ᠪᠦᠰᠡᠭᠦᠢ ᠬᠥᠮᠦᠨ ᠳᠤ ᠡᠷᠭᠦᠬᠦ ᠤᠶᠠᠩᠬ᠋᠎ᠠ- ᠲ ᠂ ᠪᠠᠲᠤᠪᠤᠶᠠᠨБүсгүй хүнд өргөх уянх-т , батбуяан
ᠪᠦᠰᠡᠭᠦᠢ ᠬᠥᠮᠦᠨ ᠳᠤ ᠡᠷᠭᠦᠬᠦ ᠤᠶᠠᠩᠬ᠋᠎ᠠ
ᠲ ᠂
ᠪᠠᠲᠤᠪᠤᠶᠠᠨ
ᠡᠨᠡᠷᠢᠩᠭᠦᠢ
ᠴᠠᠶ᠋ᠢᠯᠭᠠᠨ ᠡᠭᠡᠴᠢ ᠳᠡᠭᠦᠦ ᠨᠡᠷ ᠮᠢᠨᠢ
ᠡᠭᠡᠰᠢᠭ ᠪᠠᠲᠠᠷᠠᠭᠠᠬᠤ
ᠨᠠᠷᠠᠨ ᠰᠠᠷᠠᠨ ᠮᠢᠨᠢ
ᠪᠦᠲᠦᠨ ᠠᠮᠢᠲᠤᠷᠠᠯ ᠪᠦᠯᠢᠶᠡᠰᠬᠡᠬᠦ ᠬᠠᠶ᠋ᠢᠷ᠎ᠠ
ᠳᠦᠭᠦᠷᠡᠩ
ᠢᠨᠢᠶᠡᠲᠦ ᠪᠡᠯᠡᠭᠯᠡᠲᠡᠭ ᠤᠶᠠᠩᠬ᠋᠎ᠠ
ᠤᠷᠠᠨ
ᠭᠤᠸ᠋᠎ᠠ ᠪᠦᠰᠡᠭᠦᠶ᠋ᠢᠴᠦᠳ ᠮᠢᠨᠢ ᠠ᠋ !
ᠲᠠᠨᠠᠷ
ᠮᠢᠨᠢ ᠯᠠ ᠪᠠᠶ᠋ᠢᠬᠤ ᠦᠭᠡᠢ ᠶᠤᠮ ᠪᠣᠯ
ᠲᠠᠨᠠᠨ
ᠴᠠᠭᠠᠨ ᠥᠷᠭᠥᠭᠡ ᠭᠡᠷ ᠲᠦ ᠠᠵᠠ ᠵᠢᠷᠭᠠᠯ
ᠶᠠᠭᠤᠨ ᠳᠤ ᠪᠤᠴᠠᠯᠬᠤ
ᠪᠢᠯᠡ ᠡ ?
ᠲᠠᠨᠠᠷ
ᠮᠢᠨᠢ ᠯᠠ ᠪᠠᠶ᠋ᠢᠬᠤ ᠦᠭᠡᠢ ᠪᠣᠯ
ᠠᠵᠤ
ᠠᠮᠢᠲᠤᠷᠠᠯ ᠦ᠋ᠨ ᠭᠠᠯ ᠶᠠᠭᠤ ᠭᠡᠵᠦ ᠳᠦᠷᠡᠯᠵᠡᠬᠦ ᠪᠢᠯᠡ ᠡ ?
ᠲᠠᠨᠠᠷ
ᠮᠢᠨᠢ ᠪᠠᠶ᠋ᠢᠬᠤ ᠦᠭᠡᠢ ᠪᠣᠯ
ᠳᠤᠷᠠᠯᠠᠯ
ᠶᠠᠭᠠᠬᠢᠨ ᠵᠢᠷᠮᠦᠰᠦᠯᠡᠵᠦ ᠂
ᠳᠠᠭᠤᠤ ᠨᠠᠶ᠋ᠢᠷᠠᠭ ᠶᠠᠭᠠᠬᠢᠨ ᠤᠶᠠᠩᠭᠠᠷᠠᠬᠤ ᠪᠢᠯᠡ ᠡ ?
ᠲᠠᠨᠠᠷ
ᠮᠢᠨᠢ ᠪᠠᠶ᠋ᠢᠬᠤ ᠦᠭᠡᠢ ᠪᠣᠯ
ᠡᠷ᠎ᠡ
ᠴᠡᠷᠢᠭ ᠶᠠᠭᠠᠬᠢᠵᠤ ᠲᠥᠷᠥᠵᠦ ᠂
ᠡᠬᠡ ᠣᠷᠣᠨ ᠶ᠋ᠢᠠᠨ ᠬᠡᠨ ᠬᠠᠮᠠᠭᠠᠯᠠᠨ᠎ᠠ ᠪᠢᠯᠡ ᠡ ? ᠁
ᠲᠠᠨᠠᠷ
ᠮᠢᠨᠢ ᠪᠠᠶ᠋ᠢᠬᠤ ᠦᠭᠡᠢ ᠪᠣᠯ
ᠪᠠᠶᠠᠷ
ᠵᠢᠷᠭᠠᠯ ᠶᠠᠭᠠᠬᠢᠨ ᠤᠨᠲᠤᠷᠴᠤ
ᠪᠠᠶ᠋ᠢᠬ᠋᠎ᠠ
ᠪᠦᠬᠦᠨ ᠬᠡᠷᠬᠢᠨ ᠬᠠᠶ᠋ᠢᠷ᠎ᠠ ᠪᠠᠷ ᠴᠠᠯᠭᠢᠯᠠᠬᠤ ᠪᠢᠯᠡ ᠡ ? !
ᠭᠤᠸ᠋᠎ᠠ
ᠰᠠᠶ᠋ᠢᠬᠠᠨ ᠡᠬᠡ ᠪᠣᠯᠣᠭᠰᠠᠳ ᠮᠢᠨᠢ
ᠭᠣᠶᠣ
ᠪᠣᠯᠪᠠᠰᠤᠨ ᠴᠠᠶ᠋ᠢᠯᠭᠠᠨ ᠡᠵᠢ ᠨᠠᠷ ᠮᠢᠨᠢ ᠠ᠋
ᠦᠵᠡᠰᠬᠦᠯᠡᠩ
ᠬᠥᠭᠡᠷᠦᠬᠦᠨ ᠤᠷᠠᠨ ᠪᠦᠰᠡᠭᠦᠶ᠋ᠢᠴᠦᠳ ᠮᠢᠨᠢ
ᠥᠩᠭᠡ
ᠲᠤᠶᠠᠬ᠋᠎ᠠ ᠨᠡᠮᠡᠬ᠋ᠰᠡᠨ ᠭᠠᠯ ᠦ᠋ᠨ ᠪᠤᠷᠬᠠᠨ ᠮᠢᠨᠢ ᠡ ? !
ᠲᠠᠨᠠᠷ
ᠮᠢᠨᠢ ᠯᠠ ᠪᠠᠶᠠᠷ ᠵᠢᠷᠭᠠᠯ ᠲᠠᠢ ᠪᠣᠯ
ᠡᠷᠡᠴᠦᠳ ᠪᠢᠲᠡ
ᠠᠵᠠ ᠵᠢᠷᠭᠠᠯ ᠲᠠᠢ !
ᠲᠠᠨᠠᠷ
ᠮᠢᠨᠢ ᠯᠠ ᠢᠨᠢᠶᠡᠲᠦ ᠳᠠᠭᠤᠤ ᠲᠠᠢ ᠪᠣᠯ
ᠡᠬᠡ
ᠣᠷᠣᠨ ᠮᠢᠨᠢ ᠠᠮᠤᠷ ᠠᠮᠤᠭᠤᠯᠠᠩ ᠪᠠᠶ᠋ᠢᠬᠤ ᠶᠣᠰᠣᠲᠠᠢ !
— ᠳᠡᠯᠡᠬᠡᠢ
ᠶ᠋ᠢᠨ ᠡᠮᠡᠭᠲᠡᠢᠴᠦᠳ ᠦ᠋ᠨ
ᠪᠠᠶᠠᠷ ᠲᠤ᠌ ᠵᠣᠷᠢᠭᠤᠯᠪᠠ
ᠠᠮᠢᠯᠠᠭᠤᠯᠤᠭᠴᠢ
᠄ ᠳ ᠂ ᠣᠶᠤᠨᠪᠢᠯᠢᠭ᠌
ᠬᠢᠨᠠᠭᠴᠢ
᠄ ᠣᠤᠠᠬᠠᠨᠰᠣ ᠡ
