ᠪᠠᠭᠰᠢ ᠬᠥᠮᠦᠨ ᠡᠷᠲᠡᠯᠡᠨ ᠪᠣᠰᠲᠠᠭ - ᠭᠦᠷᠵᠠᠪ Багш хүн эртлэн босдог       -   Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠭᠰᠢ ᠬᠥᠮᠦᠨ ᠡᠷᠲᠡᠯᠡᠨ ᠪᠣᠰᠲᠠᠭ - ᠭᠦᠷᠵᠠᠪ Багш хүн эртлэн босдог       -   Гүржав

ᠪᠠᠭᠰᠢ ᠬᠥᠮᠦᠨ ᠡᠷᠲᠡᠯᠡᠨ ᠪᠣᠰᠲᠠᠭ - ᠭᠦᠷᠵᠠᠪ Багш хүн эртлэн босдог       -   Гүржав

2023-03-10

235

ᠪᠠᠭᠰᠢ ᠬᠥᠮᠦᠨ ᠡᠷᠲᠡᠯᠡᠨ ᠪᠣᠰᠲᠠᠭ


               ᠭᠦᠷᠵᠠᠪ

 ᠰᠤᠪᠤᠷᠠᠬᠤ  ᠦᠷ ᠦ᠋ᠨ ᠭᠡᠭᠡ ᠰᠢᠭᠦᠷᠡᠨ
 ᠱᠤᠯᠤᠭᠠᠨᠠᠬᠤ ᠰᠢᠪᠠᠭᠤᠳ ᠦ᠋ᠨ ᠵᠢᠷᠭᠢᠭᠡ ᠳᠥᠷᠥᠭᠡᠯᠡᠨ
 ᠴᠤᠪᠤᠷᠠᠬᠤ ᠡᠲᠦᠷ ᠦ᠋ᠳ ᠦ᠋ᠨ ᠵᠢᠯᠣᠭᠣ ᠶ᠋ᠢ ᠡᠷᠭᠦᠨ
 ᠴᠣᠪᠣᠭᠣᠯᠢᠬ ᠬᠡᠦᠬᠡᠳ ᠦ᠋ᠳ ᠦ᠋ᠨ ᠢᠨᠢᠶᠡᠲᠦ ᠶ᠋ᠢ ᠲᠡᠪᠡᠷᠢᠨ
 ᠪᠠᠭᠰᠢ ᠬᠥᠮᠦᠨ ᠡᠷᠲᠡᠯᠡᠨ ᠪᠣᠰᠲᠠᠭ
 ᠪᠠᠶᠠᠰᠤᠯ ᠳᠡᠪᠬᠡᠷᠦᠯ ᠊ᠢ ᠤᠭᠲᠤᠨ ᠪᠣᠰᠲᠠᠭ
 ᠬᠥᠮᠦᠨ ᠪ ᠰᠣᠲᠣᠨ ᠦᠷᠡᠰ ᠪᠦᠬᠦᠨ  ᠳᠤ
 ᠬᠥᠮᠦᠵᠢᠯ ᠦ᠋ᠨ ᠰᠦ᠋ ᠪᠡᠨ ᠬᠠᠷᠠᠮ ᠦᠭᠡᠢ ᠬᠦᠷᠲᠡᠭᠡᠬᠦ ᠭᠡᠵᠦ
 ᠬᠥᠷᠥᠰᠥᠲᠦ ᠳᠡᠯᠡᠬᠡᠢ ᠶ᠋ᠢᠨ ᠭᠠᠵᠠᠷ ᠪᠣᠯᠭᠠᠨ  ᠳᠤ
 ᠬᠦᠯ ᠦ᠋ᠨ ᠮᠥᠷ ᠊ᠢ ᠨᠢ ᠲᠡᠭᠰᠢᠭᠡᠨ ᠭᠢᠰᠬᠢᠭᠦᠯᠬᠦ ᠭᠡᠵᠦ
 ᠪᠠᠭᠰᠢ ᠬᠥᠮᠦᠨ ᠡᠷᠲᠡᠯᠡᠨ ᠪᠣᠰᠲᠠᠭ
 ᠪᠠᠶᠠᠷ ᠴᠡᠩᠭᠡᠯ ᠊ᠢ ᠢᠲᠡᠭᠡᠨ ᠪᠣᠰᠲᠠᠭ
 ᠪᠠᠶ᠋ᠢᠲᠠᠭ ᠮᠠᠭᠤᠬᠠᠢ ᠰᠤᠷᠲᠠᠯ  ᠦᠵᠡᠭᠳᠡᠯ ᠊ᠢ
 ᠪᠠᠷᠢᠨ ᠳᠣᠣᠷ᠎ᠠ ᠨᠢ ᠳᠠᠷᠤᠬᠤ ᠂ ᠠᠷᠢᠯᠭᠠᠬᠤ ᠭᠡᠵᠦ
 ᠪᠢᠷ᠎ᠠ ᠮᠠᠭᠤᠲᠠᠢ ᠲᠠᠷᠢᠬᠢ ᠰᠡᠤᠠᠬᠢᠴᠡ ᠶ᠋ᠢ
 ᠪᠠᠶᠠᠯᠢᠬ ᠮᠡᠲᠡᠴᠡ ᠪᠡᠷ ᠶ᠋ᠢᠡᠨ  ᠬᠦᠴᠦᠷᠬᠡᠭᠵᠢᠭᠦᠯᠬᠦ ᠂ ᠴᠠᠬᠢᠷᠠᠭᠵᠢᠭᠤᠯᠬᠤ ᠭᠡᠵᠦ
 ᠪᠠᠭᠰᠢ ᠬᠥᠮᠦᠨ ᠡᠷᠲᠡᠯᠡᠨ ᠪᠣᠰᠲᠠᠭ
 ᠪᠠᠷᠲᠠᠮ — ᠳᠦᠭᠦᠷᠡᠩ ᠪᠡᠯᠡᠤᠠᠬᠡᠯ ᠲᠡᠢ ᠪᠣᠰᠲᠠᠭ
 ᠪᠠᠰᠠ ᠠᠯᠢ ᠨᠠᠶ᠋ᠢᠵᠠ ᠨᠢ ᠡᠪᠡᠤᠠᠴᠢᠯᠡᠪᠡ ᠭᠡᠵᠦ
 ᠪᠠᠲᠤᠤᠠᠬᠠᠬᠤ ᠵᠦᠢᠯ ᠶᠠᠭᠤ ᠪᠠᠶ᠋ᠢᠨ᠎ᠠ ‍ᠤᠤ ᠭᠡᠵᠦ
 ᠪᠠᠬ᠎ᠠ ᠲᠠᠢ ᠬᠥᠲᠡᠯᠭᠡᠭᠡᠨ ᠶᠠᠭᠠᠬᠢᠵᠤ ᠥᠷᠨᠢᠭᠦᠯᠦᠨ᠎ᠡ ‍ᠤᠤ ᠭᠡᠵᠦ
 ᠪᠠᠶ᠋ᠢᠭᠤᠯᠬ᠋᠎ᠠ ᠶ᠋ᠢᠨ ᠬᠥᠮᠦᠰ ᠲᠡᠢ ᠬᠡᠷᠬᠢᠨ ᠪᠦᠯᠬᠦᠮᠲᠡᠨ᠎ᠡ ‍ᠤᠤ ᠭᠡᠵᠦ
 ᠪᠠᠭᠰᠢ ᠬᠥᠮᠦᠨ ᠡᠷᠲᠡᠯᠡᠨ ᠪᠣᠰᠲᠠᠭ
 ᠪᠠᠶ᠋ᠢᠩᠭᠤ ᠣᠯᠠᠨ ᠪᠣᠲᠣᠯ ᠲᠠᠢ ᠪᠣᠰᠲᠠᠭ ᠃

ᠢᠷᠡᠯᠲᠡ – ᠬᠡᠤᠭᠡᠳ ᠨᠠᠰᠤ ᠰᠠᠶ᠋ᠢᠬᠠᠨ
        ᠭᠦᠷᠵᠠᠪ ᠵᠣᠬᠢᠶᠠᠪᠠ
          ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
          ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
          ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
         2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
         2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ


       ᠦᠰᠦᠭ ᠠᠮᠢᠯᠠᠭᠤᠯᠤᠭᠴᠢ ᠄   ᠪᠣᠷᠭᠢᠯ
       ᠦᠰᠦᠭ  ᠬᠢᠨᠠᠭᠴᠢ ᠄   ᠪᠠᠶᠠᠷᠴᠡᠴᠡᠭ
              2023 ᠣᠨ ᠪ3 ᠰᠠᠷ᠎ᠠ ᠶ᠋ᠢᠨ 5 ᠪ ᠡᠲᠦᠷ