ᠬᠥᠲᠡᠯᠮᠦᠷᠢ - ᠭᠦᠷᠵᠠᠪ Хөдөлмөр - Гүржав
ᠬᠥᠲᠡᠯᠮᠦᠷᠢ
( ᠬᠥᠲᠡᠯᠮᠦᠷᠢ ᠶ᠋ᠢᠨ ᠬᠥᠮᠦᠵᠢᠯ ᠳᠤ ᠵᠣᠷᠢᠭᠤᠯᠤᠨ ᠪᠢᠴᠢᠭᠰᠡᠨ ᠰᠤᠯᠠ ᠰᠢᠯᠦᠭ)
ᠭᠦᠷᠵᠠᠪ
ᠬᠥᠲᠡᠯᠮᠦᠷᠢ ᠭᠡᠵᠦ
ᠬᠥᠲᠡᠯᠦᠨᠡ ᠂ ᠪᠠᠷᠢᠨ᠎ᠠ ᠭᠡᠰᠡᠨ ᠦᠭᠡ
ᠬᠥᠲᠡᠯᠵᠦ ᠪᠠᠷᠢᠪᠠᠯ
ᠬᠦᠰᠡᠵᠦ ᠰᠠᠨᠠᠭᠰᠠᠨ ᠶᠠᠭᠤᠮ᠎ᠠ
ᠪᠦᠲᠦᠨ᠎ᠡ ᠂ ᠪᠣᠰᠤᠨ᠎ᠠ ᠭᠡᠰᠡᠨ ᠦᠭᠡ ᠁
ᠬᠥᠲᠡᠯᠮᠦᠷᠢ —
ᠬᠥᠮᠦᠨ ᠊ᠢ ᠰᠡᠴᠡᠨ ᠰᠡᠷᠭᠦᠯᠡᠩ ᠪᠣᠯᠭᠠᠲᠠᠭ
ᠬᠥᠲᠡᠯᠮᠦᠷᠢ —
ᠬᠥᠮᠦᠨ ᠊ᠢ ᠡᠷᠡᠭᠦᠯ ᠴᠢᠭᠢᠷᠠᠭ ᠪᠣᠯᠭᠠᠲᠠᠭ
ᠬᠥᠲᠡᠯᠮᠦᠷᠢ — ᠬᠥᠮᠦᠨ ᠳᠤ
ᠬᠦᠴᠦ ᠲᠤᠷᠪᠢ ᠬᠠᠶ᠋ᠢᠷᠠᠯᠠᠲᠠᠭ
ᠬᠥᠲᠡᠯᠮᠦᠷᠢ — ᠬᠥᠮᠦᠨ ᠳᠤ
ᠭᠦᠴᠦᠷᠬᠡᠭᠵᠢᠬᠦ ᠶ᠋ᠢᠨ ᠵᠢᠭᠦᠷ ᠤᠷᠭᠤᠭᠤᠯᠲᠠᠭ
ᠬᠥᠲᠡᠯᠮᠦᠷᠢ ᠰᠠᠶ᠋ᠢᠬᠠᠨ
ᠬᠥᠲᠡᠯᠮᠦᠷᠢ ᠳᠤ —
ᠬᠦᠴᠦᠨ ᠵᠣᠷᠢᠬ ᠠᠭᠤᠯᠤᠭᠲᠠᠵᠤ ᠪᠤᠢ
ᠬᠥᠲᠡᠯᠮᠦᠷᠢ ᠳᠤ —
ᠬᠦᠰᠡᠯᠲᠦ ᠢᠷᠡᠭᠡᠲᠦᠢ ᠳᠠᠯᠠᠯᠤᠭᠳᠠᠵᠤ ᠪᠤᠢ ᠁
ᠬᠥᠲᠡᠯᠮᠦᠷᠢ — ᠨᠠᠨᠲᠢᠨ
ᠬᠥᠲᠡᠯᠮᠦᠷᠢ — ᠬᠥᠮᠦᠨ ᠳᠤ
ᠰᠢᠨ᠎ᠡ ᠶ᠋ᠢ ᠪᠦᠲᠦᠭᠡᠬᠦ ᠠᠷᠬ᠋᠎ᠠ ᠵᠠᠮ ᠊ᠢ
ᠵᠢᠭᠠᠵᠤ ᠥᠭᠳᠡᠭ
ᠬᠥᠲᠡᠯᠮᠦᠷᠢ — ᠡᠷᠬᠢᠮ
ᠬᠥᠲᠡᠯᠮᠦᠷᠢ — ᠬᠥᠮᠦᠨ ᠳᠤ
ᠰᠢᠮᠲᠠᠵᠤ ᠠᠵᠢᠯᠯᠠᠬᠤ ᠠᠴᠢ ᠲᠤᠰᠠ ᠶ᠋ᠢ
ᠮᠡᠲᠡᠭᠦᠯᠵᠦ ᠲᠠᠨᠢᠭᠤᠯᠲᠠᠭ
ᠬᠥᠲᠡᠯᠮᠦᠷᠢ ᠳᠤ ᠪᠢᠲᠡ
ᠢᠯᠡᠭᠦᠬᠡᠨ ᠣᠷᠣᠯᠴᠠᠵᠤ —
ᠬᠦᠴᠦ ᠲᠠᠮᠢᠷ ᠶ᠋ᠢᠠᠨ ᠨᠡᠮᠡᠭᠳᠡᠭᠦᠯᠦᠶ᠎ᠡ
ᠬᠦᠰᠡᠯ ᠰᠡᠤᠠᠬᠢᠯ ᠶ᠋ᠢᠡᠨ ᠬᠥᠪᠴᠢᠯᠡᠶ᠎ᠡ
ᠬᠡᠤᠭᠡᠳ ᠪᠡᠶ᠎ᠡ ᠪᠡᠨ ᠳᠠᠪᠲᠠᠶᠠ !
ᠭᠦᠷᠵᠠᠪ ᠤᠨ ᠵᠤᠬᠢᠶᠠᠭᠰᠠᠨ < ᠬᠡᠤᠭᠡᠳ ᠨᠠᠰᠤ ᠰᠠᠶ᠋ᠢᠬᠠᠨ > ᠡᠴᠡ ᠰᠤᠩᠭᠤᠪᠠ
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠦ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠦ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠲᠠᠰᠢᠮᠠ
ᠦᠰᠦᠭ ᠬᠢᠨᠠᠭᠴᠢ ᠄ ᠪᠠᠶᠠᠷᠴᠡᠴᠭ
2023 ᠤᠨ ᠪ 3 ᠰᠠᠷ᠎ᠠ ᠶ᠋ᠢᠨ 5 ᠪ ᠡᠲᠦᠷ
