ᠰᠥᠨᠢᠳ ᠤᠨ ᠶᠡᠬᠡ ᠭᠤᠪᠢ ᠳᠤ · ᠴᠢᠩᠪᠠᠭᠠᠲᠤᠷСөндийн их говид-г · чанбаатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠥᠨᠢᠳ ᠤᠨ ᠶᠡᠬᠡ ᠭᠤᠪᠢ ᠳᠤ · ᠴᠢᠩᠪᠠᠭᠠᠲᠤᠷСөндийн их говид-г · чанбаатар

ᠰᠥᠨᠢᠳ ᠤᠨ ᠶᠡᠬᠡ ᠭᠤᠪᠢ ᠳᠤ · ᠴᠢᠩᠪᠠᠭᠠᠲᠤᠷСөндийн их говид-г · чанбаатар

2023-03-08

382

ᠰᠥᠨᠢᠳ ᠤᠨ ᠶᠡᠬᠡ ᠭᠤᠪᠢ ᠳᠤ

   ᠭ · ᠴᠢᠩᠪᠠᠭᠠᠲᠤᠷ
ᠰᠥᠨᠢᠳ ᠦ᠋ᠨ ᠶᠡᠬᠡ ᠭᠤᠪᠢ ᠪᠦᠷ ᠡᠷᠲᠡ ᠴᠠᠭ ᠲᠤ ᠳᠠᠯᠠᠢ ᠪᠠᠶ᠋ᠢᠬᠰᠠᠨ ᠭᠡᠲᠡᠭ ᠃ ᠣᠣᠯ ᠨᠢ ᠤᠰᠤᠨ ᠳᠠᠯᠠᠢ ᠪᠠᠶ᠋ᠢᠬᠰᠠᠨ ᠡᠨᠡ ᠭᠠᠵᠠᠷ ᠡᠲᠦᠭᠡ ᠬᠠᠭᠤᠷᠠᠢ ᠳᠠᠯᠠᠢ ᠪᠣᠯᠵᠠᠢ ᠃ ᠰᠥᠨᠢᠳ ᠲᠤ ᠣᠴᠢᠬᠤ ᠪᠦᠷᠢ ᠨᠠᠲᠠ ᠳᠠᠯᠠᠢ ᠶ᠋ᠢᠨ ᠢᠷᠣᠭᠠᠷ ᠲᠤ ᠣᠴᠢᠵᠤ ᠪᠠᠶ᠋ᠢᠨ᠎ᠠ ᠭᠡᠵᠦ ᠰᠠᠨᠠᠭᠲᠠᠲᠠᠭ ᠃

ᠠᠷᠭᠠᠯ ᠤᠩᠭᠠᠲᠤᠮ᠎ᠠ ᠬᠠᠭᠤᠷᠠᠢ ᠳᠠᠯᠠᠢ ᠶ᠋ᠢᠨ ᠢᠷᠣᠭᠠᠷ   ᠲᠤ ᠢᠷᠡᠯ᠎ᠡ
ᠠᠯᠲᠠᠨ ᠨᠠᠷᠠᠨ ᠡᠴᠡ ᠥᠭᠡᠷ᠎ᠡ ᠨᠣᠶ᠋ᠢᠲᠠᠨ ᠶᠠᠭᠤᠮ᠎ᠠ ᠦᠯᠡᠲᠡᠭᠰᠡᠨ ᠦᠭᠡᠢ
ᠲᠤᠯᠬ᠋᠎ᠠ ᠶ᠋ᠢᠨ ᠭᠠᠯ ᠳᠤ ᠤᠯᠠᠶ᠋ᠢᠰᠤᠭᠰᠠᠨ ᠰᠢᠭ᠋ ᠦᠭᠡᠬᠦᠨ ᠴᠢᠯᠠᠭᠤᠳ
ᠳ᠋ᠦ᠋ᠩᠰᠢᠭᠤᠷ ᠵᠢᠯ ᠦ᠋ᠨ ᠡᠮᠦᠨ᠎ᠡ ᠤᠰᠤᠨ ᠳᠤ ᠡᠯᠡᠭᠲᠡᠭᠰᠡᠨ ᠶ᠋ᠢᠡᠨ ᠬᠠᠭᠤᠴᠢᠯᠠᠨ᠎ᠠ

ᠤᠷᠤᠰᠬᠤ ᠨᠢᠯᠪᠤᠰᠤᠨ ᠡᠴᠡ ᠮᠢᠨᠢ ᠣᠨᠲᠣᠣ ᠦᠶᠡᠷ ᠡᠨᠲᠡ ᠤᠯᠲᠠᠭᠰᠠᠨ ᠦᠭᠡᠢ
ᠤᠯᠠᠭᠠᠨ ᠵᠢᠷᠦᠬᠡᠨ ᠡᠴᠡ ᠮᠢᠨᠢ ᠥᠭᠡᠷ᠎ᠡ ᠬᠠᠶ᠋ᠢᠷ᠎ᠠ ᠨᠠᠲᠠ ᠪᠠᠶ᠋ᠢᠬᠰᠠᠨ ᠦᠭᠡᠢ
ᠮᠣᠷᠢᠨ ᠬᠦᠷᠪᠡᠯ ᠡᠴᠡ ᠥᠭᠡᠷ᠎ᠡ ᠠᠮᠢᠲᠠᠨ ᠡᠨᠲᠡ ᠬᠣᠷᠭᠣᠳᠠᠵᠤ ᠴᠢᠲᠠᠬ᠋᠎ᠠ ᠦᠭᠡᠢ
ᠮᠣᠩᠭᠣᠯ ᠬᠥᠮᠦᠨ ᠡᠴᠡ ᠥᠭᠡᠷ᠎ᠡ ᠡᠵᠡᠨ ᠡᠨᠲᠡ ᠪᠠᠶ᠋ᠢᠬᠤ ᠴᠦ᠍ ᠶᠣᠰᠣ ᠦᠭᠡᠢ !

2007.8.20
[ ᠰᠦᠯᠵᠢᠶᠡᠨ ᠳᠤ ᠨᠡᠶ᠋ᠢᠲᠡᠯᠡᠬᠦ ᠦᠶ᠎ᠡ ᠶ᠋ᠢᠨ ᠵᠣᠬᠢᠶᠠᠭᠴᠢ ᠶ᠋ᠢᠨ ᠦᠪᠡᠷ ᠦ᠋ᠨ ᠬᠢᠨᠢ ᠴᠣᠬᠣᠯᠠᠪᠤᠷᠢ ] ᠨᠢᠲᠤᠨᠤᠨ ᠰᠥᠨᠢᠳ ᠨᠤᠲᠤᠭ ᠲᠤ ᠬᠠᠭᠠᠰ ᠰᠠᠷ᠎ᠠ ᠰᠠᠭᠤᠯ᠎ᠠ ᠃ ᠣᠯᠠᠨ ᠵᠢᠯ ᠭᠠᠩᠲᠠᠭᠰᠠᠨ ᠰᠥᠨᠢᠳ ᠨᠤᠲᠤᠭ ᠲᠤ ᠪᠢ ᠬᠠᠶ᠋ᠢᠷᠠᠲᠠᠢ ᠃ ᠡᠨᠡ ᠶᠡᠬᠡ ᠬᠦᠷᠡᠩ ᠭᠤᠪᠢ ᠳᠤ ᠳᠡᠭᠡᠳᠦᠰ ᠦ᠋ᠨ ᠮᠢᠨᠢ ᠬᠠᠯᠠᠭᠤᠨ ᠮᠥᠷ ᠦᠯᠡᠲᠡᠭᠰᠡᠨ ᠶᠤᠮ ᠃ ᠤᠷᠵᠢᠨᠤᠨ ᠢᠷᠠᠭᠤ ᠨᠠᠶ᠋ᠢᠷᠠᠭᠴᠢ ᠷᠢᠨᠴᠢᠨᠨᠢᠮ᠎ᠠ ᠶ᠋ᠢᠨ ᠰᠡᠴᠡᠴᠣᠭᠲᠤ ᠪᠢᠲᠡ ᠬᠣᠶᠠᠷ ᠮᠣᠩᠭᠣᠯ ᠤᠯᠤᠰ ᠦ᠋ᠨ ᠢᠷᠠᠭᠤ ᠨᠠᠶ᠋ᠢᠷᠠᠭᠴᠢ ᠪᠠᠪᠤᠤ ᠶ᠋ᠢᠨ ᡀᠬᠠᠪᠠᠰᠥ᠋ᠷᠦᠩ ᠭᠤᠸᠠᠢ ᠶ᠋ᠢ ᠲᠣᠰᠬᠤ ᠪᠠᠷ ᠡᠷᠢᠶᠡᠨ ᠦᠭᠡᠲᠡ ᠶᠠᠪᠤᠬᠤ ᠵᠠᠮ ᠳ᠋ᠠᠭᠠᠨ ᠲᠦᠷ ᠠᠮᠠᠷᠠᠵᠤ ᠂ ᠥᠩᠭᠡ ᠥᠩᠭᠡ ᠶ᠋ᠢᠨ ᠴᠢᠯᠠᠭᠤ ᠲᠡᠭᠦᠵᠦ ᠵᠠᠭᠤᠷ᠎ᠠ ᠪᠠᠨ ᠄ ᠡᠨᠲᠡ ᠣᠣᠯ ᠨᠢ ᠠᠪᠤᠷᠭᠤ ᠬᠦᠷᠪᠡᠯ ᠪᠠᠶ᠋ᠢᠬᠰᠠᠨ ᠂ ᠣᠲᠣ ᠪᠦᠷ ᠵᠢᠵᠢᠭ ᠭᠦᠷᠪᠡᠯ ᠦᠯᠡᠲᠡᠵᠡᠢ ᠃ ᠡᠨᠲᠡ ᠣᠣᠯ ᠨᠢ ᠲᠡᠦᠬᠡ ᠶ᠋ᠢᠨ ᠠᠪᠤᠷᠭᠤ ᠬᠥᠮᠦᠰ ᠪᠠᠶ᠋ᠢᠬᠰᠠᠨ ᠂ ᠣᠲᠣ ᠪᠦᠷ ᠪᠢᠲᠡᠨ ᠰᠢᠭ᠌ ᠡᠭᠡᠯ ᠬᠥᠮᠦᠰ ᠬᠣᠴᠣᠷᠴᠠᠢ ᠭᠡᠵᠦ ᠶᠠᠷᠢᠵᠤ ᠪᠠᠶ᠋ᠢᠬᠰᠠᠨ ᠶ᠋ᠢᠠᠨ ᠰᠠᠨᠠᠵᠤ ᠪᠠᠶ᠋ᠢᠨ᠎ᠠ ᠃ ᠲᠡᠭᠡᠭᠡᠳ ᠡᠶ᠋ᠢᠮᠦ ᠬᠡᠲᠦᠨ ᠮᠥᠷ ᠶᠠᠭᠤᠮ᠎ᠠ ᠡᠷᠢᠶᠡᠴᠢᠭᠰᠡᠨ ᠶ᠋ᠢᠡᠨ ᠢᠴᠢ ᠦᠭᠡᠢ ᠨᠡᠶ᠋ᠢᠲᠡᠯᠡᠯ᠎ᠡ !


ᠦᠰᠦᠭ ᠠᠮᠢᠯᠠᠭᠤᠯᠤᠭᠴᠢ ᠄ ᠪᠤᠤ ᠴᠢᠩ ᠬᠡᠦ
ᠬᠢᠨᠠᠭᠴᠢ ᠄ ᠮᠥᠴᠢᠷ