ᠬᠡᠦᠬᠡᠳ ᠦ᠋ᠨ ᠪᠣᠲᠣᠯ - ᠭᠦᠷᠵᠠᠪ Хүүхдийн бодол     - Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠦᠬᠡᠳ ᠦ᠋ᠨ ᠪᠣᠲᠣᠯ - ᠭᠦᠷᠵᠠᠪ Хүүхдийн бодол     - Гүржав

ᠬᠡᠦᠬᠡᠳ ᠦ᠋ᠨ ᠪᠣᠲᠣᠯ - ᠭᠦᠷᠵᠠᠪ Хүүхдийн бодол     - Гүржав

2023-03-10

290

ᠬᠡᠦᠬᠡᠳ ᠦ᠋ᠨ ᠪᠣᠲᠣᠯ


                    ᠭᠥᠷᠵᠠᠪ

 ᠬᠦᠷᠡᠩ ᠳᠡᠯᠡᠬᠡᠢ ᠪᠡᠨ ᠲᠡᠪᠡᠷᠢᠨ ᠳᠡᠪᠬᠡᠴᠡᠬᠦ 
 ᠬᠥᠩᠭᠡᠨ  ᠨᠥᠮᠵᠦᠭ ᠰᠠᠯᠬᠢ ᠂ ᠵᠡᠷᠭᠡᠯᠭᠡᠨ 
 ᠬᠦᠰᠡᠯ ᠲᠡᠮᠡᠦᠯᠦᠯ ᠶ᠋ᠢᠡᠨ ᠡᠮᠡᠭᠡᠯᠯᠡᠵᠦ ᠵᠠᠶ᠋ᠢᠲᠠᠯᠠᠬᠤ 
 ᠬᠥᠮᠦᠨ ᠪ ᠨᠢᠯᠬ᠎ᠠ ᠤᠬᠠᠭᠠᠨ ᠂ ᠰᠡᠤᠠᠬᠢᠴᠡ 

 ᠤᠨᠠᠭᠰᠠᠨ ᠣᠷᠣᠨ ᠠ᠋ᠴᠠ ᠪᠠᠨ ᠤᠷᠭᠤᠵᠤ ᠭᠢᠯᠠᠰᠬᠤ 
 ᠤᠯᠢᠶᠠᠷᠬᠠᠭ ᠬᠥᠭᠡᠷᠦᠬᠦᠨ ᠦᠷᠡᠯᠡᠯ ᠂ ᠰᠣᠶᠣᠭᠠᠯᠠᠯ 
 ᠤᠴᠠᠷᠠᠭᠰᠠᠨ ᠵᠦᠢᠯᠡᠰ ᠶ᠋ᠢᠡᠨ ᠤᠬᠤᠴᠢᠯᠠᠵᠤ ᠨᠢᠬᠲᠠᠯᠠᠬᠤ
 ᠥᠷᠥᠪᠴᠢᠬᠡᠨ ᠰᠡᠴᠡᠨ ᠨᠢᠲᠦᠯᠡᠯ ᠤᠩᠰᠢᠯᠬ᠋᠎ᠠ 
 ᠬᠡᠦᠬᠡᠳ ᠦ᠋ᠨ ᠪᠣᠲᠣᠯ ᠪᠢᠯᠡ ᠂ 

 ᠬᠥᠬᠡ ᠲᠩᠷᠢ ᠪᠡᠨ ᠡᠯᠢᠭᠡᠲᠡᠨ ᠳᠡᠭᠡᠭᠰᠢᠯᠡᠬᠦ 
 ᠬᠦᠭᠡᠷᠦᠭᠰᠡᠨ ᠨᠠᠷᠠᠨ ᠪ ᠰᠠᠴᠤᠷᠠᠭ ᠪᠢᠯᠡ
 ᠬᠥᠲᠡᠭᠡ ᠲᠠᠯ᠎ᠠ ᠪᠠᠨ ᠴᠢᠪᠬᠠᠲᠠᠨ ᠰᠡᠷᠭᠦᠭᠡᠬᠦ 
 ᠬᠥᠯᠥᠭ ᠮᠣᠷᠢᠨ ᠪ ᠵᠢᠭᠦᠷ ᠪᠢᠯᠡ ᠃
 
ᠢᠷᠡᠯᠲᠡ – ᠬᠡᠤᠭᠡᠳ ᠨᠠᠰᠤ ᠰᠠᠶ᠋ᠢᠬᠠᠨ
        ᠭᠦᠷᠵᠠᠪ ᠵᠣᠬᠢᠶᠠᠪᠠ
          ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
          ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
          ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
         2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
         2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ

        ᠦᠰᠦᠭ ᠠᠮᠢᠯᠠᠭᠤᠯᠤᠭᠴᠢ ᠄   ᠴᠣ᠂  ᠮᠢᠭ᠍ᠮᠠᠷ
         ᠬᠢᠨᠠᠭᠴᠢ ᠄ ᠪᠠᠶᠠᠷᠴᠡᠴᠡᠭ  ᠪᠠᠭᠰᠢ
               2023 ᠣᠨ ᠪ 3 ᠰᠠᠷ᠎ᠠ ᠶ᠋ᠢᠨ 5 ᠪ ᠡᠲᠦᠷ