ᠴᠢᠯᠠᠭᠤ- ᠭ · ᠴᠢᠩᠪᠠᠭᠠᠲᠤᠷЧулуу-г · чанбаатар
ᠴᠢᠯᠠᠭᠤ
ᠭ · ᠴᠢᠩᠪᠠᠭᠠᠲᠤᠷ
ᠬᠥᠯ ᠲᠣᠷᠭᠣᠵᠤ ᠴᠡᠴᠡᠭ ᠦᠨᠦᠰᠦᠭᠦᠯᠦᠭᠰᠡᠨ ᠬᠥᠬᠡ ᠴᠢᠯᠠᠭᠤ
ᠪᠠᠶ᠋ᠢᠭᠠᠯᠢ ᠳᠤ ᠥᠪᠡᠷ ᠶ᠋ᠢᠡᠨ ᠪᠦᠲᠦᠭᠰᠡᠨ ᠡᠷ᠎ᠡ ᠴᠢᠯᠠᠭᠤ
ᠬᠣᠨᠢ ᠴᠢᠯᠠᠭᠤᠲᠠᠭᠤᠯᠵᠤ ᠠᠪᠤ ᠳᠤ ᠵᠠᠩᠨᠠᠭᠤᠯᠤᠭᠰᠠᠨ《 ᠮᠠᠭᠤ 》 ᠴᠢᠯᠠᠭᠤ
ᠬᠣᠯᠠ ᠶᠠᠪᠤᠭᠠᠳ ᠨᠤᠲᠤᠭ ᠶ᠋ᠢᠠᠨ ᠰᠠᠨᠠᠬᠤ ᠳᠤ ᠠᠷᠭᠠᠲᠠᠭᠰᠠᠨ《 ᠪᠦᠪᠡᠢ 》 ᠴᠢᠯᠠᠭᠤ
ᠲᠩᠷᠢ ᠶ᠋ᠢᠨ ᠣᠲᠣᠨ ᠠ᠋ᠴᠠ ᠬᠡᠯᠲᠡᠷᠡᠵᠦ ᠤᠨᠠᠬ᠋᠎ᠠ ᠦᠭᠡᠢ ᠡᠨᠡ ᠴᠢᠯᠠᠭᠤ
ᠳᠡᠯᠡᠬᠡᠢ ᠶ᠋ᠢᠨ ᠡᠪᠦᠷ ᠡᠴᠡ ᠰᠠᠯᠬᠤ ᠦᠭᠡᠢ ᠬᠠᠯᠠᠭᠤᠨ ᠠᠮᠢ ᠲᠠᠢ ᠴᠢᠯᠠᠭᠤ
ᠳᠡᠮᠡᠢ ᠬᠡᠯᠡᠭᠰᠡᠨ ᠦᠭᠡᠨ ᠳᠤ ᠰᠡᠪᠲᠦᠬᠦ ᠡᠮᠵᠡᠭᠬᠡᠨ ᠴᠢᠯᠠᠭᠤ
ᠲᠡᠮᠡᠦᠯᠬᠦ ᠵᠢᠷᠦᠬᠡ ᠶ᠋ᠢ ᠮᠢᠨᠢ ᠠᠷᠭᠠᠮᠵᠢᠬᠰᠠᠨ ᠪᠦᠯᠢᠶᠡᠨ ᠭᠣᠣᠯ ᠲᠠᠢ ᠴᠢᠯᠠᠭᠤ
ᠵᠠᠲᠠᠭᠠᠢ ᠨᠠᠭᠤᠷ ᠦ᠋ᠨ ᠤᠰᠤᠨ ᠳᠤ ᠳᠣᠯᠢᠶᠠᠯᠭᠠᠨ ᠰᠢᠲᠡᠭᠰᠡᠨ ᠴᠢᠯᠠᠭᠤ
ᠵᠠᠲᠠᠭᠠᠢ ᠭᠠᠯ ᠦ᠋ᠨ ᠤᠭ ᠲᠦ ᠲᠤᠯᠭᠠᠯᠠᠨ ᠣᠴᠣᠭᠯᠠᠭᠰᠠᠨ ᠴᠢᠯᠠᠭᠤ
ᠵᠠᠮ ᠦ᠋ᠨ ᠲᠡᠮᠲᠡᠭ ᠣᠪᠣᠭᠠᠨ ᠳ᠋ᠠᠭᠠᠨ ᠨᠡᠮᠡᠵᠦ ᠮᠥᠷᠭᠥᠭᠰᠡᠨ ᠴᠢᠯᠠᠭᠤ
ᠵᠠᠰᠠᠭ ᠦ᠋ᠨ ᠲᠡᠮᠲᠡᠭ ᠬᠠᠰᠪᠣᠣ ᠲᠠᠮᠠᠬ᠋᠎ᠠ ᠰᠡᠶ᠋ᠢᠯᠵᠦ ᠡᠪᠦᠷᠯᠡᠭᠰᠡᠨ ᠴᠢᠯᠠᠭᠤ
ᠬᠠᠶ᠋ᠢᠯᠭᠠᠭᠠᠳ ᠠᠯᠲᠠ ᠭᠠᠷᠬᠤ ᠦᠭᠡᠢ ᠡᠨᠡ ᠴᠢᠯᠠᠭᠤ
ᠬᠠᠶ᠋ᠢᠯᠤᠭᠠᠳ ᠨᠢᠯᠪᠤᠰᠤ ᠭᠠᠷᠬᠤ ᠦᠭᠡᠢ ᠳᠣᠲᠣᠷ᠎ᠠ ᠪᠠᠨ ᠰᠢᠨᠠᠯᠤᠭᠰᠠᠨ ᠴᠢᠯᠠᠭᠤ
ᠬᠠᠶ᠋ᠢᠭᠠᠳ ᠬᠣᠶᠠᠷ ᠣᠯᠲᠠᠬᠤ ᠦᠭᠡᠢ ᠠᠮᠢᠨ ᠡᠷᠲᠡᠨᠢ ᠴᠢᠯᠠᠭᠤ
ᠬᠠᠷᠢᠭᠠᠳ ᠨᠠᠮ᠎ᠠ ᠶ᠋ᠢ ᠣᠴᠢᠬᠤ ᠳᠤ ᠬᠠᠭᠤᠴᠢᠨ ᠲᠠᠨᠢᠯ ᠰᠢᠭ᠋ ᠴᠢᠯᠠᠭᠤ
ᠬᠠᠲᠠᠭ ᠲᠦ ᠪᠣᠭᠣᠭᠠᠳ ᠶᠠᠪᠤᠬᠤ ᠪᠠᠷ ᠠᠬᠢ ᠦᠨᠦᠷᠲᠦᠭᠰᠡᠨ ᠴᠢᠯᠠᠭᠤ
ᠬᠠᠲᠠᠨ ᠳᠤᠨᠢ ᠠᠪᠠᠴᠢᠭᠠᠳ ᠲᠠᠯᠪᠢᠬᠤ ᠪᠠᠷ ᠰᠦ᠋ ᠬᠠᠩᠬᠤᠯᠤᠭᠰᠠᠨ ᠴᠢᠯᠠᠭᠤ
ᠬᠠᠯᠲᠠᠬᠤ ᠳᠠᠶ᠋ᠢᠰᠤᠨ ᠢᠷᠡᠬᠦ ᠳᠤ ᠰᠤᠮᠤ ᠪᠣᠯᠭᠠᠬᠤ ᠴᠢᠯᠠᠭᠤ
ᠬᠠᠲᠠᠨ ᠭᠡᠷ ᠲᠡᠭᠡᠨ ᠬᠠᠷᠢᠬᠤ ᠳᠤ ᠳᠡᠷᠡ ᠮᠢᠨᠢ ᠪᠣᠯᠬᠤ ᠴᠢᠯᠠᠭᠤ
2003.6.10
ᠦᠰᠦᠭ ᠠᠮᠢᠯᠠᠭᠤᠯᠤᠭᠴᠢ ᠄
ᠪᠠᠯᠵᠢ
ᠬᠢᠨᠠᠭᠴᠢ ᠄ ᠬᠠᠲᠠᠨᠴᠡᠴᠡᠭ
