ᠪᠣᠳᠣᠯ ᠬᠦᠰᠡᠯ- ᠴ ᠤᠴᠢᠭᠡᠷᠡᠯБодол хүсэл-ц учээрэл ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠳᠣᠯ ᠬᠦᠰᠡᠯ- ᠴ ᠤᠴᠢᠭᠡᠷᠡᠯБодол хүсэл-ц учээрэл

ᠪᠣᠳᠣᠯ ᠬᠦᠰᠡᠯ- ᠴ ᠤᠴᠢᠭᠡᠷᠡᠯБодол хүсэл-ц учээрэл

ᠠᠩᠭᠢᠯᠠᠯ:ᠳᠠᠭᠤᠤ ᠬᠥᠭᠵᠢᠮ
2023-03-07

289

ᠪᠣᠳᠣᠯ ᠬᠦᠰᠡᠯ

    ᠦᠭᠡ ᠄ ᠫ · ᠣᠳᠤᠭᠡᠷᠡᠯ
   
ᠠᠶ᠎ᠠ ᠄ ᠯ · ᠪᠠᠯᠾᠠᠠᠠᠵᠠᠪ
   
ᠳᠠᠭᠤᠴᠢᠨ ᠄ ᠴ · ᠤᠴᠢᠭᠡᠷᠡᠯ
ᠭᠣᠪᠢ ‍ᠶ᠋ᠢᠨ ᠳᠣᠮᠣᠭ ᠤᠷᠠᠨ ᠰᠠᠶ᠋ᠢᠬᠠᠨ ‍ᠤ ᠺᠢᠨᠣ᠋ ‍ᠶ᠋ᠢᠨ ᠳᠠᠭᠤᠤ
ᠥᠷᠯᠥᠭ ᠳᠡᠭᠡᠳᠦ ᠲᠩᠷᠢ ᠨᠢ ᠡᠭᠦᠯᠡᠰ ‍ᠢᠶ᠋ᠡᠨ ᠭᠡᠭᠡᠵᠦ ᠴᠡᠯᠮᠡᠨ᠎ᠡ
ᠥᠩᠭᠡ ᠲᠤᠨᠤᠮᠠᠯ ᠭᠣᠪᠢ ᠮᠢᠨᠦ ᠵᠸ
ᠦᠯᠵᠢ ᠪᠤᠶᠠᠨ ᠨᠢ ᠲᠡᠭᠰᠢᠬᠡᠨ ᠬᠠᠨᠢ ᠮᠢᠨᠢ ᠳᠡᠷᠭᠡᠳᠡ
ᠥᠨᠢ ᠮᠥᠩᠬᠡᠳᠡ ᠵᠢᠷᠭᠠᠨ ᠰᠠᠭᠤᠭᠠᠰᠠᠢ
ᠥᠯᠥᠭᠡᠢ ‍ᠶ᠋ᠢᠨ ᠳᠠᠭᠤᠤ ᠎ᠲᠠᠢ ᠪᠦᠰᠡᠭᠦᠢ ‍ᠶ᠋ᠢᠨ ᠡᠩᠭᠡᠷ ᠴᠡᠭᠡᠵᠢ ᠨᠢ
ᠦᠷ᠎ᠡ ‍ᠶ᠋ᠢᠨ ᠵᠠᠶᠠᠭᠠᠨ ‍ᠳᠤ ᠎ᠪᠠᠨ ᠡᠪᠯᠡᠵᠦ ᠶᠠᠪᠤᠭᠠᠰᠠᠢ

ᠬᠥᠬᠡ ᠲᠡᠭᠷᠢ ᠮᠢᠨᠢ
ᠢᠪᠡᠭᠡᠯᠲᠦ ᠨᠠᠷᠠᠨ ᠡᠷᠭᠢᠬᠦ ᠳᠥᠷᠪᠡᠨ ᠤᠯᠠᠷᠢᠯ ‍ᠳᠤ ᠎ᠪᠠᠨ
ᠢᠯᠴᠢᠲᠦ ᠭᠠᠯ ‍ᠤᠨ ᠳᠥᠯᠥ ᠰᠢᠭ᠌ ᠬᠠᠶ᠋ᠢᠷ᠎ᠠ ᠮᠢᠨᠢ ᠥᠭᠡᠳᠡ ᠎ᠪᠡᠨ
ᠬᠥᠪᠴᠢᠨ ᠳᠡᠯᠡᠬᠡᠢ ᠎ᠪᠡᠨ ᠠᠷᠭᠠᠳᠠᠨ ᠳᠠᠭᠤᠯᠠᠶ᠎ᠠ ᠳ᠋ᠠ
ᠪᠣᠳᠣᠯ ᠬᠦᠰᠡᠯ ᠬᠣᠶᠠᠷ ‍ᠢᠶ᠋ᠠᠨ ᠳᠠᠭᠤᠳᠠᠨ ᠢᠷᠦᠭᠡᠵᠦ
ᠬᠠᠲᠤᠨ ᠰᠠᠪᠠᠷᠠᠢ ᠠᠭᠤᠯᠠᠨ ‍ᠳᠤ ᠎ᠪᠠᠨ ᠮᠥᠷᠭᠥᠶ᠎ᠡ ᠳ᠋ᠠ

ᠣᠷᠣᠢ ‍ᠶ᠋ᠢᠨ ᠳᠡᠭᠡᠳᠦ ᠨᠠᠷᠠᠨ ᠣᠷᠴᠢᠯᠠᠩ ‍ᠢ ᠲᠡᠭᠡᠭᠡᠵᠦ ᠥᠨᠳᠡᠶ᠋ᠢᠨ᠎ᠡ
ᠣᠮᠣᠭᠯᠠᠩ ᠲᠡᠭᠦᠯᠳᠡᠷ ᠨᠠᠰᠤ ᠮᠢᠨᠦ ᠵᠸ
ᠣᠯᠳᠠᠭᠰᠠᠨ ᠠᠮᠠᠷᠠᠭ ᠬᠠᠶ᠋ᠢᠷ᠎ᠠ ᠎ᠪᠠᠨ ᠬᠦᠨᠳᠦᠯᠡᠨ ᠳᠡᠭᠡᠳᠦᠯᠡᠵᠦ
ᠣᠯᠪᠣᠭ ᠰᠡᠨᠳᠡᠢ ‍ᠳᠦ ᠎ᠪᠡᠨ ᠵᠠᠯᠠᠨ ᠰᠠᠭᠤᠯᠭᠠᠭᠠᠷᠠᠢ
ᠥᠮᠥᠭ ᠲᠦᠰᠢᠭ ᠰᠡᠯᠭᠦᠬᠦ ᠬᠤᠳᠠᠯ ᠦᠭᠡᠢ
ᠦᠨᠡᠨᠴᠢ ᠰᠡᠳᠬᠢᠯ ‍ᠢᠶ᠋ᠡᠷ ‍ᠢᠶ᠋ᠡᠨ ᠠᠷᠢᠭᠤᠨ ᠶᠠᠪᠤᠭᠠᠰᠠᠢ
     
ᠳᠠᠬᠢᠯᠲᠠ