ᠭᠤᠴᠢ ᠬᠦᠷᠦᠭᠰᠡᠨ ᠪᠣᠯ ᠲᠠ ᠳᠣᠯᠣᠭᠠᠨ ᠵᠢᠯ ᠦ᠋ᠨ ᠬᠣᠶ᠋ᠢᠨ᠎ᠠ ᠨᠡᠮᠡᠢᠢ ᠣᠶ᠋ᠢᠯᠠᠭᠠᠨ᠎ᠠ — ᠴᠣᠢᠨᠣᠮ Гуч хүрсэн бол та долоон жилийн хойно намыг ойлгоно — Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠴᠢ ᠬᠦᠷᠦᠭᠰᠡᠨ ᠪᠣᠯ ᠲᠠ ᠳᠣᠯᠣᠭᠠᠨ ᠵᠢᠯ ᠦ᠋ᠨ ᠬᠣᠶ᠋ᠢᠨ᠎ᠠ ᠨᠡᠮᠡᠢᠢ ᠣᠶ᠋ᠢᠯᠠᠭᠠᠨ᠎ᠠ — ᠴᠣᠢᠨᠣᠮ Гуч хүрсэн бол та долоон жилийн хойно намыг ойлгоно — Чойном

ᠭᠤᠴᠢ ᠬᠦᠷᠦᠭᠰᠡᠨ ᠪᠣᠯ ᠲᠠ ᠳᠣᠯᠣᠭᠠᠨ ᠵᠢᠯ ᠦ᠋ᠨ ᠬᠣᠶ᠋ᠢᠨ᠎ᠠ ᠨᠡᠮᠡᠢᠢ ᠣᠶ᠋ᠢᠯᠠᠭᠠᠨ᠎ᠠ — ᠴᠣᠢᠨᠣᠮ Гуч хүрсэн бол та долоон жилийн хойно намыг ойлгоно — Чойном

2023-03-10

287

ᠭᠤᠴᠢ ᠬᠦᠷᠦᠭᠰᠡᠨ ᠪᠣᠯ ᠲᠠ ᠳᠣᠯᠣᠭᠠᠨ ᠵᠢᠯ ᠦ᠋ᠨ ᠬᠣᠶ᠋ᠢᠨ᠎ᠠ ᠨᠡᠮᠡᠢᠢ ᠣᠶ᠋ᠢᠯᠠᠭᠠᠨ᠎ᠠ


ᠭᠤᠴᠢ ᠬᠦᠷᠦᠭᠰᠡᠨ ᠪᠣᠯ ᠲᠠ ᠳᠣᠯᠣᠭᠠᠨ ᠵᠢᠯ ᠦ᠋ᠨ ᠬᠣᠶ᠋ᠢᠨ᠎ᠠ ᠨᠠᠮᠡᠢᠢ ᠣᠶ᠋ᠢᠯᠠᠭᠠᠨ᠎ᠠ
ᠭᠤᠷᠪᠠᠬᠠᠨ ᠬᠠᠪᠤᠷ ᠦ᠋ᠨ ᠳᠠᠷᠠᠬ᠋᠎ᠠ ᠳᠥᠴᠢ ᠬᠦᠷᠦᠨ᠎ᠡ ᠂ ᠲᠡᠭᠡᠬᠦ ᠳ᠋ᠡᠭᠡᠨ ᠪᠢ
ᠭᠤᠨᠢᠬ᠋᠎ᠠ ᠦᠭᠡᠢ ᠬᠠᠷᠢᠨ ᠪᠠᠶᠠᠷᠯᠠᠬᠤ ᠤᠴᠢᠷ ᠭᠡᠪᠡᠯ
ᠵᠠᠯᠠᠭᠤ ᠽᠠᠨᠲᠠᠨ ᠶᠠᠪᠤᠬᠤ ᠬᠣᠷᠸ᠋᠎ᠠ ᠪᠦᠬᠦᠨ ᠊ᠢ ᠠᠮᠰᠠᠵᠤ
ᠵᠡᠷᠲᠡᠢ ᠴᠤᠤᠲᠠᠢ ᠶᠠᠪᠤᠬᠤ ᠶ᠋ᠢᠨ ᠲᠡᠷᠡ ᠪᠦᠬᠦᠨ ᠊ᠢ ᠡᠲᠯᠡᠵᠦ
ᠽᠠᠨᠪᠤᠳᠢᠪ ᠦ᠋ᠨ ᠨᠢᠭᠤᠷ ᠳᠡᠭᠡᠷ᠎ᠡ ᠡᠴᠡ ᠬᠣᠪᠬᠤ  ᠠᠷᠴᠢᠭᠤᠯᠬᠤ  ᠲᠥᠬᠦᠭᠰᠡᠨ
ᠵᠠᠲᠠᠭᠠᠢ ᠳᠤᠷ᠎ᠠ ᠪᠠᠷ ᠠᠮᠢᠲᠤᠷᠠᠯ ᠮᠢᠨᠢ ᠰᠠᠶᠢᠬᠠᠨ ᠠ᠋ᠴᠠ ᠲᠣᠭᠲᠠᠵᠤ ᠪᠠᠶ᠋ᠢᠨ᠎ᠠ ᠃ 
ᠴᠠᠭᠠᠨ ᠵᠢᠭᠦᠷᠲᠦ ᠴᠠᠬᠤᠯᠠᠢ ᠳᠠᠯᠠᠢ ᠶ᠋ᠢᠨ ᠰᠢᠭᠤᠷᠬ᠋᠎ᠠ ᠶ᠋ᠢ ᠬᠦᠰᠡᠬᠦ ᠰᠢᠭ᠌
ᠴᠠᠶ᠋ᠢᠯᠭᠠᠨ ᠵᠠᠯᠠᠭᠤ ᠨᠠᠰᠤᠨ  ᠳᠤ ᠳᠡᠷᠪᠡᠨ ᠨᠠᠷᠭᠢᠬᠤ ᠶ᠋ᠢ ᠮᠥᠷᠥᠭᠡᠰᠴᠦ
ᠴᠠᠭ ᠬᠤᠭᠤᠴᠠᠬ᠋᠎ᠠ ᠪᠦᠬᠦᠨ ‍ᠢᠶ᠋ᠠᠨ ᠴᠠᠭ ᠦᠶ᠎ᠡ ᠰᠢᠭ᠌  ᠤᠷᠤᠰᠬᠠᠵᠤ
ᠴᠠᠭᠲᠠᠵᠤ ᠵᠣᠭᠰᠣᠭᠠᠬᠤ ᠠᠷᠬ᠋᠎ᠠ ᠦᠭᠡᠢ ᠴᠢᠩᠭᠠᠯᠠᠵᠤ ᠶᠠᠪᠤᠭᠰᠠᠨ ᠪᠠᠶ᠋ᠢᠬᠤ ᠶᠤᠮ
ᠠᠯᠲᠠᠬ᠋᠎ᠠ ᠣᠨᠣᠬ᠋᠎ᠠ ᠶᠡᠬᠡᠲᠡᠢ ᠶᠡᠬᠡ ᠣᠷᠣᠨ ᠪ ᠮᠢᠨᠢ ᠡᠪᠦᠭᠡ
ᠠᠯᠲᠠᠨ ᠪ ᠰᠠᠶ᠋ᠢᠬᠠᠨ ᠪᠦᠬᠦᠨ ᠾᠦᠩᠨᠦ ᠶ᠋ᠢᠨ ᠦᠶ᠎ᠡ  ᠳᠤ ᠬᠠᠶᠠᠭᠰᠠᠨ ᠰᠢᠭ᠋
ᠠᠮᠢᠨ ᠳ᠋ᠠᠭᠠᠨ ᠠᠷᠴᠢ ᠡᠨᠡ ᠨᠢᠭᠡᠨ ᠪᠡᠶ᠎ᠡ ᠮᠢᠨᠢ ᠪᠠᠭᠠᠲᠠᠢ
ᠠᠮᠠᠷᠠᠭ ᠰᠠᠶ᠋ᠢᠬᠠᠨ ᠪᠦᠬᠦᠨ ᠊ᠢ ᠵᠠᠯᠠᠭᠤ ᠨᠠᠰᠤᠨ ᠳ᠋ᠠᠭᠠᠨ ᠭᠡᠭᠡᠵᠡᠢ ᠃
ᠨᠣᠶ᠋ᠢᠷ ᠬᠣᠭᠣᠯᠠᠨ ᠪ ᠣᠷᠣᠨ  ᠳᠤ ᠬᠣᠲᠠ ᠶ᠋ᠢᠨ ᠭᠤᠲᠤᠮᠵᠢ ᠲᠤᠶ᠋ᠢᠪᠡᠭᠡᠵᠦ
ᠨᠣᠮ ᠡᠷᠲᠡᠮ ᠦ᠋ᠨ ᠣᠷᠣᠨ  ᠳᠤ ᠬᠣᠣᠷᠲᠠᠢ ᠰᠢᠩᠭᠡᠨ ᠵᠠᠯᠭᠢᠯᠠᠵᠤ 
ᠨᠣᠬᠠᠢ ᠶᠠᠪᠤᠲᠠᠭ ᠵᠢᠮ᠎ᠡ ᠊ᠢ ᠪᠤᠷᠬᠠᠨ ᠶᠠᠪᠤᠲᠠᠭ ᠵᠠᠮ  ᠰᠢᠭ᠋
ᠨᠣᠮᠢᠨ ᠳᠡᠯᠡᠬᠡᠢ ᠳᠡᠭᠡᠷ᠎ᠡ ᠡᠴᠡ ᠪᠤᠷᠤᠭᠤ ᠪᠠᠷ ᠰᠢᠯᠢᠵᠦ ᠶᠠᠪᠤᠭᠰᠠᠨ
ᠠᠷᠪᠠᠨ ᠵᠢᠷᠭᠤᠭᠠᠨ ᠨᠠᠰᠤᠨ ᠠ᠋ᠴᠠ ᠭᠤᠴᠢᠨ ᠭᠤᠷᠪᠠ ᠶ᠋ᠢ ᠬᠦᠷᠲᠡᠯᠡᠬᠢ
ᠠᠶᠤᠯᠲᠠᠢ ᠲᠡᠷᠡ ᠳᠠᠪᠠᠬ᠋᠎ᠠ ᠶ᠋ᠢ ᠠᠬᠢᠨ ᠳᠠᠪᠠᠬᠤ ᠶ᠋ᠢ ᠬᠦᠰᠡᠬᠦ ᠦᠭᠡᠢ
ᠠᠮᠢ  ᠳᠦᠢᠳᠡᠢ ᠰᠢᠭᠤᠷᠬ᠋᠎ᠠ ᠠᠰᠢᠭᠦᠢ ᠵᠢᠭᠠᠯ ᠨᠠᠮᠲᠠᠬᠤ
ᠠᠵᠠᠢ ᠪᠤᠭᠤᠷᠤᠯ ᠦ᠋ᠨ ᠡᠲᠦᠷ ᠦ᠋ᠳ ᠮᠢᠨᠢ ᠠᠯᠲᠠᠨ ᠠ᠋ᠴᠠ ᠦᠨᠡᠲᠡᠢ ᠪᠠᠶ᠋ᠢᠨ᠎ᠠ ᠃
ᠭᠤᠴᠢ  ᠬᠦᠷᠦᠭᠰᠡᠨ ᠪᠣᠯ ᠲᠠ ᠳᠣᠯᠣᠭᠠᠨ ᠵᠢᠯ  ᠦ᠋ᠨ ᠬᠣᠶ᠋ᠢᠨ᠎ᠠ ᠨᠡᠮᠡᠢᠢ  ᠣᠶ᠋ᠢᠯᠠᠭᠠᠨ᠎ᠠ᠃
ᠭᠤᠴᠢ ᠬᠦᠷᠦᠭᠡ ᠦᠭᠡᠢ ᠪᠣᠯ ᠴᠢ ᠣᠯᠠᠨ ᠵᠢᠯ ᠦ᠋ᠨ ᠬᠣᠶ᠋ᠢᠨ᠎ᠠ ᠨᠡᠮᠡᠢᠢ ᠣᠶ᠋ᠢᠯᠠᠭᠠᠵᠤ ᠮᠠᠭᠠᠳ ᠦᠭᠡᠢ 
ᠭᠣᠣᠯᠰᠡᠯᠲᠡ ᠨᠤᠷᠡᠯᠲᠡ ᠶᠡᠬᠡᠲᠡᠢ ᠠᠮᠢᠲᠤᠷᠠᠯ ᠦ᠋ᠨ ᠵᠠᠮ  ᠭᠡᠳᠡᠭ
ᠭᠤᠴᠢ ᠪᠤᠰᠤ ᠲᠥᠴᠢᠨ ᠳᠠᠪᠠᠬ᠋᠎ᠠ ᠪᠠᠶ᠋ᠢᠵᠤ ᠰᠠᠶᠢ ᠲᠡᠭᠰᠢᠷᠡᠳᠡᠭ ᠪᠠᠶ᠋ᠢᠨ᠎ᠠ ᠃
         1973 .11.12 ᠲᠣᠯᠣᠭᠠᠶ᠋ᠢᠲᠤ

     《 ᠷ · ᠴᠣᠶ᠋ᠢᠨᠣᠮ ᠦ᠋ᠨ ᠰᠢᠯᠦᠭ᠋ ᠵᠣᠬᠢᠶᠠᠯ ᠦ᠋ᠨ ᠬᠤᠷᠢᠶᠠᠬᠤᠢ — 》
          — ᠤᠶᠠᠩᠬ᠋᠎ᠠ ᠶ᠋ᠢᠨ ᠰᠢᠯᠦᠭ᠋ ᠡᠴᠡ ᠬᠠᠭᠤᠯᠪᠠ ᠃
         ᠪᠢ᠍᠊ · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
           ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠣᠨᠤᠳ ᠳᠣᠷᠵᠢ

            ᠦᠰᠦᠭ ᠠᠮᠢᠯᠠᠭᠤᠯᠤᠭᠴᠢ ᠄   ᠴᠣᠭᠵᠢᠷᠭᠠᠯ
             ᠬᠢᠨᠠᠭᠴᠢ ᠪᠠᠭᠰᠢ ᠄  ᠣᠳᠬᠠᠨᠰᠸ᠎ᠠ