ᠵᠠᠭᠤᠨ ᠨᠠᠮᠤᠷ ᠤᠨ ᠭᠤᠶᠤᠲᠠᠯ- ᠭ ᠂ ᠴᠢᠩᠪᠠᠭᠠᠲᠤᠷЗуун намрын гуйдал-г чанбаатар
ᠵᠠᠭᠤᠨ ᠨᠠᠮᠤᠷ ᠤᠨ ᠭᠤᠶᠤᠲᠠᠯ
ᠭ ᠂ ᠴᠢᠩᠪᠠᠭᠠᠲᠤᠷ
ᠵᠡᠯᠡᠯᠡᠭᠡᠳ ᠪᠤᠴᠠᠭᠰᠠᠨ ᠰᠢᠪᠠᠭᠤᠳ
ᠴᠠᠭ ᠊ᠢ ᠠᠪᠤᠭᠠᠳ ᠶᠠᠪᠤᠴᠢᠬᠠᠬᠤ ᠶᠤᠮ
ᠵᠡᠷᠭᠡᠯᠭᠡᠨ ᠮᠡᠲᠦ ᠮᠥᠷᠥᠭᠡᠳᠦᠯ ᠳ᠋ᠦ᠍ ᠨᠠᠮ᠎ᠠ ᠶ᠋ᠢ ᠤᠨᠠᠭᠠᠭᠠᠳ ᠤᠤᠠᠴᠢᠬᠠᠬᠤ ᠶᠤᠮ
ᠵᠢᠪᠡᠷᠡᠭᠦᠨ ᠨᠠᠮᠤᠷ ᠦ᠋ᠨ ᠡᠳᠦᠷ ᠦ᠋ᠳᠲᠦ᠍ ᠬᠦᠦ ᠪᠡᠨ ᠢᠷᠡᠬᠦ ᠶ᠋ᠢ ᠯᠡ
ᠬᠦᠯᠢᠶᠡᠵᠦ
ᠵᠢᠩᠳᠡᠲᠡᠯᠡ ᠪᠡᠨ ᠵᠣᠭᠰᠣᠵᠤ ᠰᠠᠷᠠᠪᠴᠢᠯᠠᠬᠤ ᠡᠵᠢ ᠶ᠋ᠢᠨ ᠮᠢᠨᠢ ᠪᠤᠭᠤᠷᠤᠯ ᠊ᠢ ᠨᠡᠮᠡᠬᠦ ᠶᠤᠮ
ᠤᠬᠢᠯᠠᠭᠠᠳ ᠪᠤᠴᠠᠭᠰᠠᠨ ᠰᠢᠪᠠᠭᠤᠳ ᠤᠷᠢ ᠶ᠋ᠢ
ᠳᠠᠭᠠᠭᠤᠯᠤᠭᠠᠳ ᠶᠠᠪᠤᠴᠢᠬᠠᠬᠤ ᠶᠤᠮ
ᠦᠢᠲᠠᠢ ᠨᠠᠮᠤᠷ ᠦ᠋ᠨ ᠪᠣᠷᠣᠭᠠᠨ ᠵᠢᠷᠦᠬᠡᠨ ᠳ᠋ᠦ᠍ ᠲᠤᠨᠲᠠᠯᠠ ᠠᠰᠬᠠᠷᠠᠬᠤ
ᠶᠤᠮ
ᠤᠨᠢᠶᠠᠷ ᠲᠠᠢ ᠨᠠᠮᠤᠷ ᠦ᠋ᠨ ᠡᠳᠦᠷ ᠦ᠋ᠳ ᠊ᠢ ᠡᠷᠢᠬᠡᠨ ᠳᠦ ᠬᠡᠯᠬᠢᠨ ᠲᠤᠭᠠᠯᠠᠬᠤ
ᠤᠬᠠᠭᠠᠨ ᠲᠠᠢ ᠭᠠᠭᠴᠠᠬᠠᠨ ᠠᠪᠤ ᠶ᠋ᠢᠨ ᠮᠢᠨᠢ ᠠᠲᠤᠷᠢᠶ᠎ᠠ ᠶ᠋ᠢ ᠳᠠᠩᠳᠠ ᠨᠡᠮᠡᠬᠦ
ᠶᠤᠮ
ᠳᠠᠭᠤᠯᠠᠭᠠᠳ ᠢᠷᠡᠬᠦ ᠰᠢᠪᠠᠭᠤᠳ ᠬᠠᠪᠤᠷ ᠊ᠢ ᠤᠷᠢᠭᠠᠳ ᠪᠠᠶᠠᠰᠬᠠᠬᠤ ᠶᠤᠮ
ᠳᠠᠭᠤᠤ ᠰᠢᠯᠦᠭ ᠰᠢᠭ᠌ ᠡᠳᠦᠷ ᠦ᠋ᠳ ᠤᠯᠠᠷᠢᠯ ᠳᠠᠮᠨᠠᠭᠠᠳ ᠤᠷᠤᠰᠬᠤ ᠶᠤᠮ
ᠵᠠᠭᠤᠨ ᠬᠠᠪᠤᠷ ᠢᠷᠡᠭᠰᠡᠨ ᠴᠦ᠍ ᠵᠠᠭᠤᠨ ᠨᠠᠮᠤᠷ ᠲᠠᠢ ᠯᠠ ᠪᠠᠶ᠋ᠢᠬᠤ ᠶᠤᠮ
ᠵᠢᠷᠦᠬᠡᠨ ᠪ ᠬᠠᠶ᠋ᠢᠷᠠᠲᠠᠢ ᠬᠣᠶᠠᠷ
ᠦ᠋ᠨ ᠮᠢᠨᠢ ᠰᠠᠨᠴᠢᠬ ᠦ᠋ᠨ ᠬᠢᠷᠠᠭᠤ ᠠᠷᠢᠯᠬᠤ ᠥᠬᠡᠢ ᠶᠤᠮ
ᠲᠦᠮᠡᠨ ᠲᠦᠮᠡᠨ ᠬᠠᠪᠤᠷ ᠲᠠᠢ ᠬᠣᠷᠸ᠋᠎ᠠ ᠶᠠᠭᠠᠬᠢᠭᠰᠠᠨ ᠪᠠᠶᠠᠨ ᠪᠣᠢ
ᠲᠦᠮᠡᠨ ᠲᠦᠮᠡᠨ ᠨᠠᠮᠤᠷ ᠲᠠᠢ ᠬᠣᠷᠸ᠋᠎ᠠ ᠶᠠᠮᠠᠷ ᠲᠠᠩᠰᠤᠭ ᠪᠣᠢ
ᠵᠤᠵᠠᠭᠠᠨ ᠪᠣᠷᠣ ᠬᠣᠨᠣᠭ ᠦ᠋ᠳ ᠶ᠋ᠢᠠᠨ ᠪᠦᠭᠦᠳᠡᠶ᠋ᠢ ᠥᠭᠬᠦ ᠦᠭᠡᠢ ᠶᠤᠮ ᠭᠡᠬᠦ ᠳ᠋ᠦ᠍ ᠪᠠᠨ
ᠵᠠᠭᠤᠨ ᠰᠠᠶ᠋ᠢᠬᠠᠨ ᠨᠠᠮᠤᠷ ᠊ᠢ ᠡᠵᠢ ᠯᠡ ᠠᠪᠤ ᠳ᠋ᠦ᠍ ᠮᠢᠨᠢ ᠥᠭᠭᠦᠭᠡᠴᠢ!
2008.11.3
ᠦᠰᠦᠭ ᠠᠮᠢᠯᠠᠭᠤᠯᠤᠭᠴᠢ ᠄ ᠨᠠᠪᠴᠢ
ᠬᠢᠨᠠᠭᠴᠢ ᠄ ᠰᠡᠯᠡᠭᠦᠨ
