ᠪᠦᠰᠡᠭᠦᠢ ᠴᠡᠴᠡᠭ – ᠪᠣᠷᠵᠢᠭᠢᠨ ᠷᠢᠨᠴᠢᠨ Бүсгүй цэцэг – Боржигон ренчин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠰᠡᠭᠦᠢ ᠴᠡᠴᠡᠭ – ᠪᠣᠷᠵᠢᠭᠢᠨ ᠷᠢᠨᠴᠢᠨ Бүсгүй цэцэг – Боржигон ренчин

ᠪᠦᠰᠡᠭᠦᠢ ᠴᠡᠴᠡᠭ – ᠪᠣᠷᠵᠢᠭᠢᠨ ᠷᠢᠨᠴᠢᠨ Бүсгүй цэцэг – Боржигон ренчин

2023-03-08

341

ᠪᠦᠰᠡᠭᠦᠢ ᠴᠡᠴᠡᠭ


            ᠪᠣᠷᠵᠢᠭᠢᠨ ᠷᠢᠨᠴᠢᠨ
       < 3᠂ 8 > ᠶᠢᠨ ᠡᠮᠡᠭᠲᠡᠢᠴᠦᠳ ᠤᠨ ᠪᠠᠶᠠᠷ ᠲᠦ 

 ᠪᠦᠭᠦᠳᠡ ᠨᠠᠢᠷᠠᠮᠳᠠᠬᠤ ᠤᠯᠤᠰ ᠲᠦ ᠪᠡᠨ ᠬᠠᠭᠠᠰ ᠲᠤᠯᠭᠠᠭᠤᠷᠢ ᠴᠡᠴᠡᠭ 
 ᠪᠥᠮᠪᠥᠷᠴᠡᠭ ᠳᠡᠯᠡᠬᠡᠢ  ᠳᠤ ᠪᠡᠨ ᠡᠵᠢ ᠶᠢᠨ ᠵᠠᠶᠠᠭ᠎ᠠ ᠲᠠᠢ ᠠᠭᠤᠤ ᠴᠡᠴᠡᠭ 
 ᠪᠦᠯᠢ ᠭᠡᠷ ᠲᠦ ᠪᠡᠨ ᠭᠡᠷᠡᠯᠲᠦᠨ ᠰᠠᠴᠤᠷᠠᠭᠰᠠᠨ ᠨᠠᠷᠠᠨ ᠴᠡᠴᠡᠭ 
 ᠪᠦᠰᠡᠲᠡᠢ ᠬᠠᠨᠢ  ᠳᠤ ᠪᠡᠨ ᠵᠢᠷᠭᠠᠯ ᠢ ᠠᠪᠴᠢᠷᠠᠭᠴᠢ ᠰᠠᠷᠠᠨ ᠴᠡᠴᠡᠭ 

 ᠠᠳᠠᠯ ᠠᠮᠢᠳᠤᠷᠠᠯ ᠎ᠢᠶᠠᠨ ᠥᠭᠡᠳᠡ ᠪᠡᠨ ᠲᠠᠲᠠᠭᠰᠠᠨ ᠣᠳᠣᠨ ᠴᠡᠴᠡᠭ 
 ᠠᠬᠠᠮᠠᠳ ᠨᠠᠰᠤᠲᠠᠨ ᠢᠶᠡᠨ ᠬᠦᠨᠳᠦᠯᠡᠵᠦ ᠳᠡᠭᠡᠵᠢᠯᠡᠭᠰᠡᠨ ᠠᠯᠲᠠᠨ ᠴᠡᠴᠡᠭ
 ᠠᠢᠯ ᠠᠢᠮᠠᠭ ᠲᠦ ᠪᠡᠨ ᠠᠴᠢᠯᠠᠯ ᠵᠢᠷᠤᠮ ᠲᠠᠢ ᠠᠷᠢᠭᠤᠨ ᠴᠡᠴᠡᠭ
 ᠠᠩᠭ᠎ᠠ ᠦᠷ᠎ᠡ ᠪᠡᠨ ᠡᠨᠡᠷᠢᠵᠦ ᠬᠥᠮᠥᠵᠢᠭᠦᠯᠦᠭᠰᠡᠨ ᠪᠦᠦᠪᠠᠢ ᠴᠡᠴᠡᠭ

 ᠡᠷᠦᠬᠡ ᠭᠡᠷ ᠢᠶᠡᠨ ᠪᠠᠶᠠᠷ ᠵᠢᠷᠭᠠᠯ ᠢᠶᠡᠷ ᠪᠢᠯᠬᠠᠭᠤᠯᠤᠭᠰᠠᠨ ᠥᠨᠢᠷ ᠴᠡᠴᠡᠭ
 ᠡᠷᠬᠢᠮ ᠦᠢᠯᠡᠰ ᠲᠦ ᠪᠡᠨ ᠭᠢᠯᠠᠷᠠᠵᠤ ᠶᠠᠪᠤᠭᠰᠠᠨ ᠣᠳᠣᠨ ᠴᠡᠴᠡᠭ 
 ᠬᠣᠯᠠ ᠶᠢ ᠣᠢᠷᠠᠲᠤᠭᠤᠯᠵᠤ  ᠬᠣᠲᠠᠯᠠ ᠶᠢ ᠢᠪᠡᠭᠡᠭᠰᠡᠨ  ᠤᠬᠠᠭᠠᠨ ᠴᠡᠴᠡᠭ
 ᠬᠣᠷᠸ᠎ᠠ ᠶᠢ ᠤᠶᠠᠷᠠᠭᠤᠯᠵᠤ ᠬᠣᠭᠣᠷᠣᠨᠳᠤ ᠨᠢ ᠪᠦᠯᠬᠦᠮᠳᠡᠭᠦᠯᠦᠭᠰᠡᠨ ᠣᠶᠣᠨ ᠴᠡᠴᠡᠭ 

 ᠭᠤᠷᠪᠠ ᠪᠡᠷ ᠭᠦᠷᠦᠭᠰᠡᠨ ᠭᠡᠵᠢᠭᠡ ᠨᠢ ᠬᠠᠢᠷ᠎ᠠ ᠶᠢ ᠪᠤᠯᠢᠶᠠᠮ᠎ᠠ ᠭᠤᠸ᠎ᠠ ᠴᠡᠴᠡᠭ 
 ᠭᠤᠪᠠᠢ ᠭᠤᠸᠠᠯᠢᠭᠬᠠᠨ ᠳᠦᠷᠢ ᠨᠢ ᠳᠤᠷ᠎ᠠ ᠶᠢ ᠲᠠᠲᠠᠮ᠎ᠠ ᠭᠣᠶᠣᠬᠠᠨ ᠴᠡᠴᠡᠭ 
 ᠭᠣᠶᠣᠮᠰᠤᠭᠯᠠᠵᠤ ᠭᠠᠩᠭᠠᠷᠠᠵᠤ ᠶᠠᠪᠤᠬᠤ ᠨᠢ ᠵᠡᠭᠦᠳᠦᠨ  ᠳᠤ ᠬᠣᠨᠤᠭᠰᠢᠮ᠎ᠠ ᠬᠣᠩᠭᠣᠷ ᠴᠡᠴᠡᠭ 
 < ᠭᠤᠷᠪᠠ᠂ ᠨᠠᠢ᠌ᠮᠠ > ᠶᠢᠨ ᠲᠤᠭᠴᠢ -- ᠵᠢᠷᠦᠬᠡᠨ  ᠳᠤ ᠰᠡᠢᠯᠦᠭᠳᠡᠮ᠎ᠡ ᠪᠦᠰᠡᠭᠦᠢ ᠴᠡᠴᠡᠭ ᠡ! 

                       2023᠂3᠂8