᠪᠠᠭᠤᠭᠠᠳ ᠂ ᠬᠥᠮᠦᠨ ᠠᠮᠢᠲᠠᠨ ᠣᠯᠠᠰᠢᠷᠠᠭᠠᠳ ᠢᠷᠡᠬᠦ ᠪᠡᠷ ᠶ᠋ᠢᠡᠨ ᠣᠶ᠋ᠢᠷ᠎ᠠ ᠬᠠᠪᠢ ᠶ᠋ᠢᠨ ᠠᠷᠭᠠᠯ ᠊ᠢ ᠲᠡᠭᠦᠴᠢᠬᠡᠨ᠎ᠡ ᠭᠡᠵᠦ ᠮᠠᠭᠤ ᠰᠠᠨᠠᠭᠠᠯᠠᠵᠤ ᠪᠠᠶ᠋ᠢᠬᠤ ᠦᠭᠡᠢ ‍ᠦᠦ ᠃
 — ᠬᠥᠮᠦᠨ ᠪ ᠰᠢᠨᠤᠯ  ᠭᠡᠳᠡᠭ ᠨᠢᠭᠡ ᠠᠰᠠᠴᠢᠬᠤ ᠪᠠᠷ ᠶ᠋ᠢᠠᠨ ᠡᠪᠡᠰᠦᠨ ᠪ ᠲᠦᠢᠮᠡᠷ ᠯᠡ ᠭᠡᠰᠡᠨ ᠦᠭᠡ ᠃ ᠨᠠᠰᠤ ᠪᠠᠷ ᠶ᠋ᠢᠠᠨ ᠥᠷᠲᠡᠭᠡᠳ ᠪᠠᠷᠠᠬᠤ ᠦᠭᠡᠢ ᠠᠷᠭᠠᠯ ᠲᠠᠢ ᠪᠠᠶ᠋ᠢᠵᠤ ᠠᠷᠭᠠᠯ ᠭᠤᠶᠤᠬᠤ ᠪᠠᠷ ᠵᠢᠭᠡᠯᠡᠭᠦᠯᠦᠨ᠎ᠡ  ᠭᠡᠳᠡᠭ ᠭᠡᠨ᠎ᠡ ᠃
 — ᠲᠡᠷᠡ  ᠴᠤ᠌ ᠬᠠᠷᠢᠨ  ᠲᠡᠭᠡᠳᠡᠭ ᠶᠤᠮ ᠃ ᠠᠷᠭᠠᠯ ᠳᠡᠭᠡᠷ᠎ᠡ ᠪᠡᠨ ᠴᠤ᠌ ᠬᠠᠷᠠᠮ ᠪᠠᠶ᠋ᠢᠬ᠋᠎ᠠ ᠃
 — ᠬᠠᠷᠠᠮ ᠶ᠋ᠢᠠᠷ ᠪᠠᠷᠠᠬᠤ ‍ᠤᠤ ᠂ ᠲᠡᠭᠡᠭᠡᠳ ᠰᠢᠨᠤᠯ ᠲᠠᠢ ᠶ᠋ᠢ ᠨᠢ ᠶᠠᠭᠠᠬᠢᠨ᠎ᠠ ᠭᠡ ᠃ ᠡᠲᠦᠷ ᠥᠨᠵᠢᠨ᠎ᠡ ᠭᠡᠵᠦ ᠪᠠᠶ᠋ᠢᠬᠤ ᠦᠭᠡᠢ ᠰᠢᠦ ᠃ ᠲᠣᠪᠲᠤ ᠠᠷᠭᠠᠯ ᠲᠡᠭᠦᠵᠦ ᠪᠠᠶ᠋ᠢᠲᠠᠭ ᠶᠤᠮ ᠪᠢᠯᠡ ᠃
 — ᠠᠷᠭᠠᠯ ᠦ᠋ᠨ ᠬᠢᠨᠢ ᠰᠠᠶ᠋ᠢᠬᠠᠨ ᠊ᠢ ᠶᠠᠭᠠᠬᠢᠨ᠎ᠠ ᠭᠡ ᠃ ᠪᠠᠷᠤᠭ ᠲᠦᠯᠡᠬᠦ  ᠳᠤ ᠬᠠᠶ᠋ᠢᠷᠠᠨ ᠭᠡᠮᠡᠷ ᠬᠥᠬᠡ ᠠᠷᠭᠠᠯ ᠪᠠᠶ᠋ᠢᠲᠠᠭ ᠶᠤᠮ ᠃
 — ᠬᠥᠮᠦᠨ  ᠳᠤ ᠬᠣᠷᠮᠣᠶ᠋ᠢᠲᠠᠨ ᠠᠷᠭᠠᠯ  ᠥᠭᠴᠢᠭᠡᠭᠡᠳ 《  ᠶᠠᠭᠠᠬᠢᠬᠰᠠᠨ ᠵᠢᠭᠠᠬᠠᠨ  ᠥᠭᠬᠦ ᠶᠤᠮ 》 ᠭᠡᠬᠦ ᠪᠡᠷ 《  ᠮᠢᠨᠦ ᠭᠠᠭᠴᠠ ᠭᠠᠭᠴᠠᠭᠠᠷ ᠨᠢ  ᠲᠡᠭᠦᠭᠰᠡᠨ ᠶᠠᠭᠤᠮ᠎ᠠ ᠶ᠋ᠢ ᠴᠢ ᠪᠥᠭᠡᠮ ᠶ᠋ᠢᠡᠷ ᠨᠢ ᠠᠪᠬᠤ ᠭᠡᠬᠦ ᠴᠢᠨᠢ ᠶᠠᠭᠤ ᠶᠤᠮ 》 ᠭᠡᠵᠦ ᠵᠠᠩᠨᠠᠭᠠᠳ ᠢᠯᠡᠭᠦᠦ ᠥᠭᠳᠡᠭ ᠦᠭᠡᠢ ᠶᠤᠮ ᠭᠡᠨ᠎ᠡ ᠡ ᠃
 —  ᠥᠭᠬᠦ ᠬᠥᠮᠦᠨ  ᠳᠤ ᠪᠡᠨ  ᠲᠡᠭᠡᠳᠡᠭ ᠶᠤᠮ ᠭᠡᠰᠡᠨ ᠃  ᠥᠭᠬᠦ ᠦᠭᠡᠢ ᠬᠥᠮᠦᠨ  ᠳᠤ ᠪᠡᠨ ᠪᠣᠯ  ᠴᠤ᠌《  ᠬᠥᠮᠦᠨ ᠪᠦᠯᠢ ᠣᠯᠠᠨ ᠲᠠᠢ ᠠᠶ᠋ᠢᠯ ᠲᠠᠨ ᠪ ᠬᠢ ᠂ ᠲᠦᠯᠡᠬᠦ ᠠᠷᠭᠠᠯ ᠶ᠋ᠢᠠᠨ ᠲᠡᠭᠦᠬᠦ  ᠳᠤ ᠶᠠᠭᠠᠬᠢᠲᠠᠭ ᠶᠤᠮ 》 ᠭᠡᠳ  ᠥᠭᠳᠡᠭ ᠦᠭᠡᠢ ᠶᠤᠮ ᠃ ᠵᠠ ᠲᠡᠭᠡᠭᠡᠳ ᠲᠩᠷᠢ ᠶ᠋ᠢᠨ ᠰᠠᠶ᠋ᠢᠬᠠᠨ  ᠳᠤ ᠪᠣᠯ ᠴᠤ᠌ ᠬᠡᠨ ᠭᠤᠸᠠᠢ ᠶ᠋ᠢ  ᠴᠤ᠌ ᠬᠣᠷᠮᠣᠢ ᠬᠣᠭᠣᠰᠣᠨ ᠪᠤᠴᠠᠭᠠᠬᠤ ᠦᠭᠡᠢ ᠪᠠᠶ᠋ᠢᠬ᠎ᠠ ᠃
 — ᠬᠠᠯᠲᠠᠷ ᠦ᠋ᠨ ᠬᠢᠨ ᠯᠠ ᠳᠤᠷ᠎ᠠ ᠪᠠᠷ ᠠᠪᠲᠠᠭ ᠪᠠᠶ᠋ᠢᠬᠤ ᠳ᠋ᠠ ᠃
 — ᠲᠡᠭᠡᠯ ᠦᠭᠡᠢ ᠶᠠᠭᠠᠬᠢᠬᠤᠪ ᠃ ᠬᠠᠯᠲᠠᠷ ᠯᠠ ᠡᠨᠡ ᠴᠢᠪᠠᠭᠠᠨᠴᠠ ᠶ᠋ᠢ ᠲᠡᠵᠢᠭᠡᠵᠦ ᠪᠠᠶ᠋ᠢᠬ᠋᠎ᠠ ᠶᠤᠮ ᠴᠢᠨᠢ ᠃
 — ᠠᠬ᠎ᠠ ᠳᠡᠭᠦᠦ ᠶᠤᠮ ‍ᠦᠦ ?
 — ᠦᠭᠡᠢ ᠡ ᠂ ᠦᠭᠡᠢ ᠃ ᠶᠠᠮᠠᠷ ᠶᠠᠭᠤᠮ᠎ᠠ ᠠᠬ᠎ᠠ ᠳᠡᠭᠦᠦ ᠪᠠᠶ᠋ᠢᠬᠤ ᠪᠤᠢ ᠃
 — ᠦᠭᠡᠢ ᠲᠡᠭᠡᠭᠡᠳ ᠮᠥᠨ ᠪᠡᠶ᠎ᠡ ᠰᠠᠶ᠋ᠢᠲᠠᠢ ᠴᠢᠪᠠᠭᠠᠨᠴᠠ ᠰᠢᠦ ᠂ ᠬᠠᠮᠢᠬ᠋᠎ᠠ ᠪᠠᠶ᠋ᠢᠬ᠋᠎ᠠ ᠬᠥᠬᠡ ᠦᠨᠲᠦᠷ ᠦ᠋ᠨ ᠠᠷᠤ  ᠳᠤ ᠯᠠ ᠠᠷᠤᠭ ᠡᠭᠦᠷᠴᠢᠭᠡᠭᠰᠡᠨ ᠶᠠᠪᠤᠵᠤ ᠪᠠᠶ᠋ᠢᠲᠠᠭ ᠶᠤᠮ ᠰᠢᠦ ᠳ᠋ᠠ ᠃
 — ᠰᠢᠨᠤᠭ ᠨᠢ ᠯᠡ ᠲᠡᠷᠡ ᠵᠡᠷᠭᠡ ᠲᠡᠢ ᠁ ᠪᠠᠶ᠋ᠢᠬᠤ ᠦᠭᠡᠢ ‍ᠦᠦ ᠃ ᠬᠣᠶ᠋ᠢᠲᠤ ᠶ᠋ᠢᠨ ᠲᠠᠯ᠎ᠠ ᠶ᠋ᠢᠨ ᠬᠢᠨᠢ ᠬᠣᠶᠠᠷ ᠰᠢᠪᠠᠷ ᠪᠠᠶ᠋ᠢᠰᠢᠩ ᠦ᠋ᠨ ᠪᠠᠷᠠᠭᠤᠨ ᠲᠠᠯ᠎ᠠ ᠶ᠋ᠢᠨ ᠬᠢᠨᠢ ᠲᠡᠷᠡ ᠴᠢᠪᠠᠭᠠᠨᠴᠠ ᠶ᠋ᠢᠨ ᠬᠢ ᠭᠡᠵᠦ ᠪᠠᠶ᠋ᠢᠬ᠋᠎ᠠ ᠰᠢᠦ ᠃ ᠦᠷᠭᠦᠯᠵᠢ ᠴᠣᠣᠵᠢ ᠲᠠᠢ ᠪᠠᠶ᠋ᠢᠲᠠᠭ ᠃ ᠠᠶᠠᠭᠦᠢ ᠪᠣᠯ ᠲᠡᠷᠡ ᠳᠣᠲᠣᠷ᠎ᠠ ᠠ᠋ᠴᠠ ᠪᠦᠷᠢᠨ  ᠬᠡᠷᠡᠭᠰᠡᠯ ᠲᠡᠢ ᠲᠠᠪᠤᠨ ᠬᠠᠨ᠎ᠠ ᠲᠠᠢ ᠭᠡᠷ ᠭᠠᠷᠬᠤ ᠪᠤᠢ ᠃
      ᠠᠷᠠᠢ ᠴᠤ᠌ ᠳ᠋ᠠ ᠬᠥᠭᠡᠷᠦᠬᠦᠢ ᠃
 — ᠵᠠ ᠲᠠ ᠨᠠᠷ ᠬᠠᠷᠠᠵᠤ ᠯᠠ ᠪᠠᠶ᠋ᠢᠭᠠᠷᠠᠢ ᠃ ᠲᠡᠷᠡ ᠬᠠᠪᠢ ᠶ᠋ᠢᠨ ᠬᠢᠨ ᠲᠡᠭᠡᠵᠦ ᠶᠠᠷᠢᠲᠠᠭ ᠶᠤᠮ ᠃ ᠣᠷᠣ ᠲᠠᠢ ᠯᠠ ᠪᠠᠶ᠋ᠢᠵᠤ ᠁ ᠭᠡᠬᠦᠴᠢᠯᠡᠨ ᠨᠢᠭᠡ  ᠭᠡᠰᠡᠭ ᠯᠡ ᠲᠡᠷᠡ ᠴᠢᠪᠠᠭᠠᠨᠴᠠ ᠶ᠋ᠢᠨ ᠲᠤᠬᠠᠢ ᠶᠠᠷᠢᠶ᠎ᠠ ᠪᠣᠯᠣᠭᠰᠠᠨ ᠶ᠋ᠢᠠᠨ ᠲᠥᠲᠡᠬᠡᠨ ᠵᠠᠮᠬᠠᠷᠠᠵᠤ ᠪᠠᠶ᠋ᠢᠬ᠋᠎ᠠ ᠦᠭᠡ ᠶ᠋ᠢ ᠦᠭᠡᠶ᠋ᠢᠯᠡᠬᠦ  ᠴᠤ᠌ ᠦᠭᠡᠢ ᠨᠢᠭᠡ ᠭᠡᠰᠡᠭ ᠲᠡᠭᠡᠨ ᠲᠠᠭ ᠴᠢᠭ᠌ ᠪᠣᠯᠤᠨ᠎ᠠ ᠃ ᠬᠠᠷᠢᠨ ᠬᠣᠲᠠ ᠬᠦᠷᠢᠶᠡᠨ ᠡᠴᠡ ᠠᠬ᠎ᠠ ᠳᠡᠭᠦᠦ ᠂ ᠲᠥᠷᠥᠯ ᠰᠠᠲᠤᠨ  ᠳᠤ ᠪᠡᠨ ᠵᠣᠯᠭᠠᠬᠤ ᠪᠠᠷ  ᠢᠷᠡᠭᠰᠡᠨ ᠤᠯᠤᠰ ᠬᠣᠶᠠᠷ ᠭᠤᠷᠪᠠ ᠬᠣᠨᠣᠭᠰᠠᠨ ᠪ ᠪᠠᠨ ᠳᠠᠷᠠᠬ᠋᠎ᠠ 《  ᠦᠭᠡᠢ ᠂ ᠥᠨᠥ ᠳᠡᠯᠭᠡᠷ ᠦ᠋ᠨ ᠴᠢᠪᠠᠭᠠᠨᠴᠠ ᠠᠮᠢᠲᠤ ‍ᠤᠤ 》 ᠬᠡᠮᠡᠨ ᠠᠰᠠᠭᠤᠵᠤ 《  ᠠᠮᠢᠲᠤ ᠪᠠᠷ ᠪᠠᠷᠠᠬᠤ ‍ᠤᠤ ᠂ ᠤᠷᠵᠢᠲᠤᠷᠬᠠᠨ ᠠᠷᠭᠠᠯ ᠶ᠋ᠢᠠᠨ ᠲᠡᠭᠦᠭᠡᠳ ᠯᠡ ᠶᠠᠪᠤᠵᠤ ᠪᠠᠶ᠋ᠢᠬ᠋᠎ᠠ ᠬᠠᠷᠠᠭᠲᠠᠨ᠎ᠠ ᠪᠢᠯᠡ 》 ᠭᠡᠬᠦ ᠪᠡᠷ ᠭᠠᠶ᠋ᠢᠬᠠᠨ ᠲᠡᠭᠦᠨ ᠪ ᠲᠤᠬᠠᠢ ᠡᠯᠲᠡᠪ ᠊ᠢ ᠰᠣᠨᠢᠷᠬᠠᠨ ᠶᠠᠷᠢᠶ᠎ᠠ ᠥᠲᠥᠭᠡᠨ 《  ᠴᠠᠭᠠᠨ᠎ᠠ ᠪᠠᠨ ᠶᠡᠬᠡ ᠶᠠᠭᠤᠮ᠎ᠠ ᠲᠠᠢ ᠴᠢᠪᠠᠭᠠᠨᠴᠠ ᠭᠡᠨ᠎ᠡ ᠡ 》 ᠭᠡᠰᠡᠨ ᠶᠠᠷᠢᠶᠠᠨ  ᠳᠤ ᠲᠤᠯᠤᠭᠠᠳ ᠵᠣᠭᠰᠣᠲᠠᠭ ᠪᠠᠶ᠋ᠢᠯ᠎ᠠ᠃
       ᠡᠶ᠋ᠢᠮᠦᠷᠬᠦᠦ ᠶᠠᠩᠵᠤ ᠪᠠᠷ ᠣᠨ ᠵᠢᠯ ᠦ᠋ᠨ ᠪᠣᠱᠣᠬ᠋᠎ᠠ ᠡᠯᠡᠭᠡᠵᠡᠭᠡᠵᠤ ᠪᠠᠶ᠋ᠢᠲᠠᠯ᠎ᠠ ᠨᠢᠭᠡᠨ ᠡᠲᠦᠷ ᠄
 — ᠨᠥᠭᠦᠭᠡ ᠮᠠᠭᠤ ᠳᠡᠯᠭᠡᠷ ᠦ᠋ᠨ ᠴᠢᠪᠠᠭᠠᠨᠴᠠ ᠦᠬᠦᠭᠰᠡᠨ ᠭᠡᠨ᠎ᠡ !
 — ᠶᠠᠭᠤ ? ᠮᠠᠭᠤ ᠳᠠᠷᠢᠰᠦ᠋ᠷᠦᠩ ᠭᠤᠸᠠᠢ ‍ ᠨᠢ  ‍ᠤᠤ ᠳ᠋ᠠ ? ᠬᠥᠭᠡᠷᠦᠬᠦᠢ ᠵᠠᠶ᠋ᠢᠯᠠᠭᠤᠯ ! ᠶᠠᠭᠠᠬᠢᠭᠠᠳ ᠲᠡᠷᠡ ᠴᠢᠨᠢ ᠭᠡᠪ ᠭᠡᠨᠡᠤᠠᠲᠡᠬᠡᠨ ᠁
 — ᠨᠠᠰᠤ ᠨᠢ ᠯᠠ ᠪᠣᠯᠣᠭᠰᠠᠨ ᠪᠠᠶ᠋ᠢᠯᠭᠦᠢ ᠂ ᠤᠷᠢᠲᠤ ᠡᠲᠦᠷ ᠨᠢ ᠠᠷᠭᠠᠯ ᠶ᠋ᠢᠠᠨ ᠲᠡᠭᠦᠭᠡᠳ ᠯᠠ ᠶᠠᠪᠤᠵᠤ ᠪᠠᠶ᠋ᠢᠬᠰᠠᠨ  ᠶᠤᠮ ᠭᠡᠨ᠎ᠡ ᠃
 — ᠳᠠᠷᠢᠰᠦ᠋ᠷᠦᠩ  ᠭᠡᠳᠡᠭ ᠪᠠᠶ᠋ᠢᠬᠰᠠᠨ ᠶᠤᠮ ‍ᠤᠤ ᠃
 — ᠲᠡᠶ᠋ᠢᠮᠦ ᠃
 — ᠬᠡᠲᠦ ᠬᠦᠷᠪᠡ ᠡ ᠂ ᠵᠠᠶ᠋ᠢᠯᠠᠭᠤᠯ ᠃
 — ᠨᠠᠶᠠ ᠯᠠ ᠰᠢᠬᠠᠭᠰᠠᠨ ᠬᠥᠮᠦᠨ ᠳ᠋ᠡ ᠃
 — ᠠᠷᠠᠢ ᠴᠤ᠌ ᠬᠦᠷᠦᠭᠡ ᠦᠭᠡᠢ ᠡ ᠂ ᠮᠠᠨ ᠪ ᠨᠠᠭᠠᠴᠤ ᠠᠬ᠎ᠠ ᠲᠠᠢ ᠴᠢᠴᠠᠤ ᠶᠤᠮ ᠭᠡᠨ᠎ᠡ ᠃ ᠤᠭ ᠨᠢ ᠡᠨᠡ ᠤᠷᠠᠨᠰᠤᠲᠤ ᠶ᠋ᠢᠨ ᠴᠠᠭᠠ᠊ᠣ᠋ᠪᠣᠭᠠᠨ ᠪ ᠬᠥᠮᠦᠨ ᠪᠠᠶ᠋ᠢᠬ᠋᠎ᠠ ᠶᠤᠮ ᠃
 — ᠦᠷ᠎ᠡ ᠬᠡᠦᠬᠡᠳ ᠭᠡᠵᠦ ᠶᠠᠭᠤᠮ᠎ᠠ ᠪᠠᠶ᠋ᠢᠲᠠᠭ ᠦᠭᠡᠢ ᠶᠤᠮ ‍ᠦᠦ ?
 — ᠶᠠᠭᠤ ᠪᠠᠶ᠋ᠢᠬᠤ ᠪᠤᠢ ᠳ᠋ᠡ ᠃ ᠨᠠᠰᠤ ᠪᠠᠷ ᠶ᠋ᠢᠠᠨ ᠭᠠᠭᠴᠠᠭᠠᠷ ᠶᠠᠪᠤᠭᠰᠠᠨ ᠠᠮᠢᠲᠠᠨ ᠴᠢᠨᠢ ᠁
 — ᠬᠡᠩ ! ᠮᠠᠨ ᠪ ᠬᠢ ᠨᠢᠭᠡ ᠵᠢᠭᠠᠬᠠᠨ ᠠᠷᠭᠠᠯ ᠵᠢᠭᠡᠯᠡᠴᠢᠭᠡᠭᠡᠳ ᠥᠭᠭᠦᠭᠡ ᠦᠭᠡᠢ ᠪᠠᠶ᠋ᠢᠬᠰᠠᠨ ᠶᠤᠮ ᠰᠠᠨ ᠃ ᠲᠡᠭᠦᠨ ᠊ᠢ ᠴᠢᠨᠢ ᠣᠲᠣ ᠶᠠᠭᠠᠬᠢᠨ᠎ᠠ ?
 — ᠬᠠᠯᠲᠠᠷ ᠦ᠋ᠨ  ᠳᠤ ᠯᠠ ᠥᠭᠴᠢᠭᠡᠬᠦ ᠦᠭᠡᠢ ‍ᠦᠦ ᠃
 — ᠬᠠᠯᠲᠠᠷ ᠦ᠋ᠨ  ᠳᠤ ᠲᠣᠭᠣᠵᠤ ᠠᠪᠬᠤ ᠦᠭᠡᠢ ᠪᠠᠶ᠋ᠢᠯᠭᠦᠢ ᠃ ᠵᠦᠭᠡᠷ ᠂ ᠬᠠᠯᠲᠠᠷ ᠲᠤ  ᠬᠡᠯᠡᠳᠡᠭ ᠨᠢ ᠶᠠᠭᠤ ᠶᠤᠮ ᠭᠡᠬᠦ ᠡᠴᠡ ᠃
 — ᠶᠠᠭᠤ ᠂ ᠲᠣᠭᠣᠬᠤ ᠦᠭᠡᠢ ᠭᠡᠵᠦ ᠵᠢᠭᠠᠬᠠᠨ  ᠳᠤ ᠪᠠᠨ ᠯᠠ ᠲᠡᠮᠡᠭᠡ ᠠᠷᠭᠠᠯ ᠰᠢᠦ ᠳ᠋ᠡ ᠃
 — ᠭᠡᠯ᠎ᠡ ᠴᠤ᠌ ᠭᠡᠰᠡᠨ ᠴᠢᠨᠦ ᠭᠠᠭᠴᠠ ᠲᠡᠮᠡᠭᠡ ᠠᠷᠭᠠᠯ ᠶ᠋ᠢᠠᠷ ᠬᠣᠲᠣᠶ᠋ᠢᠬᠤ ᠪᠠᠷ ᠦᠭᠡᠢ ᠪᠣᠯᠣᠭᠰᠠᠨ ᠭᠡᠨ᠎ᠡ ᠡ ᠃
 — ᠵᠢᠭᠠᠯ ᠠᠷᠭᠠᠯ ᠊ᠢ ᠲᠡᠲᠡᠨ ᠪ ᠬᠢ ᠠᠪᠤᠬ᠋᠎ᠠ ‍ᠤᠤ ?
 — ᠲᠡᠲᠡ ᠴᠤ᠌ ᠠᠪᠤᠯᠭᠦᠢ ᠳ᠋ᠠ ᠃
 — ᠠᠪᠬᠤ ᠪᠠᠷ ᠪᠠᠷᠠᠬᠤ ‍ᠤᠤ ᠂ ᠲᠤᠩ ᠪᠡᠷᠬᠡ  ᠬᠥᠭᠰᠢᠨ ᠪᠠᠶ᠋ᠢᠬᠰᠠᠨ ᠪᠠᠶ᠋ᠢᠨ᠎ᠠ ᠰᠢᠦ ᠳ᠋ᠡ ᠃ ᠥᠩᠭᠡᠷᠡᠬᠦ ᠡᠴᠡ ᠠᠷᠪᠠᠭᠠᠳ ᠬᠣᠨᠣᠭ ᠦ᠋ᠨ ᠡᠮᠦᠨ᠎ᠡ ᠶᠤᠮ ᠪᠠᠶ᠋ᠢᠬᠤ ᠳ᠋ᠡ ᠃ ᠰᠤᠮᠤ ᠶ᠋ᠢᠨ ᠳᠠᠷᠤᠬ᠋᠎ᠠ ᠲᠠᠢ ᠠᠭᠤᠯᠵᠠᠭᠠᠳ 《  ᠨᠠᠮ᠎ᠠ ᠶ᠋ᠢ ᠦᠬᠦᠬᠦ ᠪᠡᠷ ᠮᠠᠨ ᠪ ᠬᠢ ᠡᠴᠡ ᠬᠥᠮᠦᠨ  ᠳᠤ ᠬᠡᠷᠡᠭᠲᠡᠢ  ᠶᠠᠭᠤᠮ᠎ᠠ ᠭᠠᠷᠪᠠᠯ ᠴᠦᠮ ᠊ᠢ ᠨᠢ ᠬᠠᠯᠲᠠᠷ ᠦ᠋ᠨ  ᠳᠤ ᠥᠭᠭᠦᠭᠡᠷᠡᠢ ᠂ ᠬᠠᠯᠲᠠᠷ ᠦ᠋ᠨ ᠬᠢ ᠯᠠ ᠠᠪᠬᠤ ᠤᠴᠢᠷ ᠲᠠᠢ ᠶᠤᠮ 》 ᠭᠡᠰᠡᠨ ᠭᠡᠨ᠎ᠡ ᠃
 — ᠦᠭᠡᠢ ᠶᠡᠷᠦ !
 — ᠲᠡᠭᠡᠭᠡᠳ ᠥᠨᠥ ᠭᠡᠷ ᠦ᠋ᠨ ᠬᠢᠨᠢ ᠬᠣᠶ᠋ᠢᠲᠤᠬᠢ ᠴᠣᠣᠵᠢ ᠲᠠᠢ ᠪᠠᠶ᠋ᠢᠰᠢᠩ ᠠ᠋ᠴᠠ ᠶᠠᠭᠤ ᠭᠠᠷᠴᠤ ᠪᠤᠢ ᠳ᠋ᠠ ?
 — ᠠᠷᠭᠠᠯ !
 — ᠬᠠ ! ᠬᠠ ! ᠬᠠ !
 — ᠦᠭᠡᠢ ᠮᠥᠨ !
 — 《  ᠮᠦᠩᠭᠦᠰᠡᠬᠦ 》  ᠴᠤ᠌ ᠶᠠᠭᠤᠮ᠎ᠠ ᠦᠭᠡᠢ ᠃ ᠲᠤᠩ ᠪᠡᠷᠬᠡ  ᠬᠥᠭᠰᠢᠨ ᠪᠠᠶ᠋ᠢᠵᠠᠢ ᠃
 — ᠪᠡᠷᠬᠡ ᠪᠡᠷ ᠪᠠᠷᠠᠬᠤ ‍ᠤᠤ ?
 — ᠬᠠᠯᠲᠠᠷ ᠊ᠢ ᠴᠢᠮ᠎ᠠ  ᠰᠢᠭ᠋ ᠣᠯᠠᠨ ᠨᠢᠯᠬ᠎ᠠ ᠬᠡᠦᠬᠡᠳ ᠲᠡᠢ ᠬᠥᠮᠦᠨ ᠰᠤᠷᠭᠠᠭᠤᠯᠢ  ᠳᠤ ᠠᠷᠭᠠᠯ ᠦ᠋ᠨ ᠭᠡᠷ᠎ᠡ ᠬᠢ ᠃ ᠬᠡᠲᠦᠨ ᠴᠠᠭᠠᠰᠤ ᠨᠢ ᠴᠢᠮ᠎ᠠ  ᠳᠤ  ᠬᠡᠷᠡᠭᠲᠡᠢ ᠃ ᠲᠡᠭᠦᠬᠦ ᠶ᠋ᠢ ᠨᠢ ᠪᠢ ᠲᠡᠭᠦᠭᠡᠳ  ᠥᠭᠭᠦᠮᠡᠭᠴᠡ 》 ᠭᠡᠵᠦ ᠶᠡᠬᠡ ᠭᠤᠶᠤᠲᠠᠭ ᠃ ᠨᠠᠭᠠᠲᠤᠬᠢ ᠨᠢ ᠬᠠᠯᠠᠭᠠᠲᠠᠭ ᠦᠭᠡᠢ ᠪᠠᠶ᠋ᠢᠬᠰᠠᠨ ᠶᠤᠮ ᠭᠡᠨ᠎ᠡ ᠃
 — ᠬᠡᠩ ! ᠲᠡᠭᠦᠯᠭᠡᠵᠦ ᠯᠡ ᠪᠠᠶ᠋ᠢᠬᠤ ᠦᠭᠡᠢ ᠃
 — ᠨᠠᠰᠤᠲᠠᠢ ᠶᠠᠭᠤᠮ᠎ᠠ ᠲᠤᠶ᠋ᠢᠯᠲᠠᠴᠢᠬᠠᠨ᠎ᠠ ᠡ ᠭᠡᠵᠦ ᠰᠠᠨᠠᠬ᠋᠎ᠠ ᠪᠢᠵᠡ ᠃
 —  ᠲᠡᠭᠡᠭᠰᠡᠨ ᠴᠢᠨᠢ ᠬᠠᠯᠲᠠᠷ ᠦ᠋ᠨ ᠨᠡᠷ᠎ᠡ ᠳᠡᠭᠡᠷ᠎ᠡ ᠭᠡᠷ᠎ᠡ ᠬᠢᠵᠦ ᠂ ᠬᠡᠲᠦᠨ  ᠲᠥᠭᠥᠷᠢᠭ ᠊ᠢ ᠨᠢ ᠠᠪᠤᠭᠠᠳ ᠰᠤᠷᠭᠠᠭᠤᠯᠢ ᠶ᠋ᠢᠨ ᠬᠣᠶᠠᠷ ᠵᠢᠭᠠᠯ ᠦ᠋ᠨ ᠨᠡᠷ᠎ᠡ ᠳᠡᠭᠡᠷ᠎ᠡ ᠬᠠᠲᠠᠭᠠᠯᠠᠭᠤᠯᠴᠢᠬᠠᠭᠰᠠᠨ ᠭᠡᠨ᠎ᠡ ᠰᠢᠦ ᠳ᠋ᠠ ᠃
 — ᠲᠡᠷᠡ ᠡ ᠬᠥ ᠃
 — ᠡᠨᠡ ᠵᠢᠯ ᠳᠠᠬᠢᠭᠠᠳ ᠪᠠᠰᠠ ᠰᠤᠷᠭᠠᠭᠤᠯᠢ ᠲᠠᠢ ᠭᠡᠷ᠎ᠡ  ᠬᠢᠴᠢᠭᠡᠭᠰᠡᠨ ᠪᠠᠶ᠋ᠢᠨ᠎ᠠ ᠭᠡᠨ᠎ᠡ ᠃
 — ᠬᠠᠯᠲᠠᠷ ᠦ᠋ᠨ ᠬᠢ ᠯᠠ ᠲᠡᠭᠦᠵᠦ ᠥᠭᠬᠦ ᠪᠣᠯᠵᠠᠢ ᠳ᠋ᠠ ᠃
 — ᠲᠡᠭᠦᠭᠡᠳ ᠪᠠᠶ᠋ᠢᠬᠤ ᠶᠠᠭᠤ ᠪᠠᠶ᠋ᠢᠬᠤ ᠪᠤᠢ ᠃ ᠪᠡᠯᠡᠨ ᠪᠠᠶ᠋ᠢᠬ᠋᠎ᠠ ᠶᠤᠮ ᠴᠢᠨᠢ ᠃
 — ᠳᠤᠲᠠᠳᠠᠭ ᠶᠤᠮ ᠭᠡᠯ᠎ᠡ ᠭᠡᠬᠦ  ᠳᠤ ᠬᠠᠯᠲᠠᠷ ᠦ᠋ᠨ ᠬᠡᠲᠦᠨ ᠬᠡᠦᠬᠡᠳ ᠭᠠᠷᠭᠠᠬᠤ ᠦᠭᠡᠢ ᠡ ᠃ ᠲᠡᠲᠡ ᠴᠢᠨᠢ ᠴᠤᠬᠤᠮ ᠪᠡᠷᠬᠡ ᠠᠵᠢᠯᠲᠠᠢ ᠬᠡᠦᠬᠡᠳ ᠦ᠋ᠳ ᠪᠠᠶ᠋ᠢᠨ᠎ᠠ ᠡ ᠃
 — ᠲᠡᠷᠡ ᠮᠠᠭᠤ  ᠬᠥᠭᠰᠢᠨ ᠪ ᠯᠡ ᠠᠴᠢ ᠳ᠋ᠠ ᠃
 — ᠰᠦᠷᠡᠬᠡᠢ ᠬᠥᠮᠦᠨ ᠃ ᠲᠡᠷᠡ ᠵᠢᠯ ᠦ᠋ᠨ ᠥᠨᠥ ᠴᠠᠰᠤ ᠪᠢᠲᠡᠭᠦᠦ ᠳᠠᠷᠤᠴᠢᠬᠠᠳᠠᠭ ᠡᠪᠦᠯ  ᠴᠤ᠌ ᠳᠠᠷᠢ ᠭᠤᠸᠠᠢ ᠶ᠋ᠢᠨ ᠵᠢᠭᠠᠯ ᠠᠷᠭᠠᠯ ᠴᠤ᠌ ᠨᠡᠯᠢᠶᠡᠳ ᠠᠮᠢᠲᠠᠨ ᠪ ᠠᠮᠢᠨ  ᠳᠤ ᠣᠷᠣᠭᠰᠠᠨ ᠪᠠᠶ᠋ᠢᠨ᠎ᠠ ᠃
 — ᠲᠡᠭᠡᠬᠦ  ᠳᠤ ᠴᠤ᠌ ᠬᠥᠭᠡᠷᠦᠬᠦᠢ ᠬᠠᠷᠠᠮ ᠦᠭᠡᠢ ᠥᠭᠭᠦᠭᠰᠡᠨ ᠃
 — ᠮᠦᠨ ᠴᠤ᠌ ᠶᠡᠬᠡ ᠠᠷᠭᠠᠯ ᠬᠤᠷᠢᠶᠠᠭᠰᠠᠨ ᠪᠠᠶ᠋ᠢᠨ᠎ᠠ ᠭᠡᠨ᠎ᠡ ᠰᠢᠦ ᠂ ᠳᠡᠯᠭᠡᠷ ᠦ᠋ᠨ ᠰᠠᠭᠤᠷᠢᠨ ᠪ ᠡᠵᠡᠨ ᠨᠢ  ᠬᠡᠷᠡᠭᠰᠡᠬᠦ ᠪᠡᠨ ᠪᠠᠶ᠋ᠢᠴᠢᠬᠠᠭᠰᠠᠨ ᠮᠠᠭᠤ ᠰᠠᠶ᠋ᠢᠨ ᠰᠢᠪᠠᠷ ᠫᠧᠩ ᠦ᠋ᠳ ᠊ᠢ ᠣᠩᠭᠣᠷᠬᠠᠢ ᠴᠣᠭᠣᠷᠬᠠᠢ ᠶ᠋ᠢ ᠨᠢ ᠰᠢᠷᠢ ᠠᠲᠠᠰᠬ᠎ᠠ ᠪᠠᠷ ᠪᠥᠭᠯᠡᠵᠦ ᠪᠠᠶ᠋ᠢᠭᠠᠳ ᠴᠦᠮ ᠊ᠢ ᠨᠢ ᠠᠷᠭᠠᠯ ᠶ᠋ᠢᠠᠷ  ᠳᠦᠭᠦᠷᠭᠡᠴᠢᠭᠡᠭᠰᠡᠨ ᠪᠠᠶ᠋ᠢᠬᠰᠠᠨ ᠭᠡᠨ᠎ᠡ ᠃
 — ᠲᠡᠭᠦᠨ ᠪ ᠴᠢᠨᠢ ᠬᠦᠴᠦᠨ  ᠳᠤ ᠯᠠ ᠲᠡᠷᠡ ᠬᠠᠪᠢ ᠶ᠋ᠢᠨ ᠬᠢᠨ ᠭᠠᠯ ᠠᠯᠲᠠᠬ᠋᠎ᠠ ᠦᠭᠡᠢ ᠳ᠋ᠡ ᠬᠡᠮᠡᠨ ᠱᠤᠤᠭᠢᠵᠠᠭᠠᠵᠤ ᠲᠡᠷᠡ ᠴᠠᠭ ᠠ᠋ᠴᠠ ᠬᠣᠶ᠋ᠢᠰᠢ ᠭᠠᠲᠠᠨ᠎ᠠ ᠪᠠᠨ ᠶᠡᠬᠡᠬᠡᠨ ᠠᠷᠭᠠᠯ ᠬᠤᠷᠢᠶᠠᠭᠰᠠᠨ ᠠᠶ᠋ᠢᠯ ᠊ᠢ 《  ᠴᠠᠭᠠᠲᠤᠬᠢ ᠴᠢᠨᠢ  ᠴᠤ᠌ ᠠᠷᠭᠠᠯ ᠲᠦᠯᠡᠰᠢᠨ  ᠳᠤ ᠪᠠᠨ ᠳᠠᠷᠢ ᠴᠢᠪᠠᠭᠠᠨᠴᠠ ᠭᠡᠰᠡᠨ ᠦᠭᠡ 》 ᠭᠡᠬᠦ ᠶᠠᠷᠢᠶ᠎ᠠ ᠡᠲᠦᠭᠡ ᠪᠠᠶ᠋ᠢᠬᠤ ᠠᠵᠢ ᠃   
   
      

           ᠦᠰᠦᠭ ᠠᠮᠢᠯᠠᠭᠤᠯᠤᠭᠴᠢ ᠄   ᠳᠠᠪᠰᠢᠯᠲᠦ
                  ᠬᠢᠨᠠᠭᠴᠢ ᠄  ᠴᠣᠯᠮᠣᠨᠲᠦᠶᠠᠭ᠎ᠠ  ᠪᠠᠭ᠍ᠰᠢ