ᠡᠨᠡ ᠴᠠᠭ ᠤᠨ ᠮᠣᠩᠭᠣᠯ- ᠭ · ᠴᠢᠩᠪᠠᠭᠠᠲᠤᠷЭнэ цагийн монгол-г · чанбаатар
ᠡᠨᠡ ᠴᠠᠭ ᠤᠨ ᠮᠣᠩᠭᠣᠯ
ᠭ · ᠴᠢᠩᠪᠠᠭᠠᠲᠤᠷ
ᠴᠢᠩᠭᠢᠰ ᠡᠴᠡ ᠥᠭᠡᠷ᠎ᠡ ᠬᠡᠨ ᠢ
ᠴᠦ᠍ ᠲᠣᠭᠣᠬᠤ ᠦᠭᠡᠢ ᠶᠡᠬᠡᠷᠬᠡᠦ
ᠴᠢ ᠪᠢᠲᠡ ᠵᠥᠪᠬᠡᠨ
ᠪᠡᠶ᠎ᠡ ᠪᠡᠶ᠎ᠡ ᠪᠡᠨ ᠢᠳᠡᠯᠴᠡᠭᠰᠡᠨ ᠦᠲᠦ ᠨᠤᠭᠦᠳ
《 ᠠᠽᠢᠶ᠎ᠠ
ᠧᠥ᠋ᠷᠦᠫᠠ ᠮᠣᠩᠭᠣᠯ ᠦ᠋ᠨ ᠬᠢ ᠪᠠᠶ᠋ᠢᠬᠰᠠᠨ 》ᠭᠡᠵᠦ ᠰᠣᠭᠲᠣᠭᠤ ᠠᠭᠰᠤᠮᠨᠠᠬᠤ ᠨᠢ
ᠠᠷᠪᠠᠨ ᠭᠤᠷᠪᠠᠲᠤᠭᠠᠷ
ᠵᠠᠭᠤᠨ ᠪ ᠪᠠᠭᠠᠲᠤᠷ ᠳᠠᠶ᠋ᠢᠰᠤᠨ ᠶ᠋ᠢᠠᠨ ᠵᠠᠩᠲᠤᠴᠢᠬᠤ ᠮᠡᠲᠦ ᠁
ᠢᠯᠲᠦᠨ ᠪ ᠪᠠᠷᠢᠭᠤᠯ ᠴᠦ᠍
ᠠᠤᠠᠬᠤᠬ᠋ᠠ ᠦᠭᠡᠢ ᠨᠢᠯᠲᠠᠬᠠᠨ ᠭᠠᠷ ᠲᠠᠢ ᠮᠥᠷᠲᠡᠯ᠎ᠡ ᠪᠡᠨ
ᠶᠡᠬᠡ ᠦᠭᠡ ᠬᠡᠯᠡᠬᠦ ᠨᠢ
ᠮᠠᠬᠠᠷᠠᠨᠽᠠ ᠰᠢᠭ᠋ ᠰᠦᠷᠲᠡᠢ
ᠨᠤᠮᠤ ᠶ᠋ᠢᠨ ᠬᠥᠪᠴᠢ ᠴᠦ᠍ ᠡᠪᠰᠢᠶᠡᠯᠭᠡᠵᠦ
ᠪᠠᠶ᠋ᠢᠬ᠋᠎ᠠ ᠦᠭᠡᠢ ᠪᠤᠯᠪᠠᠷᠠᠶ᠋ᠢᠬᠠᠨ ᠮᠥᠷᠲᠡᠯ᠎ᠡ ᠪᠡᠨ
《 ᠨᠢᠭᠤᠴᠠ
ᠲᠣᠪᠴᠢᠶᠠᠨ 》ᠪ ᠥᠷᠯᠥᠭ ᠮᠡᠲᠦ ᠣᠮᠣᠭᠲᠠᠢ
ᠠᠯᠫᠠᠰ ᠦ᠋ᠨ ᠴᠠᠰᠤᠲᠤ
ᠠᠭᠤᠯᠠᠰ ᠢ ᠮᠣᠷᠢ ᠲᠠᠢ ᠳᠠᠪᠠᠭᠰᠠᠨ ᠬᠢᠷᠢ ᠨᠢ ᠪᠡᠨ
ᠠᠶᠤᠮᠰᠢᠬ ᠦᠭᠡᠢ
ᠣᠮᠣᠷᠬᠠᠭ ᠦᠭᠡ ᠶ᠋ᠢ ᠵᠡᠪᠡ ᠬᠦᠷᠲᠡᠯ᠎ᠡ ᠬᠡᠯᠡᠭᠡ ᠦᠭᠡᠢ ᠶᠤᠮ
ᠨᠠᠩᠬᠢᠶᠠᠳ ᠦ᠋ᠨ ᠴᠠᠭᠠᠨ
ᠬᠡᠷᠡᠮ ᠢ᠋ ᠰᠤᠮᠤ ᠰᠢᠭ᠋ ᠲᠤᠭᠤᠯᠤᠭᠰᠠᠨ ᠠᠲᠠᠯ᠎ᠠ ᠪᠠᠨ
ᠨᠠᠩᠴᠢᠳ ᠦ᠋ᠨ ᠠᠭᠠᠭ ᠰᠢᠭ᠋
ᠴᠤᠤᠲᠠᠮᠨᠠᠯ ᠢ ᠥᠷᠯᠥᠭ ᠮᠤᠬᠤᠯᠠᠢ ᠶᠠᠷᠢᠬ᠋ᠠ ᠦᠭᠡᠢ ᠶᠤᠮ
ᠲᠣᠣᠷ ᠶ᠋ᠢᠠᠷ ᠬᠢᠯᠢᠯᠡᠭᠰᠡᠨ ᠨᠤᠲᠤᠭ
ᠲᠠᠭᠠᠨ ᠡᠵᠡᠨ ᠪᠣᠯᠵᠤ ᠴᠢᠲᠠᠬᠤ ᠦᠭᠡᠢ ᠮᠥᠷᠲᠡᠯ᠎ᠡ ᠪᠡᠨ
ᠲᠡᠦᠬᠡ ᠶ᠋ᠢᠨ
ᠠᠲᠠᠷᠠᠮᠠ ᠶ᠋ᠢ ᠰᠢᠭᠦᠵᠦ ᠬᠠᠭᠠᠳ ᠦ᠋ᠨ ᠨᠢᠳᠦᠨ ᠳᠦ ᠬᠤᠷᠤᠭᠤ ᠪᠠᠨ ᠬᠢᠭᠰᠡᠨ
ᠲᠣᠭᠠᠲᠠᠢ ᠬᠡᠲᠦᠨ ᠨᠣᠮ
ᠣᠩᠰᠢᠵᠤ ᠰᠦᠪᠡ ᠨᠢ ᠵᠢᠭᠠᠬᠠᠨ ᠣᠩᠭᠣᠶ᠋ᠢᠮᠠᠭᠴᠠ ᠪᠠᠨ
ᠲᠣᠭᠣᠨᠲᠡᠮᠦᠷ ᠬᠤᠪᠢᠯᠠᠢ
ᠶ᠋ᠢᠨ ᠲᠣᠯᠣᠭᠠᠢ ᠶ᠋ᠢ ᠭᠢᠰᠬᠢᠮᠡᠷ ᠥᠨᠳᠡᠯᠵᠡᠭᠰᠡᠨ
ᠳᠡᠪᠡᠯ ᠳ᠋ᠡᠭᠡᠨ
ᠪᠠᠭᠲᠠᠬᠤ ᠦᠭᠡᠢ ᠣᠮᠣᠭ ᠨᠢ ᠠᠵᠢᠷᠭᠠᠨ ᠲᠠᠬᠢᠶ᠎ᠠ ᠰᠢᠭ᠋
ᠳᠡᠯᠡᠬᠡᠢ ᠶ᠋ᠢ ᠲᠣᠭᠣᠬᠤ
ᠦᠭᠡᠢ ᠪᠠᠷᠲᠠᠮ ᠨᠢ ᠠᠰᠠᠮᠠᠨ ᠪᠤᠬ᠎ᠠ ᠰᠢᠭ᠋
ᠲᠤᠭᠤᠯ ᠴᠦ᠍
ᠬᠠᠷᠢᠭᠤᠯᠵᠤ ᠴᠢᠲᠠᠬᠤ ᠦᠭᠡᠢ ᠂ ᠲᠤᠭ ᠴᠦ᠍ ᠪᠠᠷᠢᠵᠤ ᠴᠢᠲᠠᠬᠤ ᠦᠭᠡᠢ
ᠲᠤᠷᠢᠬᠠᠨ ᠲᠡᠪᠵᠢᠭᠡᠷ
ᠪᠡᠶ᠎ᠡ ᠨᠢ ᠳᠤᠭᠤᠯᠠᠭ᠎ᠠ ᠡᠮᠦᠰᠴᠦ ᠴᠦ᠍ ᠳᠠᠭᠠᠭᠠᠬᠤ ᠪᠠᠷ ᠦᠭᠡᠢ
ᠡᠭᠦᠯᠡ ᠲᠡᠢ ᠲᠩᠷᠢ
ᠶ᠋ᠢᠨ ᠳᠣᠣᠷ᠎ᠠ ᠲᠡᠦᠬᠡ ᠶ᠋ᠢᠨ ᠲᠠᠰᠤᠷᠬᠠᠢ ᠪᠣᠯᠵᠤ
ᠦᠨᠡᠰᠦᠨ ᠳᠦ ᠬᠠᠶᠠᠭᠲᠠᠭᠰᠠᠨ
ᠱᠠᠯᠵᠠ ᠰᠢᠭ᠋ ᠰᠡᠷᠪᠡᠯᠵᠡᠵᠦ ᠦᠯᠡᠳᠡᠭᠰᠡᠨ ᠮᠥᠷᠲᠡᠯ᠎ᠡ
ᠥᠪᠡᠷ ᠡᠴᠡ ᠨᠢ ᠥᠭᠡᠷ᠎ᠡ
ᠬᠥᠮᠦᠨ ᠬᠡᠵᠢᠶ᠎ᠡ ᠴᠦ᠍ ᠪᠠᠶ᠋ᠢᠬ᠋᠎ᠠ ᠦᠭᠡᠢ ᠮᠡᠲᠦ
ᠥᠷᠯᠥᠭ ᠳᠡᠭᠡᠳᠦᠰ ᠶ᠋ᠢᠡᠨ ᠮᠠᠷᠲᠠᠨ ᠬᠤᠯᠤᠨ
ᠲᠣᠯᠣᠭᠠᠶ᠋ᠢᠯᠠᠵᠤ ᠬᠦᠪᠰᠡᠷᠳᠡᠭᠰᠡᠨ
ᠡᠨᠡ ᠴᠠᠭ ᠤᠨ ᠮᠣᠩᠭᠣᠯ
᠂ ᠮᠣᠷᠢ ᠪᠠᠨ ᠠᠯᠲᠠᠭᠰᠠᠨ ᠶᠠᠪᠠᠭᠠᠨ
ᠡᠨᠡ ᠴᠠᠭ ᠤᠨ ᠮᠣᠩᠭᠣᠯ
᠂ ᠬᠡᠯᠡ ᠪᠡᠨ ᠬᠤᠭᠤᠯᠤᠭᠰᠠᠨ ᠶᠠᠪᠠ
ᠡᠨᠡ ᠴᠠᠭ ᠤᠨ ᠮᠣᠩᠭᠣᠯ
᠂ ᠳᠡᠭᠡᠳᠦᠰ ᠶ᠋ᠢᠡᠨ ᠮᠠᠷᠲᠠᠭᠰᠠᠨ ᠤᠤᠯᠢᠬᠠᠢ
ᠡᠨᠡ ᠴᠠᠭ ᠤᠨ ᠮᠣᠩᠭᠣᠯ
᠂ ᠮᠣᠲᠣᠨ ᠳ᠋ᠤ᠌ ᠡᠯᠭᠦᠭᠳᠡᠭᠰᠡᠨ ᠮᠣᠩᠭᠣᠯ !
ᠦᠰᠦᠭ ᠠᠮᠢᠯᠠᠭᠤᠯᠤᠭᠴᠢ᠄
ᠪᠠᠶᠠᠨᠰᠡᠷᠡᠩ
ᠬᠢᠨᠠᠭᠴᠢ᠄
ᠣᠤᠠᠬᠠᠨᠰᠣ᠎ᠠ᠂ ᠣᠤᠠᠬᠠᠨᠴᠡᠴᠡᠭ
