ᠳᠠᠯᠠᠨ ᠬᠤᠲᠠᠯᠴᠢ Далан худалч
ᠳᠠᠯᠠᠨ ᠬᠤᠲᠠᠯᠴᠢ
ᠥᠪᠡᠷ ᠦ᠋ᠨ ᠠᠪᠤ ᠶ᠋ᠢ ᠥᠯᠥᠭᠡᠢ ᠲᠡᠢ ᠪᠠᠶ᠋ᠢᠬᠤ ᠳᠤ
ᠡᠪᠦᠭᠡᠨ ᠠᠪᠤ ᠶ᠋ᠢᠨ ᠲᠡᠮᠡᠭᠡ ᠶ᠋ᠢ ᠬᠠᠷᠢᠭᠤᠯᠵᠤ ᠶᠠᠪᠤᠯ᠎ᠠ ᠃
ᠨᠢᠭᠡᠨ ᠡᠲᠦᠷ ᠬᠡᠭᠡᠯ ᠲᠡᠢ ᠢᠩᠭᠡ ᠨᠢᠭᠡ ᠶ᠋ᠢ
ᠰᠢᠯᠢᠷᠡᠭᠦᠯᠵᠦ ᠠᠯᠲᠠᠭᠠᠳ ᠂ ᠪᠠᠷᠠᠭᠤᠨ ᠲᠡᠶ᠋ᠢᠰᠢ ᠪᠡᠨ ᠪᠠᠤᠠᠭᠡᠷ᠂ ᠰᠢᠷ᠎ᠠ ᠮᠥᠷᠡᠨ᠂ ᠬᠣᠶ᠋ᠢᠰᠢ ᠪᠠᠨ ᠳ᠋ᠠ
ᠬᠦᠷᠢᠶ᠎ᠡ᠂ ᠳ᠋ᠠᠮᠪᠠᠳᠠᠷᠵᠠ ᠵᠡᠭᠦᠨ ᠲᠡᠶ᠋ᠢᠰᠢ ᠪᠠᠨ ᠣᠩᠭᠣᠨ᠂ ᠲᠠᠪᠤᠨᠪᠤᠯᠠᠭ ᠂ ᠣᠷᠣᠯᠠᠢ ᠭᠤᠷᠪᠠᠨ
ᠡᠷᠲᠡᠨᠢ ᠂ ᠣᠨᠢᠲᠤ ᠭᠤᠷᠪᠠᠨ ᠰᠤᠪᠤᠷᠬ᠋ᠠ ᠂ ᠤᠷᠤᠭᠰᠢ ᠪᠠᠨ ᠵᠢᠩᠴᠢ
ᠶ᠋ᠢᠨ ᠴᠠᠭᠠᠨ ᠤᠲᠠᠢ ᠂ ᠵᠢᠩ ᠶ᠋ᠢᠨ ᠴᠠᠭᠠᠨ ᠰᠤᠪᠤᠷᠬ᠋ᠠ ᠬᠦᠷᠲᠡᠯ᠎ᠡ ᠰᠤᠷᠠᠭᠯᠠᠵᠤ ᠶᠠᠪᠤᠭᠠᠳ ᠂ ᠪᠣᠭᠲᠠ ᠶ᠋ᠢᠨ ᠬᠦᠷᠢᠶᠡᠨ
ᠪ ᠪᠤᠭᠤᠲᠠᠭᠰᠠᠨ ᠴᠣᠶ᠋ᠢᠵᠢᠯ ᠭᠡᠲᠡᠭ ᠡᠴᠡ ᠪᠣᠷᠣ ᠵᠢᠰᠦᠮ ᠶ᠋ᠢᠨ ᠮᠣᠷᠢ ᠨᠢᠭᠡ ᠶ᠋ᠢ ᠠᠪᠤᠭᠠᠳ ᠂ ᠠᠷᠢᠶ᠎ᠠ ᠵᠠᠮᠰᠤ ᠶ᠋ᠢᠨ
ᠪᠠᠨᠲᠢᠲᠠ ᠶ᠋ᠢᠨ ᠠᠯᠠᠭ ᠨᠢᠲᠦᠨ ᠵᠠᠮᠪᠠᠯ ᠭᠡᠭᠴᠢ ᠡᠴᠡ ᠠᠲᠠᠯᠢ ᠵᠢᠰᠦᠮ ᠶ᠋ᠢᠨ ᠮᠣᠷᠢ ᠨᠢᠭᠡ ᠶ᠋ᠢ
ᠠᠪᠴᠤ ᠤᠨᠤᠪᠠ ᠃
ᠢᠩᠭᠢᠭᠡᠳ
ᠬᠣᠶᠠᠷ ᠮᠣᠷᠢ ᠲᠠᠢ ᠪᠣᠯᠤᠭᠠᠳ ᠴᠠᠭᠠᠰᠢ ᠢᠩᠭᠡ ᠪᠡᠨ ᠡᠷᠢᠵᠦ ᠶᠠᠪᠤᠲᠠᠯ᠎ᠠ ᠄
ᠬᠠᠵᠠᠭᠤ
ᠳᠡᠭᠡᠷ᠎ᠡ ᠨᠢ ᠨᠢᠭᠡ ᠬᠠᠷ᠎ᠠ ᠶᠠᠭᠤᠮ᠎ᠠ ᠨᠠᠪᠰᠠᠶ᠋ᠢᠵᠤ ᠪᠠᠶ᠋ᠢᠨ᠎ᠠ ᠃ ᠬᠦᠷᠦᠭᠡᠳ ᠣᠴᠢᠬᠰᠠᠨ ᠴᠢᠨᠢ ᠄
ᠰᠢᠷᠡᠭᠡ
ᠪᠦᠬᠦ ᠨᠢ ᠰᠢᠷᠢ ᠪᠣᠯᠤᠭᠠᠳ ᠰᠢᠷᠢᠨ ᠲᠠᠪᠠᠬᠠᠢ ᠨᠢ ᠢᠯᠬᠢ ᠪᠣᠯᠤᠭᠠᠳ ᠬᠣᠶᠠᠷ ᠨᠢᠲᠦ ᠶ᠋ᠢ ᠨᠢ ᠬᠣᠩ
ᠬᠡᠷᠢᠶ᠎ᠡ ᠤᠬᠤᠭᠰᠠᠨ ᠢᠩᠭᠡ ᠂ ᠦᠬᠦᠬᠦ ᠳᠤ ᠪᠡᠨ ᠬᠦᠷᠦᠭᠡᠳ ᠪᠠᠶ᠋ᠢᠵᠤ ᠪᠠᠶ᠋ᠢᠨ᠎ᠠ ᠃
ᠲᠡᠨᠲᠡ ᠡᠴᠡ ᠢᠩᠭᠡ ᠪᠡᠨ ᠬᠥᠲᠥᠯᠦᠭᠡᠳ ᠳᠡᠮᠡᠢ ᠲᠡᠨᠦᠵᠦ
ᠶᠠᠪᠤᠭᠰᠠᠨ ᠴᠢᠨᠢ ᠬᠠᠷᠢᠨ ᠳᠡᠭᠡᠷ᠎ᠡ ᠦᠶ᠎ᠡ ᠶ᠋ᠢᠨ ᠲᠠᠨᠢᠯ ᠳᠡᠵᠢᠳᠮᠠ ᠬᠡᠦᠬᠡᠨ ᠪ ᠳᠤ ᠬᠦᠷᠦᠭᠡᠳ
ᠣᠴᠢᠴᠢᠬᠠᠵᠠᠢ ᠃
ᠬᠣᠨᠣᠬᠤ
ᠪᠣᠯᠤᠭᠠᠳ ᠬᠣᠶᠠᠷ ᠮᠣᠷᠢ ᠪᠠᠨ ᠠᠷᠭᠠᠮᠵᠢᠭᠠᠳ᠂ ᠥᠷᠯᠥᠭᠡ ᠪᠣᠯᠤᠭᠰᠠᠨ ᠴᠢᠨᠢ ᠮᠣᠷᠢ ᠶ᠋ᠢ ᠨᠢ ᠬᠣᠷᠢᠨ
ᠬᠡᠷᠢᠶ᠎ᠡ ᠨᠢᠷᠪᠠ ᠲᠠᠢ ᠴᠢᠨᠣ᠎ᠠ ᠲᠠᠬᠢᠯᠵᠢᠲᠠᠯᠠ ᠵᠣᠭᠣᠭᠯᠠᠵᠤ ᠪᠠᠶ᠋ᠢᠨ᠎ᠠ ᠃
ᠲᠡᠭᠡᠬᠦ ᠪᠡᠷ ᠨᠢ ᠲᠡᠨᠲᠡ ᠡᠴᠡ ᠬᠣᠶᠠᠷ ᠮᠣᠲᠣ ᠣᠯᠵᠤ
ᠪᠠᠷᠢᠭᠠᠳ ᠢᠩᠭᠡ ᠪᠡᠨ ᠬᠥᠲᠥᠯᠦᠭᠡᠳ ᠶᠠᠪᠤᠲᠠᠯ᠎ᠠ ᠂ ᠨᠢᠭᠡᠨ ᠪᠠᠬ᠋᠎ᠠ ᠰᠢᠭ᠋ ᠬᠤᠷᠠᠯ ᠳᠡᠭᠡᠷ᠎ᠡ ᠬᠦᠷᠦᠭᠡᠳ
ᠣᠴᠢᠯ᠎ᠠ ᠃
ᠭᠦᠶᠦᠲᠡᠭ
ᠰᠠᠶ᠋ᠢᠨ ᠶ᠋ᠢᠠᠷ ᠲᠤᠨᠢᠷ ᠪᠣᠯᠬᠤ ᠤᠤ! ᠬᠦᠵᠡᠭᠡ ᠶᠡᠬᠡᠲᠡᠢ ᠪᠡᠷ ᠶ᠋ᠢᠡᠨ ᠨᠢᠷᠪᠠ ᠪᠣᠯᠬᠤ ᠤᠤ!
ᠭᠡᠰᠡᠨ ᠳᠤ ᠄ ᠭᠦᠶᠦᠬᠦ ᠪᠡᠷ
ᠰᠠᠶ᠋ᠢᠲᠠᠢ ᠪᠠᠷ ᠤᠮᠽᠠᠳ ᠪᠣᠯᠤᠶ᠎ᠠ! ᠭᠡᠨ᠎ᠡ ᠃
ᠪᠠᠷᠠᠭᠤᠨ
ᠲᠠᠯ᠎ᠠ ᠶ᠋ᠢᠨ ᠡᠬᠢᠨ ᠳᠤ ᠫᠠᠷᠬᠢᠯ ᠳᠠᠭᠤ ᠲᠠᠢ ᠂ ᠴᠠᠩ ᠪᠠᠷᠢᠭᠠᠳ ᠪᠠᠷᠬᠢᠷᠭᠤᠯᠵᠤ
ᠰᠠᠭᠤᠲᠠᠯ᠎ᠠ ᠂ ᠬᠠᠷᠢᠨ ᠠᠷᠪᠠᠨ ᠲᠠᠪᠤᠨ ᠪ ᠰᠠᠷ᠎ᠠ ᠮᠠᠶ᠋ᠢᠲᠠᠷ ᠪᠣᠯᠵᠤ ᠂ ᠠᠪᠠᠭᠠᠢ ᠬᠡᠦᠬᠡᠳ ᠣᠯᠠᠨ ᠰᠢᠭ᠋
ᠴᠤᠭᠯᠠᠵᠠᠢ ᠃
ᠳᠡᠭᠡᠳᠦ ᠬᠡᠦᠬᠡᠨ ᠳᠤ ᠳᠡᠪᠡᠯ ᠦ᠋ᠨ ᠲᠣᠷᠬ᠋᠎ᠠ ᠂ᠳᠠᠩᠰᠠᠨ ᠬᠠᠪᠲᠠᠬ᠋ᠠ
᠂ ᠳᠤᠮᠳᠠ ᠬᠡᠦᠬᠡᠨ ᠳᠤ ᠳᠤᠷᠳᠤᠩ ᠠᠯᠴᠢᠭᠤᠷ ᠳᠤᠭᠤᠢ ᠶᠸᠪᠩ᠂ ᠠᠲᠠᠭ ᠦ᠋ᠨ ᠬᠡᠦᠬᠡᠨ ᠳᠤ ᠠᠮᠠ ᠳᠠᠪᠤᠤ ᠂
ᠠᠤᠠᠬᠤ ᠰᠢᠬᠢᠷ ᠥᠭᠴᠦ ᠪᠠᠶ᠋ᠢᠬᠰᠠᠨ
ᠶ᠋ᠢᠡᠨ᠂ ᠨᠢᠭᠡ ᠮᠡᠲᠡᠭᠰᠡᠨ ᠪᠤᠷᠤᠭᠤᠲᠠᠭᠤᠯᠤᠨ ᠬᠥᠭᠡᠭᠡᠭᠲᠡᠵᠦ ᠣᠷᠬᠢᠯ᠎ᠠ ᠃
ᠲᠡᠨᠲᠡ ᠡᠴᠡ ᠪᠡᠨ ᠢᠩᠭᠡ ᠪᠡᠨ ᠬᠥᠲᠥᠯᠦᠭᠡᠳ ᠭᠦᠶᠦᠵᠦ
ᠶᠠᠪᠤᠲᠠᠯ᠎ᠠ ᠂ ᠬᠥᠪᠡᠭᠡᠨ ᠳᠡᠭᠡᠷ᠎ᠡ ᠨᠢᠭᠡ ᠶᠠᠭᠤᠮ᠎ᠠ ᠬᠡᠲᠡᠩ ᠭᠣᠲᠠᠩ ᠭᠡᠵᠦ ᠪᠠᠶ᠋ᠢᠨ᠎ᠠ ᠃
ᠬᠦᠷᠦᠭᠡᠳ
ᠣᠴᠢᠬᠰᠠᠨ ᠴᠢᠨᠢ ᠄ ᠬᠦᠷᠪᠡᠯ ᠠᠪᠤᠭᠠᠢ ᠳᠠᠯᠠᠯᠬ᠋ᠠ ᠪᠣᠯᠵᠤ ᠂ ᠯᠠᠮ ᠰᠢᠪᠠᠭᠤ ᠯᠠᠩᠲᠠᠵᠤ ᠂ ᠰᠢᠷ᠎ᠠ
ᠰᠢᠪᠠᠭᠤ ᠱᠠᠪᠲᠠᠵᠤ᠂ ᠬᠡᠷᠢᠶ᠎ᠡ ᠬᠡᠩᠭᠡᠷᠭᠡ ᠶ᠋ᠢ ᠴᠣᠬᠢᠵᠤ᠂ ᠪᠣᠯᠵᠣᠮᠣᠷ ᠰᠢᠪᠠᠭᠤ ᠪᠤᠳᠠᠭ᠎ᠠ ᠴᠠᠪ ᠊ᠢ
ᠪᠠᠷᠢᠵᠤ ᠂ ᠲᠣᠭᠣᠰ ᠰᠢᠪᠠᠭᠤ ᠲᠣᠮᠣᠬ᠋ᠠ ᠲᠠᠢ ᠪᠠᠷ ᠶ᠋ᠢᠠᠨ
ᠨᠣᠮ ᠰᠤᠲᠤᠷ ᠵᠥᠭᠡᠭᠡᠵᠦ ᠂ ᠬᠣᠨ ᠰᠢᠪᠠᠭᠤ ᠂ ᠬᠣᠪᠣᠩ ᠳᠣᠮᠪᠣ ᠳᠤ ᠪᠠᠨ ᠮᠠᠩᠵᠠ ᠵᠥᠭᠡᠭᠡᠵᠦ ᠂ ᠲᠣᠭᠣᠲᠠᠭ
ᠲᠣᠭᠣᠭᠠᠴᠢ ᠪᠣᠯᠵᠤ ᠂ ᠲᠣᠭᠣᠷᠤᠤ ᠲᠣᠭᠣᠭᠠᠨ ᠪ ᠳᠠᠭᠠᠭᠠᠮᠠᠯ ᠪᠣᠯᠵᠤ ᠠᠯᠠᠭ ᠨᠤᠭᠤᠰᠤ ᠽᠠᠯᠽᠠ ᠬᠢᠵᠦ ᠂
ᠪᠦᠳᠦᠭᠦᠨ ᠬᠥᠯ ᠲᠡᠢ ᠪᠦᠷᠭᠦᠳ ᠪᠦᠷᠢᠶ᠎ᠡ ᠦᠯᠢᠶᠡᠵᠦ ᠂ ᠬᠠᠷᠴᠠᠭᠠᠢ ᠭᠠᠩᠳᠤᠩ ᠦᠯᠢᠶᠡᠵᠦ ᠪᠠᠶ᠋ᠢᠨ᠎ᠠ ᠃
ᠨᠠᠲᠠ ᠳᠤ ᠭᠤᠷᠪᠠᠨ
ᠵᠢᠯ ᠰᠤᠪᠠᠶ᠋ᠢᠷᠠᠭᠰᠠᠨ ᠬᠠᠷ᠎ᠠ ᠬᠠᠯᠵᠠᠨ ᠪᠠᠲᠠᠭᠠᠨ᠎ᠠ ᠶ᠋ᠢᠨ ᠳᠠᠯᠤ ᠳᠥᠷᠪᠡᠨ ᠥᠨᠳᠥᠷ ᠊ᠢ ᠥᠭᠭᠦᠭᠰᠡᠨ ᠳᠤ
ᠢᠲᠡᠭᠡᠳ ᠪᠠᠷᠠᠭᠰᠠᠨ ᠦᠭᠡᠢ ᠃
ᠴᠠᠭᠠᠰᠢ ᠶᠠᠪᠤᠵᠤ ᠪᠠᠶ᠋ᠢᠲᠠᠯ᠎ᠠ᠂ ᠨᠢᠭᠡ ᠮᠡᠲᠡᠭᠰᠡᠨ ᠬᠠᠷᠢᠨ
ᠲᠣᠯᠣᠭᠠᠢ ᠪᠠᠨ ᠬᠤᠤᠲᠤᠭ ᠳᠡᠭᠡᠷ᠎ᠡ ᠮᠠᠷᠲᠠᠭᠠᠳ
ᠶᠠᠪᠤᠭᠰᠠᠨ ᠪᠠᠶ᠋ᠢᠬᠤ ᠦᠭᠡᠢ ᠤᠤ! ᠪᠤᠴᠠᠵᠤ ᠢᠷᠡᠭᠰᠡᠨ ᠴᠢᠨᠢ ᠬᠠᠷᠢᠨ ᠲᠣᠯᠣᠭᠠᠢ ᠮᠠᠨᠢ ᠨᠠᠮ᠎ᠠ ᠶ᠋ᠢ
ᠬᠠᠷᠠᠭᠠᠳ ᠨᠠᠷᠠᠨ ᠪ ᠲᠠᠯ᠎ᠠ ᠨᠢ ᠨᠠᠭ ᠨᠠᠭ ᠢᠨᠢᠶᠡᠵᠦ ᠰᠡᠭᠦᠲᠡᠷ ᠲᠠᠯ᠎ᠠ ᠨᠢ ᠱᠠᠵᠪ ᠲᠠᠲᠠᠪ ᠭᠡᠵᠦ
ᠪᠠᠶ᠋ᠢᠨ᠎ᠠ ᠃ ᠲᠣᠯᠣᠭᠠᠢ ᠪᠠᠨ ᠠᠪᠤᠭᠠᠳ ᠴᠠᠭᠠᠰᠢ ᠪᠠᠨ ᠶᠠᠪᠤᠵᠤ ᠪᠠᠶ᠋ᠢᠲᠠᠯ᠎ᠠ ᠄
ᠢᠩᠭᠡ
ᠮᠢᠨᠢ ᠪᠣᠲᠣᠭᠣᠯᠠᠪᠠ ᠃
ᠡᠬᠡ ᠶ᠋ᠢ ᠨᠢ ᠤᠨᠤᠭᠠᠳ ᠪᠣᠲᠣᠭᠣ ᠶ᠋ᠢ ᠳᠡᠭᠦᠷᠬᠦ ᠭᠡᠲᠡᠯ᠎ᠡ
ᠳᠠᠭᠠᠭᠠᠭᠰᠠᠨ ᠦᠭᠡᠢ ᠂ ᠪᠣᠲᠣᠭᠣ ᠶ᠋ᠢ ᠨᠢ ᠤᠨᠤᠭᠠᠳ ᠢᠩᠭᠡ ᠶ᠋ᠢ ᠳᠡᠭᠦᠷᠦᠭᠰᠡᠨ ᠴᠢᠨᠢ ᠬᠠᠷᠢᠨ ᠳᠠᠩᠬᠠᠨ
ᠲᠡᠩᠭᠡᠨ ᠭᠡᠳ ᠶᠠᠪᠤᠵᠤ ᠪᠠᠶ᠋ᠢᠯ᠎ᠠ ᠃
ᠬᠠᠲᠠᠨ
ᠳᠡᠭᠡᠷ᠎ᠡ ᠭᠠᠷᠤᠭᠰᠠᠨ ᠬᠠᠲᠠ ᠬᠠᠭᠠᠷᠠᠭᠠᠳ ᠳᠠᠭᠠᠭᠠᠭᠰᠠᠨ
ᠦᠭᠡᠢ᠂ ᠪᠤᠲᠠᠨ ᠳᠡᠭᠡᠷ᠎ᠡ ᠭᠠᠷᠤᠭᠰᠠᠨ ᠴᠢᠨᠢ ᠪᠤᠲᠠ
ᠪᠤᠯᠭᠤᠷᠠᠪᠠ ᠃
ᠳᠡᠷᠡᠰᠦᠨ
ᠳᠡᠭᠡᠷ᠎ᠡ ᠭᠠᠷᠤᠭᠰᠠᠨ ᠴᠢᠨᠢ ᠬᠠᠷᠢᠨ ᠳᠡᠮ ᠊ᠢ ᠨᠢ ᠣᠯᠤᠭᠠᠳ ᠰᠠᠶ᠋ᠢᠬᠠᠨ ᠳᠠᠭᠠᠭᠠᠵᠤ ᠪᠠᠶ᠋ᠢᠨ᠎ᠠ ᠃
ᠲᠡᠨᠲᠡ
ᠡᠴᠡ ᠴᠠᠭᠠᠰᠢ ᠶᠠᠪᠤᠭᠰᠠᠭᠠᠷ ᠭᠡᠷ ᠲᠤ ᠪᠡᠨ ᠬᠠᠷᠢᠬᠰᠠᠨ ᠴᠢᠨᠢ ᠥᠨᠥ ᠬᠣᠶᠠᠷ ᠮᠣᠷᠢ
ᠮᠢᠨᠢ ᠬᠤᠯᠠᠭᠠᠢ ᠮᠣᠷᠢ ᠪᠣᠯᠤᠭᠠᠳ ᠨᠠᠮ᠎ᠠ ᠶ᠋ᠢ ᠳ᠋ᠠ ᠬᠦᠷᠢᠶᠡᠨ ᠡᠴᠡ ᠵᠠᠯᠠᠯᠬ᠋ᠠ ᠴᠠᠭᠲᠠᠬ᠋ᠠ ᠢᠷᠡᠵᠦ
ᠪᠠᠷᠢᠵᠤ ᠠᠪᠢᠴᠢᠪᠠ ᠃
ᠵᠠ! ᠴᠢ!
ᠡᠨᠡ ᠬᠣᠶᠠᠷ ᠮᠣᠷᠢ ᠶ᠋ᠢ ᠬᠡᠵᠢᠶ᠎ᠡ ᠬᠢᠨ ᠭᠡᠭᠴᠢ ᠬᠥᠮᠦᠨ ᠡᠴᠡ᠂ ᠶᠠᠮᠠᠷ ᠶᠠᠮᠠᠷ ᠭᠡᠷᠡᠴᠢ ᠲᠡᠢ ᠠᠪᠤᠭᠰᠠᠨ ᠪᠤᠢ? ᠭᠡᠵᠦ ᠪᠠᠶ᠋ᠢᠨ᠎ᠠ ᠃
ᠪᠢ ᠥᠴᠢᠪᠡ ᠂ ᠪᠣᠭᠲᠠ ᠶ᠋ᠢᠨ ᠬᠦᠷᠢᠶᠡᠨ ᠪ ᠪᠣᠭᠣᠲᠠᠭᠰᠠᠨ
ᠴᠣᠶ᠋ᠢᠵᠢᠯ ᠂ ᠠᠷᠢᠶ᠎ᠠ ᠵᠠᠮᠰᠤ ᠶ᠋ᠢᠨ ᠪᠠᠨᠲᠢᠲᠠ ᠶ᠋ᠢᠨ ᠠᠯᠠᠭ ᠨᠢᠲᠦᠨ ᠵᠠᠮᠪᠠᠯ ᠭᠡᠭᠴᠢ ᠡᠴᠡ ᠠᠷᠪᠠᠨ
ᠬᠣᠶᠠᠷ ᠬᠥᠮᠦᠨ ᠪ ᠭᠡᠷᠡᠴᠢ ᠲᠡᠢ
ᠠᠪᠤᠭᠰᠠᠨ ᠳ᠋ᠠ! ᠭᠡᠪᠡ ᠃
ᠬᠢᠨ ᠬᠢᠨ
ᠭᠡᠷᠡᠴᠢ ᠲᠡᠢ ᠪᠤᠢ ᠭᠡᠨ᠎ᠡ ᠡ!
ᠵᠠ! ᠳᠠᠬᠢ ᠶ᠋ᠢᠨ ᠳᠡᠮᠪᠡᠷᠢᠯ ᠳᠠᠪᠬᠢ ᠶ᠋ᠢᠨ ᠰᠢᠷᠠᠪᠠ᠂
ᡀᠠ ᠶ᠋ᠢᠨ ᠬᠠᠲᠤᠨ ᠨᠠᠷᠪᠠᠢ ᠶ᠋ᠢᠨ ᠮᠣᠯᠣᠮ ᠂
ᠳᠣᠷᠭᠢᠶᠠ
ᠣᠶ᠋ᠢᠲᠤᠪ ᠂ ᠳᠣᠭᠣᠯᠠᠩ ᠬᠠᠶ᠋ᠢᠲᠠᠪ ᠂ ᠬᠠᠷ᠎ᠠ ᠣᠶ᠋ᠢᠲᠤᠪ ᠬᠠᠮᠠᠷ ᠪᠠᠯᠲᠠᠨ ᠂ ᠮᠠᠩᠭᠤᠰ ᠦ᠋ᠨ ᠮᠠᠨᠠᠶ᠋ᠢᠬᠢᠨ
ᠰᠠᠶ᠋ᠢᠨ ᠯᠢᠭᠲᠡᠪ ᠂ ᠰᠣᠶ᠋ᠢᠨᠡᠩ ᠬᠠᠲᠤᠨ ᠡᠲᠡᠭᠡᠷ ᠠᠷᠪᠠᠨ ᠬᠣᠶᠠᠷ ᠬᠥᠮᠦᠨ ᠭᠡᠷᠡᠴᠢ ᠲᠡᠢ ᠠᠪᠤᠭᠰᠠᠨ ᠭᠡᠵᠦ
ᠬᠡᠯᠡᠭᠡᠳ ᠭᠠᠷᠴᠤ ᠪᠠᠶ᠋ᠢᠯ᠎ᠠ ᠃
