ᠮᠣᠩᠭᠣᠯ ᠣᠨᠢᠰᠤᠭ᠎ᠠ ᠶᠢᠨ ᠲᠡᠭᠦᠪᠦᠷᠢ Монгол оньсгын түүвэр ᠣᠨᠢᠰᠤᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠣᠨᠢᠰᠤᠭ᠎ᠠ ᠶᠢᠨ ᠲᠡᠭᠦᠪᠦᠷᠢ Монгол оньсгын түүвэр

ᠮᠣᠩᠭᠣᠯ ᠣᠨᠢᠰᠤᠭ᠎ᠠ ᠶᠢᠨ ᠲᠡᠭᠦᠪᠦᠷᠢ Монгол оньсгын түүвэр

ᠠᠩᠭᠢᠯᠠᠯ:ᠣᠨᠢᠰᠤᠭ᠎ᠠ
2023-03-11

568

ᠮᠣᠩᠭᠣᠯ ᠣᠨᠢᠰᠤᠭ᠎ᠠ ᠶᠢᠨ ᠲᠡᠭᠦᠪᠦᠷᠢ – ᠡᠮᠦᠨᠡᠬᠢ ᠦᠭᠡ



ᠮᠣᠩᠭᠣᠯ ‍ᠤᠨ ᠲᠤᠯᠭᠤᠷ ᠪᠢᠴᠢᠭ ‍ᠦᠨ ᠴᠤᠪᠤᠷᠠᠯ (  ᠠᠮᠠᠨ ᠵᠣᠬᠢᠶᠠᠯ )

                ᠨᠢᠮ᠎ᠠ ᠂ ᠰᠡᠴᠡᠩᠭᠣᠣ᠎ᠠ  ᠡᠮᠬᠢᠳᠬᠡᠪᠡ
                ᠰ ·  ᠳ᠋ᠠᠮᠪᠠᠷᠢᠨᠴᠢᠨ ᠬᠢᠨᠠᠪᠠ


 ᠮᠣᠩᠭᠣᠯ ᠣᠨᠢᠰᠣᠭ᠎ᠠ ‍ᠶ᠋ᠢᠨ ᠲᠡᠭᠦᠪᠦᠷᠢ


                         ᠥᠪᠥᠷ ᠮᠣᠩᠭᠣᠯ ‍ᠦᠨ ᠰᠤᠷᠭᠠᠯ ᠬᠥᠮᠦᠵᠢᠯ ‍ᠦᠨ ᠬᠣᠷᠢᠶ᠎ᠠ

     

               ᠨᠠᠶ᠋ᠢᠷᠠᠭᠤᠯᠤᠭᠴᠢ ᠶ᠋ᠢᠨ ᠲᠣᠲᠣᠷᠬᠠᠶ᠋ᠢᠯᠠᠯᠲᠠ 

      ᠮᠣᠩᠭᠣᠯ ᠦᠨᠲᠦᠰᠦᠲᠡᠨ ᠪ ᠰᠣᠶᠣᠯ ᠦ᠋ᠨ ᠲᠡᠦᠬᠡᠨ ᠥᠪ ᠬᠥᠷᠥᠩᠭᠡ ᠪᠤᠯ ᠮᠠᠨ ᠪ ᠤᠯᠤᠰ ᠦ᠋ᠨ ᠰᠤᠶᠤᠯ ᠦ᠋ᠨ ᠡᠷᠲᠡᠨᠢᠰ ᠦ᠋ᠨ ᠰᠠᠩ ᠦ᠋ᠨ ᠴᠢᠬᠤᠯᠠ ᠪᠦᠷᠢᠯᠲᠦᠬᠦᠨ ᠭᠡᠰᠡᠭ ᠨᠢ ᠮᠥᠨ ᠃ ᠡᠨᠡᠬᠦ ᠡᠷᠬᠢᠮ ᠨᠠᠨᠲᠢᠨ ᠥᠪ ᠬᠥᠷᠥᠩᠭᠡ ᠪᠡᠨ ᠲᠥᠯᠥᠪᠯᠡᠭᠡ ᠲᠡᠢ ᠂ ᠰᠢᠰᠲ᠋ᠧᠮ ᠲᠡᠢ ᠴᠤᠭᠯᠠᠭᠤᠯᠤᠨ ᠡᠮᠬᠢᠤᠠᠬᠡᠵᠦ ᠂ ᠰᠤᠲᠤᠯᠤᠨ ᠰᠢᠨᠵᠢᠯᠡᠵᠦ ᠂ ᠬᠡᠪᠯᠡᠭᠦᠯᠦᠨ ᠲᠠᠷᠬᠠᠭᠠᠵᠤ ᠂  ᠣᠶᠣᠩᠭᠤᠰᠢᠶᠠᠨ ᠬᠠᠲᠠᠭᠠᠯᠠᠵᠤ ᠂ ᠵᠠᠯᠭᠠᠮᠵᠢᠯᠠᠨ ᠠᠪᠬᠤ   ᠶᠠᠪᠤᠲᠠᠯ ᠪᠣᠯ ᠬᠣᠶ᠋ᠢᠴᠢ ᠦᠶ᠎ᠡ ᠶ᠋ᠢᠨ ᠦᠷ᠎ᠡ ᠠᠴᠢᠨᠠᠷ ᠲᠤ ᠬᠣᠯᠪᠣᠭᠲᠠᠬᠤ ᠲᠤᠶ᠋ᠢᠯ ᠦ᠋ᠨ ᠴᠢᠬᠤᠯᠠ ᠦᠢᠯᠡᠰ ᠪᠥᠭᠡᠳ ᠦᠨᠲᠦᠰᠦᠲᠡᠨ ᠪ ᠣᠮᠣᠭ ᠪᠠᠬᠠᠲᠤᠯ ᠪᠠ ᠢᠲᠡᠭᠡᠯ ᠵᠣᠷᠢᠬ ᠊ᠢ  ᠬᠥᠭᠵᠢᠭᠡᠨ ᠂ ᠨᠡᠶ᠋ᠢᠭᠡᠮ ᠵᠢᠷᠤᠮᠲᠤ ᠦᠨᠲᠦᠰᠦᠲᠡᠨ ᠪ ᠰᠣᠶᠣᠯ ᠊ᠢ  ᠴᠡᠴᠡᠭᠯᠡᠭᠦᠯᠵᠦ ᠂ ᠡᠯ᠎ᠡ ᠦᠨᠲᠦᠰᠦᠲᠡᠨ ᠪ ᠰᠣᠶᠣᠯ ᠦ᠋ᠨ ᠰᠣᠯᠢᠯᠴᠠᠬ᠋᠎ᠠ ᠶ᠋ᠢ ᠴᠢᠩᠭᠠᠤᠠᠬᠠᠬᠤ  ᠳᠤ ᠲᠤᠯᠭᠠᠮ᠎ᠠ ᠪᠣᠲᠠᠲᠤ ᠠᠴᠢ ᠬᠣᠯᠪᠣᠭᠲᠠᠯ ᠪᠦᠬᠦᠢ ᠠᠵᠢᠯ ᠶᠤᠮ ᠃ ᠡᠶ᠋ᠢᠨ ‍ᠬᠦ ᠪᠢᠲᠡ ᠡᠨᠡ ‍ᠬᠦ ᠦᠨᠢᠷ ᠪᠠᠶᠠᠯᠢᠬ ᠰᠤᠶᠤᠯ ᠦ᠋ᠨ ᠥᠪ ᠊ᠢ ᠡᠮᠬᠢᠤᠠᠬᠡᠵᠦ 《 ᠮᠣᠩᠭᠣᠯ ᠲᠤᠯᠭᠤᠷ ᠪᠢᠴᠢᠭ ᠦ᠋ᠨ ᠴᠤᠪᠤᠷᠠᠯ  》 ᠭᠡᠬᠦ ᠨᠢᠭᠡᠲᠤᠯ ᠲᠠᠢ ᠨᠡᠷ᠎ᠡ ᠂ ᠨᠢᠭᠡᠲᠤᠯ ᠲᠠᠢ ᠬᠡᠪ ᠪᠠᠷᠢᠮᠵᠢᠶ᠎ᠠ ᠪᠠᠷ ᠨᠠᠶ᠋ᠢᠷᠠᠭᠤᠯᠤᠭᠠᠳ 《 ᠮᠣᠩᠭᠣᠯ ᠰᠤᠷᠪᠤᠯᠵᠢ ᠪᠢᠴᠢᠭ ᠦ᠋ᠨ ᠴᠤᠪᠤᠷᠠᠯ 》 ᠂ 《 ᠮᠣᠩᠭᠣᠯ ᠠᠮᠠᠨ ᠵᠣᠬᠢᠶᠠᠯ ᠦ᠋ᠨ ᠴᠤᠪᠤᠷᠠᠯ 》 ᠂ 《 ᠮᠣᠩᠭᠣᠯ ᠣᠷᠴᠢᠭᠤᠯᠬ᠋᠎ᠠ ᠶ᠋ᠢᠨ ᠴᠤᠪᠤᠷᠠᠯ 》 ᠭᠡᠵᠦ ᠭᠤᠷᠪᠠᠨ ᠠᠩᠬᠢ ᠬᠤᠪᠢᠶᠠᠵᠤ ᠬᠡᠪᠯᠡᠭᠦᠯᠦᠨ᠎ᠡ ᠃
     ᠡᠲᠠᠬᠡᠷ ᠴᠤᠪᠤᠷᠠᠯ  ᠪᠢᠴᠢᠭ ᠲᠦ ᠂ ᠪᠦᠬᠦᠲᠡ ᠨᠠᠶ᠋ᠢᠷᠠᠮᠲᠠᠬᠤ ᠳᠤᠮᠳᠠᠳᠤ ᠠᠷᠠᠳ ᠤᠯᠤᠰ ᠪᠠᠶ᠋ᠢᠭᠤᠯᠤᠭᠲᠠᠬᠤ ᠠ᠋ᠴᠠ ᠡᠮᠦᠨᠡᠬᠢ ᠴᠠᠭ ᠦᠶ᠎ᠡ ᠳ᠋ᠡᠬᠢ  ᠥᠪᠥᠷ ᠮᠣᠩᠭᠣᠯ ᠦ᠋ᠨ ᠥᠪᠡᠷᠲᠡᠭᠡᠨ ᠵᠠᠰᠠᠬᠤ ᠣᠷᠣᠨ ᠪᠣᠯᠤᠨ ᠬᠠᠮᠢᠶ᠎ᠠ ᠪᠦᠬᠦᠢ ᠮᠣᠵᠢ ᠂ ᠥᠪᠡᠷᠲᠡᠭᠡᠨ ᠵᠠᠰᠠᠬᠤ ᠣᠷᠣᠨ  ᠳᠤ ᠮᠣᠩᠭᠣᠯ ᠶ᠋ᠢᠠᠷ  ᠪᠢᠴᠢᠭᠳᠡᠭᠰᠡᠨ ᠦᠨ᠎ᠡ ᠴᠠᠨ᠎ᠠ ᠲᠠᠢ ᠰᠤᠷᠪᠤᠯᠵᠢ  ᠪᠢᠴᠢᠭ ᠂ ᠮᠣᠩᠭᠣᠯ ᠠᠷᠠᠳ ᠦ᠋ᠨ ᠰᠢᠯᠢᠳᠡᠭ ᠠᠮᠠᠨ ᠵᠣᠬᠢᠶᠠᠯ ᠪᠠ ᠮᠣᠩᠭᠣᠯ ᠦ᠋ᠨ ᠰᠤᠲᠤᠯᠤᠯ  ᠳᠤ ᠬᠣᠯᠪᠣᠭᠲᠠᠬᠤ ᠬᠠᠷᠢ ᠬᠡᠯᠡ ᠪᠡᠷ ᠵᠣᠬᠢᠶᠠᠭᠲᠠᠭᠰᠠᠨ ᠠᠯᠲᠠᠷᠲᠤ ᠵᠣᠬᠢᠶᠠᠯ ᠦ᠋ᠨ ᠮᠣᠩᠭᠣᠯ ᠣᠷᠴᠢᠭᠤᠯᠬ᠋᠎ᠠ ᠬᠠᠮᠤᠷᠤᠭᠲᠠᠨ᠎ᠠ ᠃ 
     ᠡᠨᠡ ‍ᠬᠦ ᠴᠤᠪᠤᠷᠠᠯ ᠪᠢᠴᠢᠭ ᠊ᠢ ᠡᠮᠬᠢᠤᠠᠬᠡᠨ ᠨᠠᠶ᠋ᠢᠷᠠᠭᠤᠯᠬᠤ ᠠᠵᠢᠯ ᠊ᠢ ᠤᠤᠯ ᠨᠢ 《 ᠮᠣᠩᠭᠣᠯ ᠲᠤᠯᠭᠤᠷ ᠪᠢᠴᠢᠭ ᠦ᠋ᠨ ᠴᠤᠪᠤᠷᠠᠯ 》 ᠊ᠢ ᠨᠠᠶ᠋ᠢᠷᠠᠭᠤᠯᠬᠤ  ᠺᠣᠮᠢᠰ ᠡᠷᠬᠢᠯᠡᠵᠦ ᠪᠠᠶ᠋ᠢᠪᠠ ᠃ ᠬᠣᠶ᠋ᠢᠰᠢᠲᠠ ᠦᠪᠦᠷ ᠮᠣᠩᠭᠣᠯ ᠦ᠋ᠨ ᠥᠪᠡᠷᠲᠡᠭᠡᠨ ᠵᠠᠰᠠᠬᠤ ᠣᠷᠣᠨ ᠪ  ᠴᠦᠬᠡᠨ ᠲᠣᠭᠠᠲᠤ ᠦᠨᠲᠦᠰᠦᠲᠡᠨ ᠪ ᠡᠷᠲᠡ ᠪ ᠨᠣᠮ  ᠪᠢᠴᠢᠭ ᠊ᠢ ᠡᠮᠬᠢᠤᠠᠬᠡᠨ ᠨᠠᠶ᠋ᠢᠷᠠᠭᠤᠯᠬᠤ ᠺᠣᠮᠢᠰ ᠬᠠᠷᠢᠭᠤᠴᠠᠵᠤ ᠂ ᠦᠨᠲᠦᠰᠦᠲᠡᠨ ᠪ ᠬᠡᠪᠯᠡᠯ ᠦ᠋ᠨ ᠬᠣᠷᠢᠶ᠎ᠠ ᠂ ᠦᠪᠦᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠂ᠦᠪᠦᠷ ᠮᠣᠩᠭᠣᠯ ᠦ᠋ᠨ  ᠰᠤᠶᠤᠯ ᠦ᠋ᠨ ᠬᠡᠪᠯᠡᠯ ᠦ᠋ᠨ ᠬᠣᠷᠢᠶ᠎ᠠ ᠂ᠦᠪᠦᠷ ᠮᠣᠩᠭᠣᠯ ᠦ᠋ᠨ  ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ  ᠠ᠋ᠴᠠ ᠦᠷᠭᠦᠯᠵᠢᠯᠡᠨ ᠬᠡᠪᠯᠡᠭᠦᠯᠦᠨ᠎ᠡ ᠃
     ᠡᠶ᠋ᠢᠮᠦ ᠦᠷᠭᠡᠨ ᠬᠡᠪᠴᠢᠶᠡᠨ ᠪ ᠮᠣᠩᠭᠣᠯ ᠲᠤᠯᠭᠤᠷ ᠪᠢᠴᠢᠭ ᠦ᠋ᠨ ᠴᠤᠪᠤᠷᠠᠯ ᠊ᠢ ᠪᠢᠲᠡ ᠠᠩᠬ᠎ᠠ ᠤᠲᠠᠬ᠋᠎ᠠ ᠨᠠᠶ᠋ᠢᠷᠠᠭᠤᠯᠤᠨ ᠬᠡᠪᠯᠡᠭᠦᠯᠵᠦ ᠪᠠᠶ᠋ᠢᠬᠤ ᠲᠤᠯᠠ ᠠᠯᠲᠠᠬ᠋᠎ᠠ ᠳᠤᠲᠠᠭᠳᠠᠯ ᠭᠠᠷᠬᠤ ᠨᠢ ᠮᠡᠲᠡᠬᠡᠵᠢ ᠪᠢᠵᠡ ᠂ ᠡᠷᠬᠢᠮ ᠣᠯᠠᠨ ᠤᠩᠰᠢᠬᠴᠢᠳ ᠪᠣᠯᠣᠨ ᠡᠷᠲᠡᠮᠲᠡᠨ ᠮᠡᠷᠭᠡᠳ ᠲᠣᠯᠢᠲᠡᠨ ᠵᠢᠭᠠᠪᠤᠷᠢᠯᠠᠬᠤ ᠪᠣᠯᠪᠠᠤ !


           ᠦᠪᠦᠷ ᠮᠣᠩᠭᠣᠯ ᠦ᠋ᠨ ᠥᠪᠡᠷᠲᠡᠭᠡᠨ ᠵᠠᠰᠠᠬᠤ ᠣᠷᠣᠨ ᠪ  
           ᠴᠦᠬᠡᠨ ᠲᠣᠭᠠᠲᠤ ᠦᠨᠲᠦᠰᠦᠲᠡᠨ ᠪ ᠡᠷᠲᠡᠨ ᠪ ᠨᠣᠮ ᠪᠢᠴᠢᠭ ᠊ᠢ 
           ᠡᠮᠬᠢᠤᠠᠬᠡᠨ ᠨᠠᠶ᠋ᠢᠷᠠᠭᠤᠯᠬᠤ ᠺᠣᠮᠢᠰ

                                             1986 ᠣᠨ ᠪ 4 ᠎ᠳ᠋ᠦ᠍ᠭᠡᠷ ᠰᠠᠷ᠎ᠠ

        ᠭᠠᠷᠴᠠᠭ 

 ᠬᠡᠦᠬᠡᠳ ᠣᠨᠢᠰᠣᠬ᠋᠎ᠠ ᠬᠣᠶᠠᠷ
     — ᠣᠷᠣᠰᠢᠯ ᠦ᠋ᠨ ᠣᠷᠣᠨ  ᠳᠤ ᠁  ᠁  ᠁  ᠁  (1)

      ᠨᠢᠭᠡᠲᠦᠭᠡᠷ  ᠪᠦᠯᠦᠭ       ᠳᠠᠭᠠᠯᠴᠠᠭᠠᠨ ᠳ᠋ᠡᠬᠢ ᠬᠡᠪᠰᠢᠮᠡᠯ ᠣᠷᠠᠨ ᠬᠡᠯᠡᠯᠭᠡ 

 ᠣᠨᠢᠰᠣᠬ᠋᠎ᠠ ᠬᠤᠲᠠᠯᠲᠤᠬᠤ ᠳᠠᠭᠤᠤ ᠁  ᠁  ᠁  ᠁  ᠁ (10) 
 ᠶᠠᠨᠲᠠᠬ᠋᠎ᠠ ᠁  ᠁  ᠁  ᠁  ᠁  ᠁  ᠁  ᠁(13) 
    
      ᠬᠣᠶᠠᠲᠤᠭᠠᠷ ᠪᠦᠯᠦᠭ   ᠠᠷᠠᠳ ᠦ᠋ᠨ ᠠᠮᠠ ᠪᠠᠷ ᠵᠣᠬᠢᠶᠠᠭᠲᠠᠭᠰᠠᠨ ᠣᠨᠢᠰᠣᠬ᠋᠎ᠠ 

 ᠡᠷᠬᠡᠲᠡᠨ ᠮᠠᠬᠠᠪᠣᠳ ᠲᠤ ᠬᠣᠯᠪᠣᠭᠲᠠᠬᠤ ᠵᠤᠶ᠋ᠢᠯ  ᠁  ᠁  ᠁   (17)
 ᠥᠷᠭᠥᠭᠡ ᠭᠡᠷ ᠲᠦ ᠬᠣᠯᠪᠣᠭᠲᠠᠬᠤ ᠵᠤᠶ᠋ᠢᠯ ᠁  ᠁  ᠁  ᠁  (37)
 ᠦᠢᠯᠡᠤᠠᠴᠦ ᠬᠢᠬᠦ  ᠳᠤ ᠬᠣᠯᠪᠣᠭᠲᠠᠬᠤ ᠵᠤᠶ᠋ᠢᠯ ᠁  ᠁  ᠁  ᠁ (51) 
 ᠢᠲᠡᠵᠦ ᠤᠤᠭᠤᠬᠤ  ᠳᠤ ᠬᠣᠯᠪᠣᠭᠲᠠᠬᠤ ᠵᠤᠶ᠋ᠢᠯ ᠁  ᠁  ᠁ ᠁ (71)
 ᠬᠠᠷᠪᠤᠵᠤ ᠨᠠᠮᠨᠠᠬᠤ ᠶ᠋ᠢᠨ ᠵᠤᠶ᠋ᠢᠯ ᠁  ᠁  ᠁  ᠁ ᠁ ᠁(76)
 ᠬᠤᠪᠴᠠᠯᠠᠵᠤ ᠡᠮᠦᠰᠬᠦ ᠶ᠋ᠢᠨ ᠵᠤᠶ᠋ᠢᠯ ᠁  ᠁ ᠁ ᠁ ᠁  ᠁(82)
 ᠬᠥᠭᠵᠢᠮᠳᠡᠵᠦ ᠲᠣᠭᠯᠠᠬᠤ ᠵᠤᠶ᠋ᠢᠯ ᠁   ᠁  ᠁  ᠁  ᠁  (85)
 ᠬᠡᠷᠡᠭᠯᠡᠵᠦ ᠡᠲᠯᠡᠬᠦ ᠶ᠋ᠢᠨ ᠵᠤᠶ᠋ᠢᠯ  ᠁  ᠁  ᠁  ᠁  ᠁   (95)     
 ᠦᠵᠦᠭ ᠪᠢᠷ  ᠪᠢᠴᠢᠭ ᠦ᠋ᠨ ᠵᠤᠶ᠋ᠢᠯ ᠁  ᠁  ᠁  ᠁ ᠁   (128)
 ᠦᠬᠡᠷ ᠠᠲᠤᠭᠤ ᠲᠡᠵᠢᠭᠡᠪᠦᠷᠢ ᠶ᠋ᠢᠨ ᠵᠤᠶ᠋ᠢᠯ ᠁  ᠁  ᠁  ᠁(135)
 ᠥᠲᠥᠲᠥ ᠰᠤᠲᠤᠲᠤ ᠵᠢᠭᠦᠷᠲᠡᠨ ᠪ ᠵᠤᠶ᠋ᠢᠯ ᠁  ᠁  ᠁  ᠁ (150) 
 ᠡᠪᠡᠰᠦ ᠲᠠᠷᠢᠶ᠎ᠠ ᠤᠷᠭᠤᠮᠠᠯ ᠦ᠋ᠨ ᠵᠤᠶ᠋ᠢᠯ ᠁  ᠁  ᠁  ᠁  (158)
 ᠪᠠᠶᠠᠨ ᠪᠠᠶ᠋ᠢᠭᠠᠯᠢ ᠶ᠋ᠢᠨ ᠪᠦᠷᠢᠨ ᠵᠤᠶ᠋ᠢᠯ ᠁  ᠁  ᠁  ᠁   (170)
 ᠪᠠᠷᠰ ᠲᠡᠷᠢᠭᠦᠲᠡᠢ ᠠᠮᠢᠲᠠᠨ ᠪ ᠵᠤᠶ᠋ᠢᠯ ᠁  ᠁  ᠁  ᠁   (191)
 ᠬᠣᠷᠣᠬᠠᠢ ᠰᠢᠪᠡᠵᠢ ᠠᠷᠪᠢᠨ ᠵᠤᠶ᠋ᠢᠯ ᠁  ᠁ ᠁  ᠁  ᠁(199)

       ᠭᠤᠷᠪᠠᠲᠤᠭᠠᠷ ᠪᠦᠯᠦᠭ   ᠪᠢᠴᠢᠭ ᠦ᠋ᠨ ᠬᠥᠮᠦᠨ ᠪ ᠵᠣᠬᠢᠶᠠᠭᠰᠠᠨ ᠣᠨᠢᠰᠣᠬ᠋᠎ᠠ

 ᠢᠨᠵᠠᠨᠨᠠᠰᠢ ᠶ᠋ᠢᠨ ᠣᠨᠢᠰᠣᠬ᠋᠎ᠠ ᠁  ᠁  ᠁  ᠁  ᠁   (208)
 ᠲᠤᠶ᠋ᠢᠩᠺᠡᠷ ᠦ᠋ᠨ ᠣᠨᠢᠰᠣᠬ᠋᠎ᠠ ᠁  ᠁  ᠁  ᠁  ᠁  (215)
 ᠲᠡᠭᠦᠰᠬᠡᠯ ᠦ᠋ᠨ ᠦᠭᠡ ᠁  ᠁  ᠁  ᠁  ᠁  ᠁ (225)

       ᠦᠰᠦᠭ ᠠᠮᠢᠯᠠᠭᠤᠯᠤᠭᠴᠢ ᠄ ᠮᠢᠩᠭᠠᠳ · ᠴᠢᠮᠡᠭ ᠂  ᠬᠠᠳᠠᠴᠢ · ᠤᠷᠠᠨ᠎ᠠ
           ᠬᠢᠨᠠᠭᠴᠢ ᠄   ᠬᠠᠷᠠᠨᠤᠳ · ᠲᠤᠶᠠᠭ᠎ᠠ