ᠬᠠᠢᠷ᠎ᠠ ᠶᠢᠨ ᠠᠯᠲᠠᠨ ᠨᠠᠷᠠᠨ – ᠪᠠᠳᠠᠷᠠ Хайрын алтан наран – Бадра ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷ᠎ᠠ ᠶᠢᠨ ᠠᠯᠲᠠᠨ ᠨᠠᠷᠠᠨ – ᠪᠠᠳᠠᠷᠠ Хайрын алтан наран – Бадра

ᠬᠠᠢᠷ᠎ᠠ ᠶᠢᠨ ᠠᠯᠲᠠᠨ ᠨᠠᠷᠠᠨ – ᠪᠠᠳᠠᠷᠠ Хайрын алтан наран – Бадра

2023-03-08

308

ᠬᠠᠢᠷ᠎ᠠ ᠶᠢᠨ ᠠᠯᠲᠠᠨ ᠨᠠᠷᠠᠨ


              ᠵᠤᠬᠢᠶᠠᠭ᠍ᠴᠢ : ᠪᠠᠳᠠᠷᠠ
          ᠤᠶᠠᠩᠭᠠᠯᠠᠭ᠍ᠴᠢ :  ᠰᠢᠦ ᠬᠤᠸᠠ

 ᠡᠷᠦᠬᠡ ᠭᠡᠷ ᠦᠨ ᠴᠢᠮᠡᠭ ᠪᠣᠯᠣᠭᠰᠠᠨ
 ᠪᠦᠰᠡᠭᠦᠢ ᠬᠣᠩᠭᠣᠷ  ᠠᠮᠠᠷᠠᠭ ᠮᠢᠨᠢ
 ᠦᠷ᠎ᠡ ᠬᠡᠦᠬᠡᠳ ᠦᠨ ᠡᠵᠢ ᠪᠣᠯᠣᠭᠰᠠᠨ
 ᠬᠠᠢᠷ᠎ᠠ ᠶᠢᠨ ᠠᠯᠲᠠᠨ ᠨᠠᠷᠠᠨ ᠮᠢᠨᠢ
 ᠲᠥᠷᠥ᠍ ᠲᠦᠮᠡᠨ ᠦ ᠠᠷᠭᠠᠮᠵᠢᠶ᠎ᠠ ᠪᠣᠯᠣᠭᠰᠠᠨ
 ᠲᠦᠪᠰᠢᠨ ᠠᠮᠤᠭᠤᠯᠠᠩ ᠳ᠋ᠠᠷ᠎ᠠ ᠡᠬᠡ ᠮᠢᠨᠢ
 ᠲᠥᠷᠥᠯ ᠰᠠᠳᠤᠨ ᠤ ᠰᠦᠯᠵᠢᠶ᠎ᠡ ᠬᠣᠯᠪᠣᠭᠰᠠᠨ
 ᠲᠥᠷᠥᠯᠬᠢ ᠮᠣᠩᠭᠣᠯ ᠤᠨ ᠠᠮᠢᠨ ᠰᠠᠬᠢᠭᠤᠰᠤ ᠮᠢᠨᠢ
 ᠡᠬᠡ ᠳᠡᠯᠡᠬᠡᠢ ᠶᠢ ᠪᠦᠪᠡᠢᠯᠡᠨ ᠰᠠᠭᠠᠲᠠᠭᠤᠯᠤᠭᠰᠠᠨ
 ᠡᠨᠡᠷᠢᠩᠭᠦᠢ ᠰᠡᠳᠬᠢᠯ ᠲᠠᠢ ᠡᠵᠢ ᠪᠤᠷᠬᠠᠨ ᠮᠢᠨᠢ
 ᠠᠮᠢᠲᠠᠨ ᠵᠢᠷᠭᠤᠭᠠᠨ ᠵᠦᠢᠯ ᠢ ᠢᠷᠦᠭᠡᠨ ᠵᠦᠩᠨᠡᠭᠰᠡᠨ
 ᠰᠦᠨ ᠰᠠᠴᠤᠯᠢ ᠲᠠᠢ ᠳᠡᠯᠡᠬᠡᠢ ᠡᠵᠢ ᠮᠢᠨᠢ
 ᠡᠵᠢ ᠶᠢᠨ ᠬᠠᠢᠷ᠎ᠠ ᠲᠠᠢ ᠠᠮᠢᠳᠤᠷᠠᠯ ᠪᠦᠲᠦᠨ ᠵᠢᠷᠭᠠᠯᠠᠩ
 ᠡᠵᠢ ᠶᠢᠨ ᠪᠦᠪᠡᠢ ᠲᠠᠢ ᠬᠣᠷᠸ᠎ᠠ ᠲᠠᠢᠪᠤᠩ ᠠᠮᠤᠭᠤᠯᠠᠩ

          ᠪᠠᠶᠠᠨᠭᠣᠣᠯ ᠵᠸᠦ ᠶᠢᠨ ᠬᠣᠱᠣᠳ ᠰᠢᠶᠡᠨ ᠳᠦ
                 2023᠂ 3 ᠂ 8