ᠪᠢᠴᠢᠬᠠᠨ ᠨᠠᠶ᠋ᠢᠵᠠ – ᠳ · ᠳ᠋ᠠᠮᠪᠢᠵᠠᠯᠰᠠᠨ Бяцхан найз – Д · Дамбижалсан
ᠪᠢᠴᠢᠬᠠᠨ ᠨᠠᠶ᠋ᠢᠵᠠ
ᠳ · ᠳ᠋ᠠᠮᠪᠢᠵᠠᠯᠰᠠᠨ
ᠨᠢᠭᠡ
ᠪᠣᠷᠣᠬᠠᠨ ᠪᠣᠲᠣᠭᠣ ᠭᠠᠳᠠᠰᠤ ᠪᠠᠨ ᠲᠣᠭᠣᠷᠢᠨ ᠪᠣᠶ᠋ᠢᠯᠠᠨᠠ ᠂ ᠲᠠᠪᠤᠨ ᠨᠠᠰᠤᠲᠠᠢ ᠰᠤᠪᠤᠳ ᠭᠠᠶ᠋ᠢᠬᠠᠨ ᠬᠠᠷᠠᠵᠤ ᠄
《 ᠴᠢ ᠶᠠᠭᠤᠨ ᠳᠤ ᠮᠥᠭᠡᠷᠡᠭᠡᠳ ᠪᠠᠶ᠋ᠢᠬ᠋᠎ᠠ ᠶᠤᠮ ᠪᠤᠢ ? 》 ᠭᠡᠪᠡ ᠃
ᠪᠣᠲᠣᠭᠣ ᠥᠬᠢᠨ ᠊ᠢ ᠬᠠᠷᠠᠵᠤ ᠄
《 ᠲᠤᠭᠤᠯ ᠮᠥᠭᠡᠷᠡᠳᠡᠭ ᠡᠴᠡ ᠪᠢᠰᠢ ᠂ ᠪᠣᠲᠣᠭᠣ ᠮᠥᠭᠡᠷᠡᠳᠡᠭ ᠪᠢᠯᠡ ᠦᠦ? 》ᠭᠡᠪᠡ ᠃
ᠪᠢᠴᠢᠬᠠᠨ ᠰᠣᠪᠤᠳ ᠪᠠᠬᠠᠨ ᠪᠣᠳᠣᠭᠰᠠᠨ ᠢᠶ᠋ᠠᠨ ᠄
《 ᠴᠢ ᠶᠠᠭᠠᠬᠢᠭᠠᠳ ᠮᠠᠶ᠋ᠢᠯᠠᠭᠠᠳ ᠪᠠᠶ᠋ᠢᠭ᠎ᠠ ᠶᠤᠮ ᠪᠤᠢ ? 》 ᠭᠡᠪᠡ ᠃
ᠪᠣᠲᠣᠭᠣ ᠄
《 ᠬᠡᠵᠢᠶ᠎ᠡ ᠪᠣᠲᠣᠭᠣ ᠮᠠᠶ᠋ᠢᠯᠠᠵᠤ ᠪᠠᠶ᠋ᠢᠬᠰᠠᠨ ᠶᠤᠮ ᠪᠤᠢ ? 》 ᠭᠡᠪᠡ ᠁
ᠬᠣᠶᠠᠷ
ᠰᠣᠪᠤᠳ ᠦᠬᠢᠨ ᠪᠣᠲᠣᠭᠣᠨ ᠤ ᠲᠣᠯᠣᠭᠠᠢ ᠶ᠋ᠢ ᠢᠯᠢᠵᠦ ᠄
《 ᠪᠢᠲᠡᠭᠡᠢ ᠣᠬᠢᠯᠠ ᠳ᠋ᠠ ᠃ ᠡᠵᠢ ᠴᠢᠨᠢ ᠬᠠᠮᠢᠭ᠎ᠠ ᠣᠴᠢᠬᠰᠠᠨ ᠶᠤᠮ ᠪᠤᠢ ? ᠪᠢ ᠳᠠᠭᠤᠳᠠᠭᠠᠳ ᠥᠭᠭᠦᠶ᠎ᠡ! 》 ᠭᠡᠪᠡ ᠃
ᠪᠣᠲᠣᠭᠣ ᠄
《 ᠡᠵᠢ ᠮᠢᠨᠢ ᠪᠡᠯᠴᠢᠭᠡᠷ ᠲᠦ ᠶᠠᠪᠤᠭ᠎ᠠ ᠂ ᠬᠠᠯᠠᠭᠤᠨ ᠨᠠᠷᠠ ᠰᠢᠷᠠᠭᠠᠳ ᠠᠮᠠ ᠴᠠᠩᠭᠠᠭᠠᠳ ᠪᠠᠶ᠋ᠢᠨ᠎ᠠ 》 ᠭᠡᠪᠡ ᠃
ᠰᠣᠪᠤᠳ ᠭᠡᠷ ᠤᠷᠤᠭᠤ ᠪᠠᠨ ᠭᠦᠶᠦᠪᠡ ᠃ ᠡᠮᠡᠭᠡ ᠡᠴᠡ ᠪᠡᠨ ᠶᠠᠭᠤᠮ᠎ᠠ ᠠᠰᠠᠭᠤᠯ᠎ᠠ ᠃ ᠬᠣᠪᠢᠩ ᠲᠠᠢ ᠤᠰᠤ ᠪᠠᠨ ᠳᠠᠭᠠᠭᠠᠵᠤ ᠶᠠᠳᠠᠭᠰᠠᠭᠠᠷ ᠪᠣᠲᠣᠭᠣᠨ ᠤ ᠳᠡᠷᠭᠡᠳᠡ ᠢᠷᠡᠭᠡᠳ ᠄
《 ᠪᠢ ᠴᠥᠮ ᠢ ᠨᠢ ᠮᠡᠳᠡᠭᠰᠡᠨ᠂ ᠪᠣᠳᠣᠭᠣ ᠪᠣᠶ᠋ᠢᠯᠠᠨᠠ ᠂ ᠬᠤᠷᠠᠭ᠎ᠠ ᠮᠠᠶ᠋ᠢᠯᠠᠨᠠ ᠂ ᠲᠤᠭᠤᠯ ᠮᠥᠭᠡᠷᠡᠨ᠎ᠡ ᠂ ᠤᠨᠠᠭ᠎ᠠ ᠢᠨᠴᠠᠭᠠᠨ᠎ᠠ ᠃ ᠲᠠᠶ᠋ᠢᠮᠣ ᠡ ? 》 ᠭᠡᠬᠦ ᠳᠦ ᠪᠣᠳᠣᠭᠣ ᠄
《 ᠴᠢ ᠶᠠᠮᠠᠷ ᠤᠬᠠᠭᠠᠨ ᠲᠠᠢ ᠶᠤᠮ ᠪᠤᠢ ? ᠪᠦᠭᠦᠳᠡ ᠶ᠋ᠢ ᠮᠡᠳᠡᠵᠡᠢ 》ᠭᠡᠪᠡ ᠃
ᠬᠡᠯᠡ ᠪᠢᠴᠢᠭ ᠤᠩᠰᠢᠬᠤ ᠪᠢᠴᠢᠭ ᠨᠢᠭᠡᠳᠦᠭᠡᠷ ᠣᠨ ( ᠳᠣᠤᠷᠠᠲᠤ )
2012 ᠣᠨ ᠤ11 ᠰᠠᠷ᠎ᠠ ᠳᠤ ᠠᠩᠬᠠᠳᠤᠭᠠᠷ ᠬᠡᠪ ᠡᠴᠡ ᠬᠠᠭᠤᠯᠪᠠ ᠃
ᠦᠰᠦᠭ ᠠᠮᠢᠯᠠᠭᠤᠯᠤᠭᠴᠢ — ᠳ᠋ᠦ᠋ᠩ ᠹᠸᠩ
ᠬᠢᠨᠠᠭᠴᠢ — ᠴᠢᠮᠡᠭ
