ᠦᠨᠡᠭᠡ ᠠᠷᠰᠯᠠᠨ ᠬᠣᠶᠠᠷ Үнэг арслан хоёр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠨᠡᠭᠡ ᠠᠷᠰᠯᠠᠨ ᠬᠣᠶᠠᠷ Үнэг арслан хоёр

ᠦᠨᠡᠭᠡ ᠠᠷᠰᠯᠠᠨ ᠬᠣᠶᠠᠷ Үнэг арслан хоёр

ᠠᠩᠭᠢᠯᠠᠯ:ᠳᠣᠮᠣᠭ ᠦᠯᠢᠭᠡᠷ
2023-03-06

330

ᠦᠨᠡᠭᠡ ᠠᠷᠰᠯᠠᠨ ᠬᠣᠶᠠᠷ


     ᠡᠷᠲᠡ ᠤᠷᠢᠲᠤ ᠴᠠᠭ ᠲᠦ ᠦᠨᠡᠭᠡ ᠠᠷᠰᠯᠠᠨ ᠬᠣᠶᠠᠷ ᠬᠠᠮᠲᠦᠷᠠᠵᠦ ᠠᠩ ᠭᠦᠷᠦᠭᠡ ᠪᠠᠷᠢᠵᠤ ᠢᠳᠡᠳᠡᠭ ᠪᠠᠶ᠋ᠢᠯ᠎ᠠ ᠃ ᠡᠨᠡ ᠪᠠᠷᠢᠬᠰᠠᠨ ᠶᠠᠭᠤᠮ᠎ᠠ ᠪᠠᠨ ᠢᠮᠠᠭᠲᠠ ᠠᠷᠰᠯᠠᠨ  ᠡᠭᠦᠷᠳᠡᠭ ᠪᠠᠶ᠋ᠢᠵᠠᠢ ᠃ 
     ᠭᠡᠲᠡᠯ᠎ᠡ ᠨᠢᠭᠡ ᠡᠲᠦᠷ ᠨᠢᠭᠡ ᠪᠤᠭᠤ ᠪᠠᠷᠢᠭᠠᠳ ᠦᠨᠡᠭᠡ ᠶ᠋ᠢ 
    《 ᠴᠢ ᠡᠭᠦᠷ ! 》 ᠭᠡᠵᠦ ᠠᠷᠰᠯᠠᠨ ᠬᠡᠯᠡᠬᠦ  ᠳᠤ 
    《 ᠪᠢ ᠡᠭᠦᠷᠬᠦ  ᠳᠤ  ᠴᠤ᠌ ᠡᠭᠦᠷᠦᠶ᠎ᠡ ᠂ ᠬᠠᠷᠢᠨ ᠢᠨᠴᠠᠭᠯᠠᠬᠤ ᠭᠡᠵᠦ ᠨᠢᠭᠡ ᠬᠡᠴᠡᠭᠦᠦ ᠠᠵᠢᠯ ᠪᠤᠢ ᠰᠢᠦ ᠃ ᠲᠡᠭᠦᠨ ᠊ᠢ ᠴᠢ ᠴᠢᠲᠠᠬᠤ ‍ᠤᠤ ? 》 ᠭᠡᠵᠦ ᠦᠨᠡᠭᠡ ᠬᠡᠯᠡᠪᠡ ᠃ ᠲᠡᠭᠡᠬᠦ ᠳ᠋ᠤᠨᠢ ᠠᠷᠰᠯᠠᠨ 《 ᠪᠢ ᠠᠷᠢᠶᠠᠲᠠᠨ ᠪ ᠬᠠᠭᠠᠨ ᠪᠠᠶ᠋ᠢᠲᠠᠯ᠎ᠠ ᠪᠠᠨ ᠡᠨᠡ ᠮᠠᠭᠤ ᠦᠨᠡᠭᠡ ᠶ᠋ᠢᠨ ᠬᠣᠶ᠋ᠢᠨ᠎ᠠ ᠠ᠋ᠴᠠ ᠳᠠᠭᠠᠭᠠᠳ ᠢᠨᠴᠠᠭᠯᠠᠵᠤ ᠶᠠᠪᠤᠬᠤ ᠭᠡᠳᠡᠭ ᠢᠴᠢᠭᠦᠪᠲᠦᠷ  ᠬᠡᠷᠡᠭ 》 ᠭᠡᠵᠦ ᠪᠣᠲᠣᠭᠠᠳ 
     《 ᠬᠦᠢ ᠂ ᠪᠢ ᠢᠨᠴᠠᠭᠯᠠᠵᠤ ᠴᠢᠲᠠᠬᠤ ᠦᠭᠡᠢ ᠂ ᠡᠭᠦᠷᠬᠦ ᠶ᠋ᠢ ᠨᠢ ᠪᠢ ᠡᠭᠦᠷᠦᠶ᠎ᠡ ᠂ ᠢᠨᠴᠠᠭᠯᠠᠬᠤ ᠶ᠋ᠢ ᠨᠢ ᠴᠢ ᠢᠨᠴᠠᠭᠯᠠ ! 》 ᠭᠡᠳ ᠪᠤᠭᠤ ᠪᠠᠨ ᠵᠣ᠋ ᠳᠡᠭᠡᠭᠦᠷ ᠶ᠋ᠢᠡᠨ ᠲᠠᠯᠪᠢᠵᠤ ᠬᠦᠯ ᠡᠴᠡ ᠨᠢ ᠵᠠᠭᠤᠭᠠᠳ ᠶᠡᠬᠡ ᠵᠠᠩ ᠲᠠᠢ ᠠᠯᠬᠤᠯᠠᠯ᠎ᠠ ᠃ ᠦᠨᠡᠭᠡ ᠬᠣᠶ᠋ᠢᠨ᠎ᠠ ᠠ᠋ᠴᠠ ᠨᠢ ᠢᠨᠴᠠᠭᠯᠠᠭᠠᠳ ᠳᠠᠭᠠᠪᠠ ᠃ ᠳᠠᠭᠠᠭᠰᠠᠭᠠᠷ ᠤᠭ ᠭᠠᠵᠠᠷ ᠲᠠᠭᠠᠨ ᠬᠦᠷᠴᠦ ᠨᠥᠭᠦᠭᠡ ᠮᠢᠬ᠎ᠠ ᠠ᠋ᠴᠠ ᠪᠠᠨ ᠲᠠᠵᠢ ᠦᠭᠡᠢ ᠢᠲᠡᠯᠴᠡᠵᠠᠢ ᠭᠡᠨ᠎ᠡ ᠃

       《 ᠮᠣᠩᠭᠣᠯ ᠠᠷᠠᠳ ᠦ᠋ᠨ ᠠᠮᠠᠨ ᠵᠣᠬᠢᠶᠠᠯ ᠦ᠋ᠨ ᠳᠡᠭᠡᠵᠢ  ᠪᠢᠴᠢᠭ》 ᠡᠴᠡ ᠰᠣᠩᠭᠣᠪᠠ
              ᠦᠰᠦᠭ ᠠᠮᠢᠯᠠᠭᠤᠯᠤᠭᠴᠢ ᠄ ᠰᠢᠯᠤᠭᠤᠨ