ᠰᠡᠳᠬᠢᠯ ᠊ᠢ ᠠᠮᠠᠷᠠᠭᠠᠭᠴᠢ ᠬᠡᠮᠡᠬᠦ ᠰᠤᠷᠭᠠᠯ – ᠷᠠᠪᠵᠠᠢ Сэтгэлийг амраагч хэмээх сургаал – Равжай ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠳᠬᠢᠯ ᠊ᠢ ᠠᠮᠠᠷᠠᠭᠠᠭᠴᠢ ᠬᠡᠮᠡᠬᠦ ᠰᠤᠷᠭᠠᠯ – ᠷᠠᠪᠵᠠᠢ Сэтгэлийг амраагч хэмээх сургаал – Равжай

ᠰᠡᠳᠬᠢᠯ ᠊ᠢ ᠠᠮᠠᠷᠠᠭᠠᠭᠴᠢ ᠬᠡᠮᠡᠬᠦ ᠰᠤᠷᠭᠠᠯ – ᠷᠠᠪᠵᠠᠢ Сэтгэлийг амраагч хэмээх сургаал – Равжай

2023-03-06

1334

ᠰᠡᠳᠬᠢᠯ ᠊ᠢ ᠠᠮᠠᠷᠠᠭᠠᠭᠴᠢ ᠬᠡᠮᠡᠬᠦ ᠰᠤᠷᠭᠠᠯ


              ᠰᠡᠳᠬᠢᠯ ᠊ᠢ ᠠᠮᠠᠷᠠᠭᠠᠭᠴᠢ ᠬᠡᠮᠡᠬᠦ ᠰᠤᠷᠭᠠᠯ ①

                          ᠷᠠᠪᠵᠠᠢ

 ᠤᠮ ᠰᠠᠶ᠋ᠢᠨ ᠠᠮᠤᠭᠤᠯᠠᠩ ᠪᠣᠯᠲᠤᠭᠠᠢ ᠃
 ᠰᠡᠤᠠᠬᠢᠯ ᠊ᠢ ᠠᠮᠠᠷᠠᠭᠠᠭᠴᠢ ᠰᠣᠨᠢᠨ ᠰᠠᠶ᠋ᠢᠬᠠᠨ ᠬᠠᠭᠤᠷᠮᠠᠭ ᠦᠭᠡᠢ
 ᠢᠲᠡᠭᠡᠯᠲᠦ ᠭᠤᠷᠪᠠᠨ ᠡᠷᠲᠡᠨᠢ ᠶ᠋ᠢ ᠳᠤᠷᠠᠰᠰᠤᠭᠠᠢ ᠃ ᠲᠡᠭᠦᠨ ᠪ
 ᠰᠡᠭᠦᠯ  ᠳ᠋ᠤᠷ ᠢᠨᠠᠭᠯᠠᠭᠰᠠᠨ ᠨᠥᠬᠥᠷ ᠴᠢᠮ᠎ᠠ  ᠳᠤ ᠪᠠᠨ
 ᠵᠠᠬᠢᠬᠤ ᠮᠢᠨᠦ ᠪᠣᠯᠪᠠᠰᠤ ᠃
 ᠨᠠᠷᠠᠨ ᠪ ᠭᠡᠷᠡᠯ ᠬᠤᠷᠴᠠ ᠪᠣᠯᠬᠤ  ᠳᠤ
 ᠡᠭᠦᠯᠡ ᠦᠭᠡᠢ ᠪᠣᠯᠪᠠᠯ ᠨᠡᠩ ᠰᠠᠶ᠋ᠢᠨ ᠃
 ᠨᠠᠰᠤᠨ ᠪ ᠪᠠᠬ᠋᠎ᠠ  ᠳᠤ ᠡᠷᠲᠡᠮ ᠰᠤᠷᠬᠤ  ᠳᠤ
 ᠵᠠᠯᠬᠠᠭᠤ ᠦᠭᠡᠢ ᠪᠣᠯᠪᠠᠯ ᠳᠠᠩᠴᠤ ᠰᠠᠶ᠋ᠢᠨ ᠃
 ᠨᠣᠮ ᠦᠭᠡᠢ ᠬᠤᠸᠠᠷᠠᠭ ᠭᠡᠵᠢᠭᠡ ᠦᠭᠡᠢ ᠡᠴᠡ ᠪᠢᠰᠢ ᠶᠠᠭᠤᠪᠢ② ᠃
 ᠨᠣᠮᠣᠢ  ᠵᠠᠩᠲᠠᠢ ᠬᠥᠮᠦᠨ ᠬᠣᠵᠢᠲᠠᠬᠤ ᠠ᠋ᠴᠠ ᠪᠤᠰᠤ ᠶᠠᠭᠤᠪᠢ ᠃
 ᠨᠣᠷᠤᠭᠰᠠᠨ ᠬᠠᠲᠠᠭ ᠪᠡᠯᠡᠭ᠋ ᠲᠤᠷ ᠶᠠᠪᠤᠲᠠᠭ ᠦᠭᠡᠢ ᠃
 ᠨᠣᠶᠠᠨ ᠦᠭᠡᠢ ᠠᠯᠪᠠᠲᠤ ᠴᠤᠤᠭᠢᠶᠠᠨ ᠲᠠᠰᠤᠷᠠᠲᠠᠭ ᠦᠭᠡᠢ ᠃
 ᠰᠠᠯ ᠣᠩᠭᠣᠴᠠ ᠪᠠᠶ᠋ᠢᠪᠠᠴᠤ
 ᠰᠡᠯᠢᠬᠦ ᠤᠰᠤᠴᠢ ᠬᠡᠷᠡᠭᠲᠡᠢ ᠃
 ᠰᠠᠨᠠᠬ᠋᠎ᠠ ᠴᠢᠲᠠᠯ ᠪᠠᠶ᠋ᠢᠪᠠᠴᠤ
 ᠰᠠᠶ᠋ᠢᠨ ᠨᠥᠬᠥᠷ ᠡᠴᠡ ᠵᠥᠪᠰᠢᠯᠲᠡᠢ ᠃
 ᠡᠮᠴᠢ ᠪᠠᠶ᠋ᠢᠲᠤᠭᠠᠢ ᠳᠣᠮᠴᠢ ᠴᠢᠪᠡᠯ ③  ᠲᠤᠰᠠᠲᠠᠢ᠃
 ᠨᠣᠶᠠᠨ ᠪᠠᠶ᠋ᠢᠲᠤᠭᠠᠢ ᠨᠣᠬᠠᠢ ᠴᠢᠪᠡᠯ  ᠥᠮᠥᠭ ᠃
 ᠬᠠᠲᠠᠨ ᠳᠡᠭᠡᠷ᠎ᠡ  ᠰᠡᠢᠯᠦᠭᠰᠡᠨ ᠪᠢᠴᠢᠭ᠌
 ᠨᠢᠲᠦᠲᠡᠢ ᠬᠥᠮᠦᠨ  ᠳᠤ ᠭᠡᠷᠡᠴᠢ ᠃
 ᠬᠠᠯᠠᠮᠵᠢᠯᠠᠭᠰᠠᠨ ᠦᠭᠡ
 ᠤᠬᠠᠭᠠᠨ ᠲᠠᠢ ᠬᠥᠮᠦᠨ  ᠳᠤ ᠤᠲᠤᠮᠵᠢ  ④᠃
 ᠥᠭᠡᠬᠦ ᠲᠡᠢ ᠲᠠᠷᠭᠤᠨ ᠪᠢᠰᠢ ᠪᠣᠯᠪᠠᠴᠤ
 ᠡᠴᠡᠩᠬᠡᠢ ᠮᠣᠷᠢ ᠴᠢᠪᠡᠯ ᠤᠨᠤᠯᠬ᠋᠎ᠠ ᠃
 ᠤᠷᠤᠭ ᠡᠯᠢᠭᠡᠨ ᠲᠥᠷᠥᠯ ᠪᠢᠰᠢ ᠪᠣᠯᠪᠠᠴᠤ
 ᠢᠲᠡᠭᠡᠯᠲᠡᠢ ᠨᠥᠬᠥᠷ ᠲᠤᠰᠠᠲᠠᠢ ᠃
 ᠪᠠᠯᠠᠷ ᠰᠢᠭᠤᠢ ᠮᠣᠲᠣᠨ  ᠳᠤ
 ᠰᠠᠷᠮᠠᠭᠴᠢᠨ ᠳᠠᠮᠵᠢᠬᠤ  ᠳᠤ ᠠᠮᠤᠷ ⑤ ᠃
 ᠪᠠᠬ᠋᠎ᠠ ᠰᠠᠬ᠋᠎ᠠ ᠡᠷᠲᠡᠮ
 ᠨᠡᠮᠡᠷᠢ ᠠᠪᠬᠤ  ᠳᠤ  ᠬᠡᠷᠡᠭᠲᠡᠢ ᠃
 ᠦᠵᠡᠭᠰᠡᠨ ᠡᠷᠲᠡᠮ ᠶ᠋ᠢᠡᠨ ᠮᠠᠷᠲᠠᠭᠰᠠᠨ ᠬᠥᠮᠦᠨ
 ᠪᠤᠶᠠᠨ ᠶ᠋ᠢᠠᠨ ᠦᠭᠡᠶ᠋ᠢᠷᠡᠬᠦ ⑥ ᠶ᠋ᠢᠨ  ᠲᠡᠮᠲᠡᠭ ᠃
 ᠦᠯᠢᠭᠡᠷ ᠦᠭᠡᠢ  ᠡᠰᠭᠡᠭᠰᠡᠨ ᠮᠠᠯᠠᠭᠠᠢ
 ᠡᠳ᠋ ᠡᠪᠲᠡᠬᠦ ᠶ᠋ᠢᠨ ᠰᠢᠨᠵᠢ ᠃
 ᠶᠡᠬᠡ ᠬᠥᠮᠦᠨ  ᠳᠤ ᠳᠠᠷᠤᠭᠤᠯᠬ᠋᠎ᠠ ᠪᠠᠶ᠋ᠢᠲᠤᠭᠠᠢ
 ᠪᠤᠷᠬᠠᠨ  ᠳᠤ ᠴᠢᠪᠡᠯ ᠠᠬᠠᠮᠠᠳ ᠪᠤᠢ ᠃
 ᠡᠩ ᠦ᠋ᠨ ᠬᠥᠮᠦᠨ  ᠳᠤ ᠰᠤᠷᠭᠠᠯ ᠪᠠᠶ᠋ᠢᠲᠤᠭᠠᠢ
 ᠡᠵᠡᠨ  ᠳᠤ ᠴᠢᠪᠡᠯ ᠶᠣᠰᠣ ᠪᠤᠢ ᠃
 ᠨᠣᠬᠠᠢ ᠴᠢᠪᠡᠯ  ᠰᠡᠭᠦᠯᠲᠡᠢ ᠨᠢ ᠰᠠᠶ᠋ᠢᠬᠠᠨ ᠃
 ᠭᠤᠶ᠋ᠢᠷᠠᠨᠴᠢ ᠴᠢᠪᠡᠯ ᠶᠣᠰᠣᠲᠠᠢ ᠨᠢ ᠰᠠᠶ᠋ᠢᠬᠠᠨ ᠃
 ᠠᠷᠰᠯᠠᠨ ᠪᠠᠭᠠᠲᠤᠷ ᠴᠢᠪᠡᠯ
 ᠭᠠᠯ ᠠ᠋ᠴᠠ ᠴᠣᠴᠢᠲᠠᠭ ᠃
 ᠬᠥᠮᠦᠨ ᠰᠠᠶ᠋ᠢᠨ ᠴᠢᠪᠡᠯ
 ᠨᠢᠭᠡ ᠶᠠᠭᠤᠮᠠᠨ  ᠳᠤ  ᠭᠡᠨᠡᠳᠡᠳᠡᠭ ᠃
 ᠵᠣᠷᠢᠬ ᠶ᠋ᠢᠠᠷ ᠪᠣᠯᠬᠤ ᠠ᠋ᠴᠠ
 ᠰᠡᠷᠡᠮᠵᠢ  ᠪᠡᠷ ᠪᠣᠯᠬᠤ ᠨᠢ ᠣᠯᠠᠨ ᠃
 ᠵᠣᠪᠠᠭᠰᠠᠨ  ᠶ᠋ᠢᠠᠷ  ᠪᠣᠯᠬᠤ ᠠ᠋ᠴᠠ
 ᠠᠷᠬ᠋᠎ᠠ ᠪᠠᠷ ᠪᠣᠯᠬᠤ ᠨᠢ ᠠᠮᠤᠷ ᠃
 ᠭᠦᠴᠦᠯᠡᠭᠰᠡᠨ ᠡᠴᠡ ᠡᠪ ᠊ᠢ ᠣᠯᠪᠠᠯ ᠬᠢᠮᠲᠠ ᠃
 ᠬᠡᠷᠡᠯᠳᠦᠭᠰᠡᠨ ᠡᠴᠡ ᠤᠴᠢᠷ ᠶ᠋ᠢᠠᠨ ᠬᠡᠯᠡᠪᠡᠯ ᠰᠢᠯᠤᠭᠤᠨ ᠃
 ᠴᠣᠯ ᠮᠣᠲᠣᠨ ᠬᠡᠩᠭᠡᠷᠭᠡ ᠬᠡᠲᠦᠢ ᠶᠡᠬᠡ ᠴᠢᠪᠡᠯ
 ᠳᠡᠮᠡᠢ ᠶᠡᠬᠡ ᠰᠠᠶ᠋ᠢᠬᠠᠨ ᠳᠠᠭᠤᠨ ᠭᠠᠷᠤᠨ᠎ᠠ ᠭᠡᠵᠦ ‍ᠦᠦ ᠃
 ᠴᠢᠬᠤᠯ ᠮᠤᠩᠬᠠᠭ ᠬᠥᠮᠦᠨ ᠪᠠᠶᠠᠨ ᠴᠢᠪᠡᠯ
 ᠠᠷᠬ᠋᠎ᠠ ᠲᠠᠢ ᠬᠥᠮᠦᠨ ᠪ ᠢᠲᠡᠰᠢ  ᠪᠤᠢ ᠊ᠶ᠎ᠠ  ᠃
 ᠬᠥᠮᠦᠨ ᠰᠠᠶ᠋ᠢᠨ ᠴᠢᠪᠡᠯ
 ᠭᠠᠭᠴᠠᠭᠠᠷ ᠪᠦᠭᠦᠲᠡ ᠶ᠋ᠢ ᠶᠠᠭᠠᠬᠢᠨ ᠳᠡᠶ᠋ᠢᠯᠬᠦ ᠃
 ᠲᠣᠩᠭᠣᠷᠠᠭ ᠦ᠋ᠨ ᠢᠷ ᠬᠤᠷᠴᠠ ᠴᠢᠪᠡᠯ
 ᠴᠢᠯᠠᠭᠤ ᠶ᠋ᠢ ᠶᠠᠭᠠᠬᠢᠨ ᠳᠠᠭᠠᠭᠠᠬᠤ ᠪᠤᠢ ᠃
 ᠢᠰᠡᠭᠡᠢ ᠳᠡᠪᠡᠯᠲᠡᠢ ᠬᠥᠮᠦᠨ
 ᠠᠯᠲᠠᠨ ᠮᠠᠯᠠᠭᠠᠢ ᠡᠮᠦᠰᠪᠡᠯ ᠲᠡᠶ᠋ᠢᠮᠦ ᠠᠶᠠᠲᠠᠢ ᠭᠡᠵᠦ ‍ᠦᠦ ᠃
 ᠡᠩ ᠦ᠋ᠨ ᠳᠣᠣᠷᠠᠳᠤ ᠬᠥᠮᠦᠨ
 ᠳᠡᠭᠡᠪᠦᠷ  ᠵᠠᠩᠨᠠᠪᠠᠯ  ᠬᠡᠷᠡᠭ ᠴᠤ᠌ ᠦᠭᠡᠢ ᠶᠠᠪᠤᠲᠠᠯ ᠳ᠋ᠠᠭ ᠃
 ᠮᠣᠲᠣ ᠪᠠᠷ ᠰᠡᠶ᠋ᠢᠯᠦᠬ᠋ᠰᠡᠨ ᠪᠠᠷᠰ ᠠ᠋ᠴᠠ
 ᠬᠡᠨ ᠠᠶᠤᠬᠤ ᠪᠤᠢ ᠃
 ᠮᠤᠶ᠋ᠢᠬᠤᠷ ⑦ ᠶ᠋ᠢᠠᠷ ᠤᠯᠤᠰ ᠊ᠢ ᠰᠥᠷᠴᠦ
 ᠬᠡᠨ ᠡᠴᠡ ᠳᠡᠭᠡᠷ᠎ᠡ ᠭᠠᠷᠬᠤ ᠪᠤᠢ ᠃
 ᠠᠯᠲᠠᠷ ᠲᠠᠢ ᠬᠤᠯᠠᠭᠠᠶ᠋ᠢᠴᠢ ᠶ᠋ᠢ ᠶᠠᠪᠤᠪᠠᠯ
 ᠰᠥᠨᠢ ᠪᠠᠶ᠋ᠢᠲᠤᠭᠠᠢ ᠂ ᠡᠲᠦᠷ ᠴᠢᠪᠡᠯ ᠬᠠᠷᠠᠲᠠᠮᠤᠢ ᠃
 ᠠᠲᠠᠭᠠᠴᠢ ᠬᠥᠮᠦᠨ ᠊ᠢ ᠮᠡᠲᠡᠪᠡᠯ
 ᠮᠤᠤᠬᠠᠢ ⑧ ᠪᠠᠶ᠋ᠢᠲᠤᠭᠠᠢ ᠂ ᠰᠠᠶ᠋ᠢᠬᠠᠨ ᠵᠠᠩᠨᠠᠪᠠᠴᠤ ᠦᠯᠦ ᠦᠨᠡᠮᠰᠢᠮᠦᠢ ᠃
 ᠰᠠᠶ᠋ᠢᠬᠠᠨ ᠴᠢᠷᠠᠢ ᠶ᠋ᠢ ᠲᠥᠭᠡᠨᠡᠪᠡᠯ
 ᠨᠢᠭᠡᠨ ᠨᠠᠰᠤᠨ  ᠳᠤ ᠪᠠᠯᠠᠷᠠᠬᠤ ᠦᠭᠡᠢ ᠃
 ᠰᠠᠶ᠋ᠢᠨ ᠶᠠᠪᠤᠲᠠᠯ ᠊ᠢ ᠠᠯᠲᠠᠪᠠᠯ
 ᠮᠠᠭᠤ ᠨᠡᠷ᠎ᠡ ᠤᠯᠠᠷᠢᠬᠤ ᠦᠭᠡᠢ ⑨ ᠃
 ᠠᠷᠪᠠᠨ ᠬᠣᠶᠠᠷ ᠴᠠᠭ ᠦ᠋ᠨ ᠤᠯᠠᠷᠢᠯ
 ᠬᠠᠯᠠᠭᠤᠨ ᠲᠠᠢ ᠬᠦᠢᠲᠡᠨ ᠲᠡᠢ ᠃
 ᠠᠵᠤ ᠲᠥᠷᠥᠬᠦ ᠬᠥᠮᠦᠨ ᠪ ᠶᠠᠪᠤᠲᠠᠯ
 ᠡᠨᠲᠡ ᠲᠡᠨᠲᠡ ᠪᠡᠨ ᠵᠢᠮᠡᠲᠡᠢ ⑩᠃
 ᠥᠩᠭᠡ ᠲᠡᠢ ᠪᠣᠯᠪᠠᠴᠤ ᠲᠣᠷᠬ᠋᠎ᠠ  ᠮᠠᠩᠨᠤᠭ
 ᠡᠯᠡᠬᠦ  ᠳᠤ ᠪᠡᠨ ᠬᠠᠷᠭᠠᠨ᠎ᠠ ᠪᠤᠲᠠᠨ ᠪ ᠲᠣᠭᠯᠠᠭᠠᠮ ᠃
 ᠥᠨᠢᠷ ᠣᠯᠠᠨ ᠪᠣᠯᠪᠠᠴᠤ
 ᠡᠪ ᠦᠭᠡᠢ ᠪᠣᠯᠪᠠᠰᠤ
 ᠥᠨᠥᠴᠢᠨ ᠬᠥᠮᠦᠨ ᠪ ᠡᠯᠡᠭ ᠃
 ᠦᠵᠡᠯ ᠶᠠᠪᠤᠲᠠᠯ ᠰᠠᠨᠠᠬ᠋᠎ᠠ ᠲᠠᠭᠠᠷᠠᠪᠠᠯ
 ᠭᠠᠭᠴᠠ ᠬᠥᠮᠦᠨ ᠴᠢᠪᠡᠯ ᠨᠥᠬᠥᠷ ᠃
 ᠦᠭᠡ ᠦᠭᠡ ᠪᠡᠨ ᠡᠰᠡ ᠳᠠᠭᠠᠪᠠᠯ
 ᠣᠯᠠᠨ ᠬᠥᠮᠦᠨ ᠴᠢᠪᠡᠯ ᠳᠠᠶ᠋ᠢᠰᠤᠨ ᠃
 ᠤᠨᠤᠭᠰᠠᠨ ᠮᠣᠷᠢ ᠭᠡᠵᠢᠭᠡ  ⑪ ᠪᠡᠨ ᠬᠦᠷᠪᠡᠯ
 ᠡᠰᠡ ᠦᠷᠭᠦᠪᠡᠰᠦ ᠢᠰᠬᠦᠯᠬᠦ ᠃
 ᠤᠲᠠᠭᠠᠨ ᠬᠠᠨᠢᠯᠠᠭᠰᠠᠨ ᠨᠥᠬᠥᠷ
 ᠠᠭᠤᠷ ᠶ᠋ᠢᠠᠨ ᠬᠦᠷᠪᠡᠯ
 ᠡᠰᠡ ᠨᠣᠴᠣᠯᠲᠤᠪᠠᠴᠤ ᠬᠡᠷᠡᠯᠲᠦᠬᠦ ᠃
 ᠤᠰᠤ ᠶᠡᠬᠡ ᠴᠢᠪᠡᠯ
 ᠡᠪᠦᠯ ᠴᠠᠭ ᠲᠤ ᠮᠥᠰᠥ ᠪᠣᠯᠬᠤ ᠃
 ᠤᠬᠠᠭᠠᠨ ᠶᠡᠬᠡ ᠴᠢᠪᠡᠯ 
 ᠥᠲᠡᠯᠬᠦ ᠴᠠᠭ ᠲᠤ ᠮᠣᠯᠬᠢ ⑫ ᠪᠣᠯᠬᠤ ᠃
 ᠵᠠᠯᠠᠭᠤ ᠨᠠᠰᠤ ᠥᠩᠭᠡᠷᠡᠭᠰᠡᠨ ᠪ ᠬᠣᠶ᠋ᠢᠨ᠎ᠠ ᠡᠷᠲᠡᠮ ᠰᠤᠷᠬᠤ  ᠳᠤ ᠪᠡᠷᠬᠡ ᠃
 ᠤᠰᠤᠨ ᠪ ᠦᠶᠡᠷ ᠥᠩᠭᠡᠷᠡᠭᠰᠡᠨ ᠪ ᠬᠣᠶ᠋ᠢᠨ᠎ᠠ ᠪᠤᠴᠠᠵᠤ ᠶᠤᠭᠠᠨ ⑬ ᠢᠷᠡᠬᠦ ᠠᠵᠢ ᠃
 ᠴᠢᠨᠡᠭᠡ ᠲᠡᠢ ᠬᠥᠮᠦᠨ ⑭ ᠣᠯᠵᠠᠨ ᠪ ᠲᠥᠯᠥᠭᠡ ᠬᠣᠪᠲᠣᠭ ᠵᠠᠩᠨᠠᠪᠠᠰᠤ ᠵᠣᠬᠢᠬᠤ ‍ᠤᠤ ᠃
 ᠴᠢᠬᠢᠲᠡᠢ ᠭᠥᠷᠥᠭᠡᠰᠦ ⑮  ᠲᠡᠮᠡᠭᠡ  ᠮᠡᠲᠦ ᠬᠡᠪᠲᠡᠵᠦ ᠪᠣᠰᠴᠤ ᠪᠠᠶ᠋ᠢᠪᠠᠰᠤ ᠶᠠᠩᠵᠤᠲᠠᠢ ᠭᠡᠵᠦ ‍ᠦᠦ ᠃
 ᠲᠤᠭᠤᠯᠭᠠᠨ ᠵᠢᠲᠠ ᠰᠢᠨᠲᠠᠷᠠᠬᠤ ᠠᠨᠤ ᠲᠦᠷᠭᠡᠨ ᠃
 ᠲᠤᠶ᠋ᠢᠯᠪᠤᠷᠢ ᠦᠭᠡᠢ ᠬᠥᠮᠦᠨ ᠤᠷᠪᠠᠵᠤ ᠪᠤᠴᠠᠬᠤ ᠠᠨᠤ  ᠣᠯᠠᠨ  ᠃
 ᠮᠤᠷᠤᠢ ᠰᠤᠮᠤ ᠶ᠋ᠢ ᠵᠠᠯᠠᠪᠠᠯ ᠪᠠᠢ ⑯ ᠣᠨᠣᠬᠤ  ᠠᠨᠤ ᠱᠠᠯᠠᠪ  ᠃
 ᠮᠤᠩᠬᠠᠭ ᠬᠥᠮᠦᠨ ᠊ᠢ ᠲᠣᠷᠲᠠᠪᠠᠯ ⑰ ᠮᠠᠯ ᠬᠠᠷᠢᠭᠤᠯᠬᠤ  ᠳᠤ ᠬᠢᠮᠠᠭᠠᠲᠠᠢ ᠃
 ᠪᠣᠯᠤᠭᠠᠲᠤᠢ ᠲᠦᠭᠦᠬᠡᠢ ᠮᠢᠬ᠎ᠠ ᠬᠣᠲᠣᠭᠣᠲᠣᠨ  ᠳᠤ ᠭᠡᠮ ᠲᠡᠢ ᠃
 ᠪᠣᠯᠵᠣᠬ᠋᠎ᠠ ᠦᠭᠡᠢ ᠣᠯᠠᠨ  ᠦᠭᠡ ᠨᠥᠬᠥᠷ ᠲᠤ ᠬᠠᠯᠠ ᠲᠠᠢ ᠃
 ᠰᠠᠶ᠋ᠢᠨ ᠮᠣᠷᠢ ᠂ ᠦᠬᠡᠷ ᠰᠢᠭ᠌ ᠮᠥᠭᠡᠷᠡᠪᠡᠯ ᠲᠣᠩ  ᠵᠦᠳᠡᠭ ⑱ ᠃
 ᠰᠠᠶ᠋ᠢᠨ ᠨᠣᠶᠠᠨ ᠶᠠᠭᠤᠮᠠᠨ ᠪ ᠲᠡᠷᠢᠭᠦᠨ  ᠳᠤ ᠠᠭᠠᠰᠢᠯᠠᠪᠠᠯ ᠲᠣᠩ ᠢᠴᠢᠭᠦᠷᠢᠲᠡᠢ ᠃
 ᠬᠥᠯᠥᠭ ᠮᠣᠷᠢ ᠴᠤ᠌ ᠶᠠᠭᠠᠬᠢᠨ ᠦᠬᠡᠷ ᠰᠢᠭ᠌ ᠮᠥᠭᠡᠷᠡᠬᠦ ᠠᠵᠢ ᠃
 ᠬᠥᠮᠦᠨ ᠰᠠᠶ᠋ᠢᠲᠠᠢ ᠨᠣᠶᠠᠨ ᠴᠤ᠌ ᠤᠴᠢᠷ ᠦᠭᠡᠢ ᠶᠠᠭᠠᠬᠢᠨ ᠠᠭᠠᠰᠢᠯᠠᠬᠤ ᠠᠵᠢ ᠃
 ᠭᠠᠩ ᠲᠡᠮᠦᠷ ᠮᠣᠲᠣ ᠮᠡᠲᠦ ᠬᠤᠪᠠᠬᠠᠶ᠋ᠢᠷᠠᠪᠠᠴᠤ ᠶᠠᠩᠵᠤᠲᠠᠢ ᠃
 ᠭᠠᠪᠢᠶᠠᠲᠠᠢ ᠶᠠᠪᠤᠭᠰᠠᠨ ᠬᠥᠮᠦᠨ ᠥᠲᠡᠯᠪᠡᠴᠦ ᠬᠦᠨᠲᠦᠲᠡᠢ ᠃
 ᠬᠠᠲᠠᠷᠢᠶ᠎ᠠ ᠰᠠᠶ᠋ᠢᠲᠠᠢ ᠮᠣᠷᠢ ᠴᠣᠬᠣᠷ ᠴᠢᠪᠡᠯ ᠦᠨᠡᠲᠡᠢ ᠃
 ᠬᠠᠷᠢᠨ ᠦᠨᠡᠨ  ᠦᠭᠡ ᠲᠡᠢ ᠬᠥᠮᠦᠨ ᠪᠦᠰᠡᠭᠦᠢ ᠴᠢᠪᠡᠯ ᠬᠡᠯᠡᠯᠴᠡᠭᠦᠰᠢᠲᠡᠢ ᠃
 ᠪᠠᠭᠰᠢᠷᠠᠵᠤ ᠪᠠᠶ᠋ᠢᠬᠴᠢ ᠮᠣᠲᠣ ᠨᠠᠪᠴᠢᠯᠠᠬᠤ ᠳᠤᠰᠤᠮ᠎ᠠ ᠶᠠᠩᠵᠤᠲᠠᠢ ᠃
 ᠪᠠᠶᠠᠨ ᠪᠣᠯᠬᠤ ᠬᠥᠮᠦᠨ ᠪᠠᠬ᠋᠎ᠠ ᠰᠠᠬ᠋᠎ᠠ ᠶᠠᠭᠤᠮ᠎ᠠ ᠶ᠋ᠢ ᠬᠤᠷᠢᠶᠠᠭᠰᠠᠭᠠᠷ  ᠪᠦᠲᠦᠳᠡᠭ ᠃
 ᠣᠯᠠᠨ ᠲᠠᠢ ᠪᠠᠲᠤ ᠰᠠᠭᠤᠶ᠎ᠠ ᠭᠡᠪᠡᠯ ᠪᠡᠶ᠎ᠡ ᠪᠡᠨ ᠰᠡᠷᠡᠮᠵᠢᠯᠡ ᠃
 ᠤᠬᠠᠭᠠᠨ ᠲᠠᠢ ᠰᠡᠴᠡᠨ ᠶᠠᠪᠤᠶ᠎ᠠ ᠭᠡᠪᠡᠯ ᠤᠤᠠᠬ᠎ᠠ ᠲᠠᠢ ᠨᠢᠭᠡ ᠦᠭᠡ ᠴᠢᠪᠡᠯ ᠣᠯᠵᠠ  ᠪᠤᠢ ᠃
 ᠪᠣᠯᠭᠣᠮᠵᠢᠯᠠᠯ ᠦᠭᠡᠢ  ᠬᠡᠯᠡᠭᠰᠡᠨ ᠦᠭᠡ ᠪᠤᠯᠵᠠᠭᠠᠷᠠᠬᠤ  ᠳᠤ  ᠲᠥᠪᠡᠭᠲᠡᠢ ᠃
 ᠪᠣᠲᠣᠯ ᠦᠭᠡᠢ ᠵᠥᠪᠰᠢᠭᠰᠡᠨ ᠵᠥᠪᠰᠢᠯ ᠡᠪᠲᠡᠷᠡᠬᠦ  ᠳᠤ ᠪᠡᠨ  ᠬᠡᠪᠡᠷᠡᠭ ᠃
 ᠰᠡᠭᠦᠯ ᠦᠭᠡᠢ ᠲᠣᠭᠣᠰ ᠯᠤᠤ ᠶ᠋ᠢᠨ ᠳᠠᠭᠤᠨ ᠰᠣᠨᠣᠰᠪᠠᠴᠤ ᠰᠢᠬᠦᠷᠯᠡᠬᠦ ᠠᠷᠬ᠋᠎ᠠ ᠦᠭᠡᠢ ᠃
 ᠰᠦᠰᠦᠭ ᠦᠭᠡᠢ ᠱᠠᠪᠢ  ᠳᠤ ᠦᠨᠡᠨ ᠦᠭᠡ ᠬᠡᠯᠡᠪᠡᠴᠦ ᠠᠪᠬᠤ ᠶ᠋ᠢᠨ ᠬᠤᠪᠢ  ᠦᠭᠡᠢ᠃
 ᠳᠡᠷᠡᠰᠦᠨ ᠪ ᠠᠮᠲᠠ ᠭᠠᠰᠢᠭᠤᠨ ᠪᠣᠯᠪᠠᠴᠤ ᠨᠠᠶ᠋ᠢᠷ ᠬᠤᠷᠢᠮ  ᠳᠤ ᠴᠢᠮᠡᠭ ᠲᠡᠢ ᠃
 ᠳᠠᠪᠤᠰᠤᠨ ᠪ ᠠᠮᠲᠠ ᠱᠣᠷᠪᠣᠭ ᠪᠣᠯᠪᠠᠴᠤ ᠢᠲᠡᠭᠡᠨ ᠪ ᠠᠮᠲᠠᠨ  ᠳᠤ ᠨᠠᠶ᠋ᠢᠷ ᠲᠠᠢ ᠃
 ᠦᠨᠡᠨ ᠦᠭᠡ ᠬᠠᠲᠠᠭᠤ ᠪᠣᠯᠪᠠᠴᠤ ᠬᠡᠲᠦ ᠶ᠋ᠢᠨ ᠶᠠᠪᠤᠲᠠᠯ  ᠳᠤ  ᠲᠤᠰᠠ ᠲᠠᠢ ᠃
 ᠪᠠᠭᠠᠰᠤ ᠰᠢᠭᠡᠰᠦ ᠡᠰᠡ ᠭᠠᠷᠪᠠᠰᠤ ᠪᠡᠶ᠎ᠡ  ᠳᠤ ᠡᠪᠡᠤᠠᠴᠢᠨ ᠪᠣᠯᠬᠤ ᠃
 ᠪᠠᠬ᠋᠎ᠠ ᠰᠠᠬ᠋᠎ᠠ ᠭᠣᠮᠣᠲᠠᠯ ᠊ᠢ ᠡᠰᠡ ᠢᠯᠡᠴᠢᠯᠡᠪᠡᠰᠦ ᠰᠡᠤᠠᠬᠢᠯ  ᠳᠤ ᠵᠣᠪᠠᠯᠠᠩ ᠪᠣᠯᠬᠤ ᠃
 ᠮᠣᠷᠢ ᠤᠨᠤᠬᠤ ᠬᠥᠮᠦᠨ  ᠳᠤ ᠵᠢᠯᠣᠭᠣ  ᠬᠡᠷᠡᠭᠲᠡᠢ ᠃
 ᠪᠢᠴᠢᠭ᠌ ᠡᠷᠲᠡᠮ ᠰᠤᠷᠬᠤ ᠬᠥᠮᠦᠨ  ᠳᠤ ᠰᠠᠮᠪᠠᠬ᠋᠎ᠠ ᠬᠡᠷᠡᠭᠲᠡᠢ ᠃
 ᠤᠷᠲᠤ ᠮᠣᠲᠣ ᠣᠭᠲᠣᠯᠬᠤ ᠬᠥᠮᠦᠨ  ᠳᠤ ᠬᠢᠷᠥᠭᠡ ᠬᠡᠷᠡᠭᠲᠡᠢ ᠃
 ᠤᠯᠤᠰ ᠣᠯᠠᠨ ᠲᠠᠢ ᠬᠠᠨᠢᠯᠠᠬᠤ ᠬᠥᠮᠦᠨ  ᠳᠤ ᠰᠡᠷᠡᠮᠵᠢ ᠨᠥᠬᠥᠷ ᠪᠣᠯᠬᠤ ᠃
 ᠡᠷᠲᠡᠨ ᠪ ᠮᠣᠩᠭᠣᠯᠴᠤᠳ ᠦ᠋ᠨ  ᠬᠡᠯᠡᠭᠰᠡᠨ ᠦᠯᠢᠭᠡᠷ ᠪᠣᠯᠪᠠᠰᠤ
 ᠰᠠᠷᠠᠭᠤᠯ ᠲᠠᠯ᠎ᠠ ᠪᠠᠶ᠋ᠢᠪᠠᠴᠤ  ᠰᠢᠪᠠᠷ ᠊ᠢ ᠠᠨᠤ  ᠮᠡᠲᠡᠭᠡᠷᠡᠢ ᠃
 ᠰᠠᠶ᠋ᠢᠬᠠᠨ ᠢᠨᠠᠭ ᠪᠠᠶ᠋ᠢᠪᠠᠴᠤ ᠰᠠᠨᠠᠬ᠋᠎ᠠ ᠶ᠋ᠢ ᠠᠨᠤ  ᠲᠠᠨᠢᠭᠠᠷᠠᠢ ᠃
 ᠡᠯᠢᠭᠡᠨ ᠠᠭᠤᠯᠠ ᠪᠠᠶ᠋ᠢᠪᠠᠴᠤ ᠭᠣᠣ ᠵᠢᠯᠠᠬ᠋᠎ᠠ ᠶ᠋ᠢ ᠮᠡᠲᠡᠯ ᠦᠭᠡᠢ ᠪᠢᠲᠡᠭᠡᠢ ᠳᠠᠪᠬᠢ ᠃
 ᠢᠨᠠᠭ ᠠᠮᠠᠷᠠᠭ ᠪᠣᠯᠪᠠᠴᠤ ᠢᠲᠡᠭᠡᠯ ᠊ᠢ ᠣᠯᠣᠯ ᠦᠭᠡᠢ ᠦᠭᠡ  ᠪᠤᠤ ᠬᠡᠯᠡ ᠃
 ᠰᠢᠪᠠᠭᠤ ᠶ᠋ᠢ ᠲᠣᠣᠷ ᠠ᠋ᠴᠠ ᠠᠯᠲᠠᠪᠠᠯ ᠪᠠᠷᠢᠬᠤ  ᠳᠤ ᠪᠡᠷᠬᠡᠲᠡᠢ ᠃
 ᠰᠢᠭᠤᠳ ᠦᠭᠡ ᠠᠯᠲᠠᠪᠠᠯ  ᠪᠠᠯᠠᠯᠬᠤ  ᠳᠤ  ᠪᠡᠷᠬᠡᠲᠡᠢ ᠃
 ᠨᠡᠭᠦᠷᠡᠰᠦ ᠶ᠋ᠢ ᠵᠦᠯᠭᠦᠵᠦ ᠬᠡᠴᠢᠨᠡᠭᠡᠨ ᠥᠩᠭᠡ ᠭᠠᠷᠬᠤ ᠪᠤᠢ ᠃
 ᠨᠢᠭᠦᠯᠲᠦ ᠬᠥᠮᠦᠨ ᠊ᠢ ᠥᠮᠥᠭᠡᠷᠡᠵᠦ ᠶᠠᠭᠤᠨ ᠵᠥᠪ ᠪᠣᠯᠬᠤ ᠪᠤᠢ ᠃
 ᠠᠪᠠ  ᠳᠤ  ᠲᠡᠵᠢᠭᠡᠭᠰᠡᠨ ᠨᠣᠬᠠᠢ ᠶ᠋ᠢ ᠲᠤᠬᠢᠷᠬᠤ  ᠳᠤ ᠬᠤᠴᠠᠨ ᠳᠠᠪᠬᠢᠬᠤ ᠃
 ᠠᠰᠢᠲᠠ ᠰᠡᠤᠠᠬᠢᠯ ᠲᠠᠭᠠᠷᠠᠵᠤ ᠬᠠᠨᠢᠯᠠᠭᠰᠠᠨ ᠨᠥᠬᠥᠷ ᠦᠭᠡ ᠠᠰᠠᠭᠤᠬᠤ  ᠳᠤ ᠤᠷᠮ᠎ᠠ ᠲᠠᠢ ᠪᠢᠰᠢ ‍ᠦᠦ ᠃
 ᠡᠭᠦᠷᠢᠲᠡ ᠬᠠᠷᠠᠵᠤ ᠶᠠᠪᠤᠭᠰᠠᠨ ᠨᠢᠲᠦ ᠶ᠋ᠢ ᠰᠣᠬᠣᠯᠪᠠᠯ ᠰᠡᠯᠪᠢᠬᠦ  ᠳᠤ ᠪᠡᠷᠬᠡᠲᠡᠢ ᠃
 ᠦᠨᠡᠨ ᠢᠨᠠᠭ ᠰᠠᠨᠠᠵᠤ ᠶᠠᠪᠤᠭᠰᠠᠨ ᠨᠥᠬᠥᠷ ᠊ᠢ ᠭᠦᠤᠠᠬᠡᠵᠦ ᠬᠡᠯᠡᠪᠡᠰᠦ ᠪᠤᠴᠠᠬᠤ  ᠳᠤ ᠪᠡᠷᠬᠡᠲᠡᠢ ᠃
 ᠲᠣᠷᠭᠠᠨ ᠳᠡᠪᠡᠯ ᠲᠡᠢ ᠬᠥᠮᠦᠨ ᠊ᠢ ᠪᠥᠭᠡᠯᠵᠢᠬᠦ  ᠳᠤ
 ᠦᠷᠮᠦᠭ ⑲  ᠳᠡᠪᠡᠯ ᠲᠡᠢ ᠬᠥᠮᠦᠨ ᠴᠢᠪᠡᠯ  ᠵᠢᠭᠰᠢᠬᠦ ᠃
 ᠦᠨᠡᠨ ᠰᠠᠨᠠᠭᠰᠠᠨ ᠨᠥᠬᠥᠷ ᠪᠡᠶ᠎ᠡ ᠪᠡᠨ ᠬᠠᠷᠠᠲᠠᠬᠤ ᠶ᠋ᠢ ᠮᠡᠲᠡᠪᠡᠯ ᠨᠢᠯᠬᠠᠰ ᠴᠢᠪᠡᠯ ᠭᠣᠮᠣᠲᠠᠮᠤᠢ ᠃
 ᠲᠣᠯᠢ ᠲᠤᠩᠭᠠᠯᠠᠭ ᠪᠣᠯᠪᠠᠴᠤ  ᠬᠬᠢᠷᠲᠦᠪᠡᠰᠦ ᠴᠢᠷᠠᠢ ᠦᠯᠦ  ᠦᠵᠡᠭᠳᠡᠮᠦᠢ ᠃
 ᠲᠣᠩ ᠢᠨᠠᠭ ᠬᠥᠮᠦᠨ ᠳᠣᠲᠣᠷ᠎ᠠ ᠪᠠᠨ ᠬᠠᠷ᠎ᠠ ᠰᠠᠨᠠᠬ᠋᠎ᠠ ᠲᠠᠢ ᠪᠣᠯ ᠦᠯᠦ ᠲᠠᠭᠠᠷᠠᠯᠴᠠᠮᠤᠢ ᠃
 ᠭᠠᠯ ᠦ᠋ᠨ ᠳᠣᠲᠣᠷ᠎ᠠ ᠰᠡᠷᠢᠭᠦᠨ ᠦᠭᠡᠢ ᠃ ᠬᠠᠷᠰᠢ ᠥᠰᠲᠡᠨ ᠪ ᠳᠣᠲᠣᠷ᠎ᠠ ᠠᠮᠠᠷᠠᠭ ᠦᠭᠡᠢ ᠃
 ᠭᠠᠯ ᠊ᠢ ᠤᠨᠲᠠᠷᠠᠭᠠᠬᠤ  ᠳᠤ ᠤᠰᠤ  ᠬᠡᠷᠡᠭᠲᠡᠢ ᠃
 ᠥᠰᠢᠶ᠎ᠡ ᠶ᠋ᠢ ᠠᠷᠢᠯᠭᠠᠬᠤ  ᠳᠤ ᠳᠤᠰᠠ  ᠬᠡᠷᠡᠭᠲᠡᠢ ᠭᠡᠨ᠎ᠡ ᠃
 ᠬᠣᠶᠠᠷ ᠬᠥᠮᠦᠨ ᠤᠰᠤ ᠶ᠋ᠢ ᠰᠦᠨ ᠶ᠋ᠢᠡᠷ  ᠰᠦᠯᠡᠭᠰᠡᠨ ᠮᠡᠲᠦ ᠨᠡᠶ᠋ᠢᠯᠡᠪᠡᠰᠦ
 ᠨᠥᠬᠥᠷ ᠬᠥᠮᠦᠨ  ᠳᠤ ᠬᠠᠷᠠᠲᠠᠯᠴᠠᠪᠠᠰᠤ ᠴᠢᠷᠠᠶ᠋ᠢᠯᠴᠠᠪᠠᠴᠤ ᠨᠢᠭᠡᠨ ᠠᠲᠠᠯᠢ ᠪᠣᠯᠤᠯᠴᠠᠮᠤᠢ ᠃
 ᠤᠰᠤ ᠬᠠᠷ᠎ᠠ ᠴᠢᠪᠡᠯ ᠰᠦᠨ ᠪ ᠥᠩᠭᠡ ᠶ᠋ᠢ ᠦᠯᠦ ᠬᠠᠷᠠᠯᠠᠭᠤᠯᠤᠮᠤᠢ ᠃
 ᠰᠦᠨ ᠴᠠᠭᠠᠨ ᠭᠡᠵᠦ ᠤᠰᠤᠨ ᠠ᠋ᠴᠠ ᠦᠯᠦ ᠢᠯᠭᠠᠷᠠᠮᠤᠢ ᠃ 
 ᠤᠰᠤ ᠴᠤ᠌ ᠰᠦᠨ ᠊ᠢ ᠠᠷᠪᠢᠤᠠᠬᠠᠮᠤᠢ ᠃
 ᠰᠦᠨ ᠴᠤ᠌ ᠤᠰᠤ ᠶ᠋ᠢ ᠴᠠᠭᠠᠨ ᠪᠣᠯᠭᠠᠮᠤᠢ ᠃
 ᠮᠠᠭᠠᠳ ᠰᠠᠨᠠᠬ᠋᠎ᠠ ᠨᠡᠶ᠋ᠢᠯᠡᠪᠡᠯ ᠬᠠᠷᠠᠲᠠᠢ ᠴᠠᠶ᠋ᠢᠷᠠᠭᠤ ⑳ ᠬᠣᠶᠠᠷ ᠬᠥᠮᠦᠨ ᠴᠢᠪᠡᠯ
 ᠪᠡᠶ᠎ᠡ ᠪᠡᠶ᠎ᠡ ᠶ᠋ᠢᠨ ᠰᠡᠤᠠᠬᠢᠯ ᠊ᠢ ᠬᠠᠷᠠᠮᠤᠢ ᠃
 ᠰᠡᠤᠠᠬᠢᠯ ᠶ᠋ᠢᠡᠨ ᠬᠠᠷᠠᠯᠴᠠᠵᠤ ᠦᠭᠡ ᠦᠭᠡ ᠪᠡᠨ  ᠰᠣᠨᠣᠰᠪᠠᠰᠤ
 ᠪᠡᠶ᠎ᠡ  ᠪᠡᠶᠡᠨ  ᠳᠤ ᠪᠡᠨ ᠭᠠᠮᠲᠠᠢ ᠪᠣᠯᠤᠮᠤᠢ ᠃
 ᠡᠪ ᠲᠠᠩᠭᠠᠷᠢᠬ ᠲᠠᠢ ᠬᠣᠶᠠᠷ ᠬᠥᠮᠦᠨ
 ᠬᠥᠭᠰᠢᠨ ᠵᠠᠯᠠᠭᠤ ᠬᠣᠶᠠᠷ ᠪᠣᠯᠪᠠᠴᠤ ᠬᠠᠨᠢᠯᠠᠵᠤ ᠪᠣᠯᠤᠮᠤᠢ ᠃
 ᠬᠥᠭᠰᠢᠨ ᠢᠨᠤ ᠵᠠᠯᠠᠭᠤ  ᠳᠤ ᠪᠠᠨ ᠰᠠᠨᠠᠬ᠋᠎ᠠ ᠪᠠᠨ ᠦᠯᠦ ᠬᠠᠷᠠᠮᠨᠠᠮᠤᠢ ᠃
 ᠵᠠᠯᠠᠭᠤ ᠠᠨᠤ  ᠬᠥᠭᠰᠢᠨ  ᠳᠤ ᠪᠡᠨ ᠠᠯᠢ ᠪᠦᠷᠢ ᠶ᠋ᠢ ᠦᠯᠦ ᠨᠢᠭᠤᠮᠤᠢ ᠃
 ᠮᠡᠷᠭᠡᠨ ᠮᠤᠩᠬᠠᠭ ᠬᠣᠶᠠᠷ ᠬᠥᠮᠦᠨ ᠴᠢᠪᠡᠯ ᠬᠠᠨᠢᠯᠠᠵᠤ ᠪᠣᠯᠤᠮᠤᠢ ᠃
 ᠮᠡᠷᠭᠡᠨ ᠢᠨᠤ ᠮᠤᠩᠬᠠᠭ ᠦ᠋ᠨ ᠤᠷᠮ᠎ᠠ ᠶ᠋ᠢ ᠲᠡᠵᠢᠭᠡᠨ ᠶᠠᠪᠤᠵᠤ ᠨᠥᠬᠥᠷ ᠲᠡᠢ ᠪᠣᠯᠤᠮᠤᠢ ᠃
 ᠮᠤᠩᠬᠠᠭ ᠠᠨᠤ ᠮᠡᠷᠭᠡᠨ ᠪ ᠪᠡᠨ ᠲᠠᠭᠠᠯᠠᠯ ᠊ᠢ ᠣᠯᠵᠤ ᠶᠠᠪᠤᠭᠰᠠᠭᠠᠷ ᠤᠬᠠᠭᠠᠨ ᠲᠠᠢ ᠪᠣᠯᠤᠮᠤᠢ ᠃


 ᠰᠦᠨ ᠭᠠᠰᠢᠯᠪᠠᠯ ᠤᠰᠤ ᠶ᠋ᠢ ᠰᠦᠯᠡᠵᠦ ᠦᠯᠦ ᠪᠣᠯᠤᠮᠤᠢ ᠃
 ᠰᠠᠨᠠᠬ᠋᠎ᠠ ᠵᠥᠷᠢᠪᠡᠯ ᠮᠡᠷᠭᠡᠨ ᠴᠢᠪᠡᠯ ᠮᠤᠩᠬᠠᠭ ᠲᠠᠢ ᠬᠠᠨᠢᠯᠠᠬᠤ ᠪᠠᠶ᠋ᠢᠲᠤᠭᠠᠢ ᠬᠠᠷᠢᠨ ᠡᠪᠲᠡᠷᠡᠯᠴᠡᠮᠦᠢ ᠃
 ᠤᠰᠤ ᠬᠠᠷ᠎ᠠ ᠴᠢᠪᠡᠯ ᠰᠦᠨ ᠲᠡᠢ ᠨᠡᠶ᠋ᠢᠯᠡᠵᠦ ᠪᠣᠯᠤᠮᠤᠢ ᠃
 ᠬᠥᠮᠦᠨ ᠮᠤᠩᠬᠠᠭ ᠴᠢᠪᠡᠯ ᠮᠡᠷᠭᠡᠨ ᠲᠡᠢ ᠬᠠᠨᠢᠯᠠᠵᠤ ᠪᠣᠯᠤᠮᠤᠢ ᠃
 ᠰᠦᠨ ᠴᠠᠭᠠᠨ ᠴᠢᠪᠡᠯ ᠭᠠᠰᠢᠯᠪᠠᠯ ᠢᠵᠠᠮᠠᠭ ㉑ ᠃
 ᠮᠡᠷᠭᠡᠨ ᠰᠠᠶ᠋ᠢᠨ ᠴᠢᠪᠡᠯ ᠭᠠᠭᠴᠠᠭᠠᠷᠲᠠᠪᠠᠯ ᠥᠨᠥᠴᠢᠨ ᠃
 ᠮᠡᠷᠭᠡᠨ ᠬᠥᠮᠦᠨ ᠳᠤ ᠴᠤ᠌  ᠨᠥᠬᠥᠷ ᠬᠡᠷᠡᠭᠲᠡᠢ ᠃
 ᠮᠤᠩᠬᠠᠭ ᠬᠥᠮᠦᠨ ᠳᠤ ᠴᠤ᠌  ᠳᠦᠰᠢᠭ ᠬᠡᠷᠡᠭᠲᠡᠢ ᠃
 ᠮᠤᠩᠬᠠᠭ ᠶ᠋ᠢᠠᠨ ᠲᠡᠤᠠᠬᠦᠬᠦ ᠦᠭᠡᠢ ᠮᠡᠷᠭᠡᠳ ᠠᠯᠲᠠᠷ ᠦᠭᠡᠢ ᠪᠣᠯᠤᠮᠤᠢ ᠃
 ᠳᠦᠰᠢᠭ ᠶ᠋ᠢᠡᠨ ᠬᠠᠷᠠᠲᠠᠬᠤ ᠮᠤᠩᠬᠠᠭ ᠥᠭᠡᠲᠡᠯᠡᠬᠦ ᠴᠠᠭ ᠦᠭᠡᠢ ᠪᠣᠯᠤᠮᠤᠢ ᠃
 ᠨᠥᠬᠥᠷ ᠦᠭᠡᠢ ᠮᠡᠷᠭᠡᠳ ᠊ᠢ ᠰᠠᠶ᠋ᠢᠨ ᠭᠡᠬᠦ ‍ᠦᠦ ᠃
 ᠠᠴᠢᠲᠠᠨ ᠶ᠋ᠢᠠᠨ ᠬᠠᠷᠠᠲᠠᠬᠤ ᠮᠤᠩᠬᠠᠭ ᠥᠭᠡᠲᠡᠯᠡᠨ᠎ᠡ ᠭᠡᠵᠦ ‍ᠦᠦ ᠃
 ᠴᠢᠢᠲᠡᠮ ㉒ ᠤᠲᠠᠬᠤ  ᠳᠤ ᠪᠠᠨ ᠭᠠᠰᠢᠯᠲᠠᠭ ᠃
 ᠬᠥᠮᠦᠨ ᠤᠲᠠᠭᠠᠨ  ᠳᠤ ᠪᠠᠨ ᠤᠶ᠋ᠢᠤᠠᠬᠤ ᠃
 ᠤᠲᠠᠬᠤ ᠦᠭᠡᠢ ᠡᠪ ᠶ᠋ᠢᠡᠷ ᠶᠠᠭᠤᠨ ᠬᠢᠬᠦ ᠪᠤᠢ ᠃
 ᠪᠠᠲᠤ ᠦᠭᠡᠢ ᠵᠠᠩ ᠶ᠋ᠢᠠᠷ ᠶᠠᠭᠤᠨ ᠬᠢᠬᠦ ᠪᠤᠢ ᠃
 ᠣᠯᠠᠨ ᠠᠪ ᠵᠠᠩ ㉓ ᠲᠠᠢ ᠬᠥᠮᠦᠨ ᠊ᠢ ᠰᠠᠶ᠋ᠢᠬᠠᠨ ᠭᠡᠳᠡᠭ ‍ᠦᠦ ᠃
 ᠤᠷᠪᠠᠯᠲᠠ ᠦᠭᠡᠢ ᠪᠠᠲᠤ ᠬᠥᠮᠦᠨ ᠊ᠢ ᠮᠠᠭᠤᠬᠠᠢ  ᠭᠡᠳᠡᠭ ‍ᠦᠦ ᠃
 ᠬᠣᠶᠠᠷ ᠮᠤᠩᠬᠠᠭ ᠰᠠᠯᠪᠠᠰᠤ ᠮᠤᠩᠬᠠᠭ ᠭᠡᠬᠦ ᠲᠤᠯᠠ ᠬᠥᠮᠦᠨ ᠵᠢᠭᠰᠢᠬᠦ ᠢᠨᠤ ᠪᠠᠬ᠋᠎ᠠ ᠃
 ᠬᠣᠶᠠᠷ ᠮᠡᠷᠭᠡᠳ ᠰᠠᠯᠪᠠᠰᠤ ᠮᠡᠷᠭᠡᠨ ᠭᠡᠬᠦ ᠲᠤᠯᠠ ᠮᠠᠭᠤᠲᠠᠵᠤ ᠠᠯᠲᠠᠷ ᠦᠭᠡᠢ ᠪᠣᠯᠤᠮᠤᠢ ᠃
 ᠮᠤᠩᠬᠠᠭ ᠲᠠᠢ ᠡᠪ ᠊ᠢ ᠣᠯᠵᠤ ᠬᠠᠨᠢᠯᠠᠵᠤ  ᠴᠢᠲᠠᠬᠤ  ᠮᠡᠷᠭᠡᠳ ᠠᠰᠢᠭᠦᠢ ᠃
 ᠮᠡᠷᠭᠡᠳ ᠊ᠢ  ᠳᠦᠰᠢᠭᠰᠡᠨ ᠮᠤᠩᠬᠠᠭ ᠠᠰᠢᠭᠦᠢ ᠃
 ᠮᠡᠷᠭᠡᠳ ᠡᠴᠡ ᠳᠠᠶ᠋ᠢᠵᠢᠭᠠᠳ ㉔ᠲᠦᠮᠡᠨ ᠮᠤᠩᠬᠠᠭ ᠲᠠᠢ ᠬᠠᠨᠢᠯᠠᠬᠤ ᠬᠥᠮᠦᠨ ᠡᠴᠡ
 ᠣᠷᠣ ᠭᠠᠭᠴᠠᠭᠠᠷ ᠶᠠᠪᠤᠬᠤ ᠮᠡᠷᠭᠡᠳ ᠠᠰᠢᠭᠦᠢ ᠃
 ᠬᠣᠶᠠᠷ ᠲᠦᠰᠢᠮᠡᠳ ᠡᠪᠲᠡᠢ ᠪᠣᠯᠪᠠᠯ ᠬᠠᠭᠠᠨ ᠊ᠢ ᠴᠤ᠌ ᠴᠢᠲᠠᠬᠤ ᠃
 ᠬᠣᠶᠠᠷ ᠬᠠᠭᠠᠨ ᠡᠪᠲᠡᠢ ᠪᠣᠯᠪᠠᠯ ᠳᠠᠶᠠᠩ ᠤᠯᠤᠰ ᠠᠮᠤᠭᠤᠯᠠᠩ ᠃
 ᠡᠪ ᠦᠭᠡᠢ ᠬᠣᠶᠠᠷ ᠬᠠᠭᠠᠨ ᠊ᠢ ᠳᠠᠶ᠋ᠢᠳᠤᠵᠤ ᠪᠠᠶ᠋ᠢᠬᠤ  ᠳᠤ
 ᠡᠪᠲᠡᠢ ᠡᠪᠦᠭᠡᠨ ᠡᠮᠡᠭᠡᠨ ᠬᠣᠶᠠᠷ ᠨᠢᠭᠡᠨ ᠡᠪᠦᠷ ᠲᠤ ᠪᠡᠨ ᠠᠮᠤᠷᠬᠠᠨ ᠬᠡᠪᠲᠡᠵᠡᠭᠡᠮᠦᠢ ᠃
 ᠡᠪᠲᠡᠢ ᠬᠣᠶᠠᠷ ᠬᠠᠭᠠᠨ ᠪ ᠭᠦᠷᠦᠨ ᠠᠮᠤᠭᠤᠯᠠᠩ ᠪᠠᠶ᠋ᠢᠬᠤ  ᠳᠤ
 ᠡᠪ ᠦᠭᠡᠢ ᠵᠠᠯᠠᠭᠤ ᠬᠥᠪᠡᠭᠦᠨ ᠬᠡᠦᠬᠡᠨ ᠬᠣᠶᠠᠷ ᠨᠢᠭᠡᠨ ᠨᠢᠭᠡᠨ ᠶ᠋ᠢᠡᠨ ᠠᠯᠠᠯᠴᠠᠬᠤ ᠭᠡᠵᠦ ᠪᠠᠶ᠋ᠢᠮᠤᠢ ᠃
 ᠡᠪᠲᠡᠢ ᠡᠪᠦᠭᠡᠨ ᠡᠮᠡᠭᠡᠨ ᠬᠣᠶᠠᠷ ᠡᠪ ᠦ᠋ᠨ ᠬᠦᠴᠦᠨ  ᠳᠤ ᠵᠢᠷᠭᠠᠭᠰᠠᠨ ᠪᠤᠢ ᠵ᠎ᠠ ᠃
 ᠡᠪ ᠦᠭᠡᠢ ᠬᠣᠶᠠᠷ ᠬᠠᠭᠠᠨ ᠬᠦᠰᠡᠯ ᠡᠷᠲᠡᠮ ᠶᠠᠭᠤ ᠪᠠᠷ ᠳᠤᠲᠠᠭᠠᠳ ᠵᠣᠪᠠᠭᠰᠠᠨ ᠤᠴᠢᠷ ᠊ᠢ ᠪᠣᠲᠣ ᠃
 ᠵᠢᠭᠦᠷ ᠬᠡᠷᠡᠭ ᠦᠭᠡᠢ ᠰᠢᠪᠠᠭᠤ ᠨᠢᠭᠡ ᠴᠤ᠌ ᠦᠭᠡᠢ ᠃ 
 ᠡᠪ ᠬᠡᠷᠡᠭ᠋ ᠦᠭᠡᠢ ᠬᠥᠮᠦᠨ ᠨᠢᠭᠡ ᠴᠤ᠌ ᠦᠭᠡᠢ ᠃
 ᠮᠣᠩᠭᠣᠯᠴᠤᠳ ᠶᠡᠬᠡ  ᠳᠤ ᠴᠤ᠌ ᠡᠪ  ᠬᠡᠷᠡᠭᠲᠡᠢ ᠂ ᠪᠠᠬ᠋᠎ᠠ  ᠳᠤ ᠴᠤ᠌ ᠡᠪ  ᠬᠡᠷᠡᠭᠲᠡᠢ ᠭᠡᠵᠡᠢ᠃
 ᠶᠡᠬᠡᠰ ᠊ᠢ ᠡᠰᠡ  ᠬᠦᠨᠳᠦᠯᠡᠭᠰᠡᠨ ᠬᠥᠮᠦᠨ ᠰᠠᠮᠠᠭᠤᠷᠠᠬᠤ ᠶ᠋ᠢᠨ ᠰᠢᠨᠵᠢ ᠃
 ᠡᠪ ᠊ᠢ ᠡᠰᠡ ᠪᠣᠲᠣᠭᠰᠠᠨ ᠶᠡᠬᠡᠰ ᠂ ᠬᠥᠩᠭᠡᠷᠡᠬᠦ ᠶ᠋ᠢᠨ ᠰᠢᠨᠵᠢ ᠃
 ᠵᠠᠭᠠᠨ ᠂ ᠰᠠᠷᠮᠠᠭᠴᠢᠨ ᠂ ᠲᠠᠤᠯᠠᠢ ᠂ ᠰᠢᠪᠠᠭᠤ ᠡᠪᠲᠡᠢ ᠪᠣᠯᠤᠭᠠᠳ ᠰᠣᠨᠢᠨ ᠦᠯᠢᠭᠡᠷ ᠪᠣᠯᠤᠭᠰᠠᠨ ᠊ᠢ ᠪᠣᠲᠣ ᠃
 ᠴᠠᠰᠤᠲᠤ ᠠᠭᠤᠯᠠ ᠶ᠋ᠢᠨ ᠴᠠᠭᠠᠨ ᠠᠷᠰᠯᠠᠨ
 ᠬᠠᠷ᠎ᠠ ᠰᠢᠷᠭᠤᠯᠵᠢᠨ  ᠳᠤ ᠪᠠᠷᠢᠬᠲᠠᠭᠰᠠᠨ ᠊ᠢ ᠦᠵᠡ ᠃
 ᠬᠣᠶᠠᠷ ᠡᠪᠲᠡᠢ ᠬᠥᠮᠦᠨ ᠂ ᠪᠤᠰᠤ ᠬᠥᠮᠦᠨ ᠪ ᠦᠭᠡ ᠶ᠋ᠢ ᠪᠡᠶ᠎ᠡ ᠪᠠᠶᠠᠨ  ᠳᠤ ᠪᠠᠨ ᠪᠤᠤ ᠨᠢᠭᠤ ᠃
 ᠪᠡᠶ᠎ᠡ ᠪᠡᠶᠡᠨ ᠪ ᠦᠭᠡ ᠶ᠋ᠢ ᠪᠤᠰᠤᠳ ᠲᠤ ᠪᠤᠤ  ᠬᠡᠯᠡ᠃
 ᠨᠣᠶ᠋ᠢᠷ ᠶ᠋ᠢᠠᠨ ᠴᠢᠲᠠᠬᠤ ᠦᠭᠡᠢ ᠪᠣᠯᠪᠠᠯ ᠮᠠᠨᠠᠬ᠋᠎ᠠ ᠪᠤᠤ ᠮᠠᠨᠠ ᠃
 ᠡᠪ ᠶ᠋ᠢᠡᠨ ᠴᠢᠲᠠᠬᠤ ᠦᠭᠡᠢ ᠪᠣᠯᠪᠠᠯ ᠶᠠᠭᠠᠷᠠᠵᠤ  ᠪᠢᠲᠡᠭᠡᠢ ᠬᠠᠨᠢᠯᠠ ᠃
 ᠡᠪ ᠪᠤᠢ ᠦᠭᠡᠢ ᠶ᠋ᠢ ᠮᠡᠲᠡᠶ᠎ᠡ ᠭᠡᠪᠡᠯ
 ᠨᠢᠭᠡ ᠨᠢᠭᠡᠨ ᠶ᠋ᠢᠡᠨ ᠵᠣᠪᠠᠬᠤ ᠴᠠᠭ ᠲᠤ ᠳᠤᠰᠠ ᠪᠤᠢ ᠦᠭᠡᠢ ᠶ᠋ᠢ ᠦᠵᠡ ᠃
 ᠠᠮᠠᠷᠠᠭ ᠮᠥᠨ ᠪᠤᠰᠤ ᠶ᠋ᠢ ᠲᠠᠨᠢᠶ᠎ᠠ ᠭᠡᠪᠡᠯ
 ᠪᠡᠶ᠎ᠡ ᠪᠠᠶᠠᠨ ᠠ᠋ᠴᠠ ᠪᠠᠨ ᠰᠡᠵᠢᠭᠯᠡᠬᠦ ᠂ ᠦᠯᠦ ᠰᠡᠵᠢᠭᠯᠡᠬᠦ ᠶ᠋ᠢ ᠠᠵᠢᠬᠯᠠ ᠃
 ᠮᠣᠩᠭᠣᠯ ᠦ᠋ᠨ ᠦᠭᠡ ᠂ ᠢᠨᠠᠭ ᠬᠥᠮᠦᠨ ᠪ ᠪᠠᠭᠠᠬᠤ ᠨᠢ ᠴᠢᠪᠡᠯ ᠰᠠᠶ᠋ᠢᠬᠠᠨ 
 ᠥᠰᠢᠶᠡᠲᠡᠢ ᠬᠥᠮᠦᠨ ᠪ ᠢᠨᠢᠶᠡᠬᠦ ᠨᠢ ᠴᠢᠪᠡᠯ ᠮᠤᠤᠬᠠᠢ ᠭᠡᠳᠡᠭ᠃
 ᠢᠨᠠᠭ ᠪᠣᠯᠪᠠᠯ ᠡᠪᠲᠡᠢ ᠶᠠᠪᠤᠬᠤ  ᠬᠡᠷᠡᠭᠲᠡᠢ ᠃
 ᠥᠰᠢᠶᠡᠲᠡᠢ ᠪᠣᠯᠪᠠᠯ ᠳᠤᠭᠤᠢ ᠰᠠᠭᠤᠬᠤ  ᠬᠡᠷᠡᠭᠲᠡᠢ ᠃
 ᠤᠷᠢᠲᠤ ᠲᠠᠩᠭᠤᠳ ᠦ᠋ᠨ ᠦᠯᠢᠭᠡᠷ ᠂ ᠬᠥᠮᠦᠨ ᠪ ᠰᠡᠤᠠᠬᠢᠯ ᠦ᠋ᠨ ᠨᠤᠮᠤ ᠶ᠋ᠢ ᠡᠭᠡᠭᠦᠯᠬᠦ  ᠳᠤ
 ᠥᠪᠡᠷ ᠦ᠋ᠨ ᠰᠡᠤᠠᠬᠢᠯ ᠦ᠋ᠨ ᠬᠥᠪᠴᠢ ᠶ᠋ᠢ ᠬᠢᠴᠢᠶᠡ ᠭᠡᠵᠡᠢ ᠃
 ᠮᠡᠰᠡᠨ ᠪ ᠰᠢᠷᠬ᠎ᠠ  ᠡᠳᠡᠭᠡᠷᠡᠳᠡᠭ᠂ ᠦᠭᠡᠨ ᠪ ᠰᠢᠷᠬ᠎ᠠ ᠡᠳᠡᠭᠡᠷᠡᠳᠡᠭ ᠦᠭᠡᠢ ᠃ 
ᠴᠡᠭᠡᠵᠢᠨ ᠪ ᠳᠣᠲᠣᠷ᠎ᠠ ᠭᠠᠯ ᠪᠠᠲᠠᠷᠠᠪᠠᠴᠤ ᠬᠠᠮᠠᠷ ᠶ᠋ᠢᠠᠷ ᠤᠲᠤᠬ᠋᠎ᠠ ᠶ᠋ᠢ ᠨᠢ ᠪᠤᠤ ᠭᠠᠷᠬ᠋᠎ᠠ ᠃
 ᠳᠠᠶ᠋ᠢᠰᠤᠨ ᠠᠮᠠᠷᠠᠭ ᠠᠯᠢᠨ  ᠳᠤ  ᠴᠢᠪᠡᠯ
 ᠦᠭᠡᠨ ᠪ ᠴᠥᠭᠡᠨ ᠂ ᠵᠠᠩ ᠦ᠋ᠨ ᠵᠥᠭᠡᠯᠡᠨ ᠬᠡᠷᠡᠭᠲᠡᠢ ᠃
 ᠳᠠᠶ᠋ᠢᠰᠤᠨ ᠪ ᠳᠡᠷᠭᠡᠳᠡ ᠠᠮᠠᠷᠠᠭ ᠶ᠋ᠢᠠᠨ ᠪᠢᠲᠡᠭᠡᠢ ᠮᠠᠭᠲᠠ  ᠃
 ᠢᠨᠠᠭ ᠦ᠋ᠨ ᠳᠡᠷᠭᠡᠳᠡ ᠳᠠᠶ᠋ᠢᠰᠤᠨ ᠶ᠋ᠢᠠᠨ ᠪᠢᠲᠡᠭᠡᠢ ᠨᠢᠭᠤ ᠃
 ᠰᠠᠨᠠᠬ᠋᠎ᠠ ᠨᠡᠶ᠋ᠢᠯᠡᠪᠡᠰᠦ ᠦᠬᠦᠭᠰᠡᠨ ᠬᠥᠮᠦᠨ ᠪ ᠦᠭᠡ ᠶ᠋ᠢ ᠴᠢᠪᠡᠯ
 ᠠᠮᠢᠲᠤ ᠬᠥᠮᠦᠨ  ᠬᠡᠷᠡᠭᠯᠡᠮᠦᠢ ᠃
 ᠰᠡᠤᠠᠬᠢᠯ ᠨᠢ ᠬᠣᠭᠣᠷᠣᠨᠲᠣ ᠪᠠᠨ ᠪᠤᠷᠤᠭᠤᠤᠠᠪᠠᠯ
 ᠬᠣᠶᠠᠷ ᠠᠮᠢᠲᠤ ᠬᠥᠮᠦᠨ ᠴᠤ᠌  ᠦᠯᠦ ᠲᠠᠭᠠᠷᠠᠮᠤᠢ ᠃
 ᠬᠣᠣᠷ ᠨᠢ ᠪᠠᠬ᠋᠎ᠠ ᠪᠣᠯᠪᠠᠯ
 ᠰᠢᠷ᠎ᠠ ᠣᠭᠣᠲᠣᠨ᠎ᠠ ᠴᠢᠪᠡᠯ ᠨᠢᠲᠦᠨ  ᠳᠤ ᠳᠤᠯᠠᠭᠠᠨ ᠃
 ᠬᠠᠶ᠋ᠢᠷ᠎ᠠ ᠨᠢ ᠪᠠᠬ᠋᠎ᠠ ᠪᠣᠯᠪᠠᠯ
 ᠡᠴᠢᠭᠡ ᠡᠬᠡ  ᠳᠤ ᠴᠢᠪᠡᠯ ᠭᠣᠮᠣᠲᠠᠯᠲᠠᠢ ᠃
 ᠬᠣᠯᠠ ᠶ᠋ᠢᠨ ᠶᠠᠭᠤᠮᠠᠨ  ᠳᠤ ᠰᠠᠶ᠋ᠢᠨ ᠴᠤ᠌ ᠪᠤᠢ ᠂  ᠮᠠᠭᠤᠬᠠᠢ ᠴᠤ᠌ ᠪᠤᠢ ᠃
 ᠬᠣᠭᠣᠷᠣᠨᠲᠣ ᠶ᠋ᠢᠨ ᠶᠠᠭᠤᠮᠠᠨ  ᠳᠤ ᠦᠨᠡᠨ ᠴᠤ᠌ ᠪᠤᠢ ᠂ ᠬᠤᠲᠠᠯ ᠴᠤ᠌ ᠪᠤᠢ ᠃
 ᠬᠣᠶᠠᠷ ᠪᠣᠲᠣᠯ  ᠳᠤ ᠪᠣᠯᠬᠤ ᠴᠤ᠌ ᠪᠤᠢ ᠂ ᠪᠣᠯᠬᠤ ᠦᠭᠡᠢ ᠴᠤ᠌ ᠪᠤᠢ ᠃
 ᠡᠳ᠋  ᠮᠠᠯ ᠦᠭᠡᠢ ᠬᠥᠮᠦᠨ ᠦᠨᠡᠨ ᠦᠭᠡ ᠬᠡᠯᠡᠪᠡᠴᠦ
 ᠬᠡᠷᠡᠭᠰᠡᠬᠦ ᠦᠭᠡᠢ ᠴᠠᠭ  ᠪᠣᠯᠵᠣᠬᠤᠢ ᠃
 ᠮᠠᠨᠵᠤ ᠵᠠᠩ ᠦᠭᠡᠢ ᠬᠥᠮᠦᠨ ᠭᠠᠭᠴᠠᠭᠠᠷᠲᠠᠬᠤ ᠴᠠᠭ ᠪᠣᠯᠵᠣᠬᠤᠢ ᠃
 ᠪᠤᠭᠤ ᠶ᠋ᠢᠨ ᠡᠪᠡᠷ ᠤᠷᠲᠤ ᠴᠢᠪᠡᠯ ᠮᠣᠲᠣᠨ  ᠳᠤ ᠶᠠᠭᠠᠬᠢᠨ ᠣᠷᠢᠶᠠᠯᠲᠤᠬᠤ ᠪᠤᠢ ᠃
 ᠪᠤᠷᠤᠭᠤ ᠶᠠᠪᠤᠲᠠᠯ ᠣᠯᠠᠨ ᠴᠢᠪᠡᠯ ᠥᠪᠡᠷ ᠶ᠋ᠢᠡᠨ ᠶᠠᠭᠠᠬᠢᠨ ᠮᠡᠲᠡᠬᠦ ᠪᠤᠢ ᠃
 ᠪᠤᠰᠤᠳ ᠬᠥᠮᠦᠨ ᠪ ᠭᠡᠮ ᠊ᠢ ᠤᠲᠤᠵᠤ ᠰᠠᠭᠤᠬᠤ ᠪᠠᠨ ᠪᠠᠶ᠋ᠢᠭᠠᠰᠠᠢ ᠃
 ᠪᠡᠶ᠎ᠡ ᠪᠡᠨ ᠥᠮᠥᠭᠡᠷᠡᠬᠦ ᠶ᠋ᠢ ᠤᠷᠢᠲᠠᠪᠠᠴᠤ ᠦᠭᠡ ᠬᠡᠯᠡᠬᠦ ᠶ᠋ᠢ ᠬᠣᠵᠢᠲᠠᠭᠠᠰᠠᠢ ᠃
 ᠡᠨᠡ ᠵᠢᠯ ᠥᠩᠭᠡᠷᠡᠭᠰᠡᠨ ᠪ ᠬᠣᠶ᠋ᠢᠨ᠎ᠠ ᠬᠣᠶ᠋ᠢᠲᠤ ᠵᠢᠯ ᠶᠠᠭᠤᠨ  ᠳᠤ ᠡᠰᠡ ᠢᠷᠡᠬᠦ ᠪᠤᠢ ᠃
 ᠮᠠᠭᠤ ᠦᠭᠡ  ᠬᠡᠯᠡᠭᠰᠡᠨ ᠬᠣᠶ᠋ᠢᠨ᠎ᠠ ᠬᠠᠷᠢᠭᠤ ᠶᠠᠭᠤᠨ  ᠳᠤ ᠡᠰᠡ ᠢᠷᠡᠬᠦ ᠪᠤᠢ ᠃
 ᠨᠣᠮᠣᠬᠠᠨ ᠶᠠᠪᠤᠬᠤ  ᠶᠡᠬᠡᠲᠡᠪᠡᠯ ᠨᠣᠬᠠᠢ ᠮᠡᠲᠦ ᠱᠣᠭᠯᠠᠭᠲᠠᠬᠤ ᠃
 ᠳᠣᠭᠰᠢᠨ ᠶᠠᠪᠤᠬᠤ ᠤᠷᠢᠲᠠᠪᠠᠯ ᠬᠥᠮᠦᠨ ᠪ ᠭᠠᠷ  ᠲᠤᠷ ᠨᠣᠴᠣᠭᠲᠠᠬᠤ ᠃
 ᠥᠲᠡᠯᠵᠦ ᠬᠥᠮᠦᠨ ᠪ ᠭᠠᠷ ᠲᠤ ᠣᠷᠣᠬᠤ ᠴᠠᠭ ᠲᠤ ᠤᠴᠠᠭᠠᠷ ᠵᠠᠩ  ᠬᠡᠷᠡᠭ ᠦᠭᠡᠢ ᠃
 ᠦᠭᠡᠶ᠋ᠢᠷᠡᠵᠦ  ᠭᠤᠶᠤᠵᠤ ᠢᠲᠡᠬᠦ ᠴᠠᠭ ᠲᠦ ᠬᠡᠲᠡᠷ ᠦᠭᠡ ᠬᠡᠷᠡᠭ ᠦᠭᠡᠢ ᠃
 ᠤᠰᠤ ᠶ᠋ᠢ  ᠳᠡᠭᠡᠭᠰᠢ ᠤᠷᠤᠰᠬᠠᠵᠤ ᠦᠯᠦ  ᠪᠣᠯᠬᠤ ᠃
 ᠨᠠᠰᠤ ᠶ᠋ᠢ ᠮᠥᠩᠬᠡᠷᠡᠭᠦᠯᠵᠦ ᠦᠯᠦ ᠪᠣᠯᠬᠤ ᠃
 ᠲᠠᠷᠢᠶᠠᠨ  ᠳᠤ ᠳᠤᠰᠠ ᠦᠭᠡᠢ ᠬᠠᠭᠤᠷᠠᠢ ᠭᠣᠣ ᠤᠬᠤᠵᠤ ᠶᠠᠮᠪᠠᠷ ㉕ ᠳᠤᠰᠠ ᠠᠵᠢ ᠃
 ᠡᠭᠦᠷᠢᠲᠡ ᠳᠤᠰᠠ ᠦᠭᠡᠢ ᠪᠣᠯᠪᠠᠯ ᠶᠡᠬᠡ ᠯᠡ  ᠵᠢᠷᠭᠠᠵᠤ ᠶᠠᠭᠤᠨᠠᠢ  ᠬᠡᠷᠡᠭ᠃
 ᠬᠥᠮᠦᠨ ᠣᠯᠠᠨ ᠪᠣᠯᠪᠠᠴᠤ ᠦᠬᠦᠬᠦ ᠪᠡᠨ ᠮᠡᠲᠡᠬᠦ ᠢᠨᠤ ᠴᠥᠭᠡᠨ ᠃ 
 ᠤᠬᠠᠭᠠᠨᠲᠠᠨ ᠣᠯᠠᠨ ᠪᠣᠯᠪᠠᠴᠤ ᠬᠣᠶ᠋ᠢᠲᠤ ᠪᠠᠨ ᠰᠠᠨᠠᠬᠤ ᠠᠨᠤ ᠪᠡᠷᠬᠡ ᠃
 ᠨᠢᠭᠡᠨ ᠬᠥᠮᠦᠨ ᠪ ᠠᠴᠢ ᠦᠷ᠎ᠡ ᠪᠠᠶ᠋ᠢᠲᠤᠭᠠᠢ ᠶᠢᠷᠲᠢᠨᠴᠦ ᠴᠢᠪᠡᠯ ᠶᠠᠭᠤᠨ ᠮᠥᠩᠬᠡᠷᠡᠬᠦ ᠪᠤᠢ ᠃
 ᠡᠨᠡ ᠨᠠᠰᠤ ᠶ᠋ᠢ ᠢᠮᠠᠭᠲᠠ ᠪᠣᠲᠣᠵᠤ ᠭᠡᠴᠢᠨᠡᠬᠡᠨ ᠬᠡᠷᠡᠭ ᠪᠦᠲᠦᠬᠦ ᠪᠤᠢ ᠃
 ᠡᠭᠦᠷᠢᠲᠡ ᠶ᠋ᠢᠨ ᠳᠤᠰᠠ ᠶ᠋ᠢ ᠪᠣᠲᠣᠪᠠᠯ ᠪᠤᠷᠬᠠᠨ ᠲᠩᠷᠢ ᠶ᠋ᠢᠨ ᠨᠣᠮ ᠊ᠢ ᠬᠢᠴᠢᠶᠡᠭᠡᠷᠡᠢ ᠃
 ᠮᠠᠭᠤ ᠬᠦᠦ ᠮᠢᠨᠢ ᠂ ᠶᠢᠷᠲᠢᠨᠴᠦ ᠶ᠋ᠢᠨ ᠬᠠᠷ᠎ᠠ ᠬᠥᠮᠦᠨ ㉖ ᠪ ᠶᠣᠰᠣ ᠶ᠋ᠢ
 ᠭᠣᠣᠯᠲᠠᠵᠤ ᠥᠭᠦᠯᠡᠪᠡᠢ ᠪᠢ ᠴᠢᠮ᠎ᠠ  ᠳᠤ ᠪᠠᠨ ᠃ ᠬᠡᠮᠡᠵᠦᠬᠦᠢ ᠃



  ① ᠲᠤᠰ ᠬᠢᠴᠢᠶᠡᠯ ᠊ᠢ 《 ᠮᠣᠩᠭᠣᠯ ᠤᠷᠠᠨ ᠵᠣᠬᠢᠶᠠᠯ ᠦ᠋ᠨ ᠳᠡᠭᠡᠵᠢ ᠵᠠᠭᠤᠨ  ᠪᠢᠯᠢᠭ᠌ ᠣᠷᠣᠰᠢᠪᠠᠢ ( ᠳᠥᠲᠥᠭᠡᠷ ᠳᠡᠪᠲᠡᠷ ) 》 
    ( ᠥᠪᠥᠷ  ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠂  1982 ᠣᠨ ᠪ ᠬᠣᠶᠠᠲᠠᠬᠢ ᠬᠡᠪᠯᠡᠯ ) ᠡᠴᠡ ᠰᠣᠩᠭᠣᠪᠠ ᠃
  ②ᠶᠠᠭᠤᠪᠢ— ᠶᠠᠭᠤ ᠪᠤᠢ 
  ③ᠴᠢᠪᠠᠯ— ᠪᠣᠯᠪᠠᠴᠤ
  ④ᠣᠳᠣᠮᠵᠢ—ᠤᠲᠤᠯᠭ᠎ᠠ ᠭᠡᠵᠦ ᠬᠠᠨᠢᠶᠠᠳᠤ ᠲᠠᠭᠰᠢᠭᠤᠷ  ᠢ ᠵᠠᠰᠠᠬᠤ ᠪᠠ ᠠᠭᠠᠷ ᠢ ᠠᠷᠢᠭᠤᠳᠬᠠᠬᠤ  ᠪᠠᠷ ᠰᠢᠲᠠᠭᠠᠳᠠᠭ ᠦᠨᠦᠷᠲᠦ ᠡᠮ  ᠪᠤᠶᠤ ᠬᠦᠵᠢ ᠶᠢ ᠬᠡᠯᠡᠨ᠎ᠡ᠃ ᠬᠢᠴᠢᠶᠡᠯ  ᠳᠦ ᠤᠲᠤᠮᠵᠢ ᠶᠢ ᠰᠡᠷᠡᠮᠵᠢ ᠭᠡᠬᠦ ᠤᠳᠬ᠎ᠠ  ᠪᠠᠷ  ᠬᠡᠷᠡᠭᠯᠡᠵᠡᠢ ᠃
  ⑤ᠠᠮᠤᠷ— ᠠᠮᠠᠷ
  ⑥  ᠦᠭᠡᠶ᠋ᠢᠭᠦᠷᠡᠬᠦ — ᠦᠭᠡᠶ᠋ᠢᠷᠡᠬᠦ
  ⑦  ᠮᠤᠶ᠋ᠢᠬᠤᠷ— ᠠᠷᠭ᠎ᠠ ᠰᠠᠮᠪᠠᠭ᠎ᠠ ᠮᠠᠭᠤᠲᠠᠢ᠂ ᠬᠠᠷ᠎ᠠ ᠬᠦᠴᠦ ᠪᠡᠷ ᠵᠢᠳᠬᠦᠬᠦ᠃
  ⑧ ᠮᠤᠤᠬᠠᠢ— ᠮᠠᠭᠤᠬᠠᠢ
  ⑨ ᠤᠯᠠᠷᠢᠬᠤ ᠦᠭᠡᠢ— ᠬᠤᠪᠢᠷᠠᠬᠤ  ᠦᠭᠡᠢ᠂ ᠪᠠᠷᠠᠭᠳᠠᠬᠤ ᠦᠭᠡᠢ᠃
  ⑩ ᠵᠢᠮᠡᠲᠡᠢ— ᠵᠢᠮ᠎ᠡ ᠲᠡᠢ
  ⑪ ᠭᠡᠵᠢᠭᠡ— ᠭᠡᠳᠡᠭᠡ
  ⑫ ᠮᠣᠯᠬᠢ— ᠪᠣᠯᠬᠢ᠂ ᠮᠣᠬᠣᠭᠤ
  ⑬ ᠶᠤᠭᠠᠨ— ᠶᠠᠭᠤ ᠪᠠᠨ
  ⑭ ᠴᠢᠨᠡᠭᠡ ᠲᠡᠢ ᠬᠥᠮᠥᠨ— ᠬᠦᠷᠦᠩᠭᠡ  ᠬᠣᠭᠰᠢᠯ ᠲᠠᠢ ᠬᠥᠮᠥᠨ
  ⑮ ᠴᠢᠬᠢᠲᠡᠢ ᠭᠥᠷᠥᠭᠡᠰᠦ— ᠨᠢᠭᠡ ᠵᠦᠢᠯ ᠦᠨ ᠵᠡᠷᠯᠢᠭ ᠠᠳᠤᠭᠤ᠃ ᠬᠤᠯᠠᠨ ᠲᠠᠢ ᠠᠳᠠᠯᠢᠪᠲᠤᠷ ᠪᠣᠯᠪᠠᠴᠤ ᠴᠢᠬᠢ ᠨᠢ ᠲᠡᠭᠦᠨ ᠤ ᠬᠢ ᠡᠴᠡ  ᠲᠣᠮᠣ
  ⑯ ᠪᠠᠢ— ᠫᠠᠢ
  ⑰ ᠲᠣᠷᠳᠠᠬᠣ— ᠶᠠᠳᠠᠭᠤ ᠵᠦᠳᠡᠭᠦᠦ᠂ ᠶᠠᠳᠠᠷ ᠳᠣᠷᠣᠢ ᠬᠥᠮᠥᠨ ᠠᠮᠢᠲᠠᠨ ᠢ ᠠᠰᠠᠷᠠᠵᠤ ᠰᠤᠪᠢᠯᠠᠬᠤ᠂ ᠲᠡᠵᠢᠭᠡᠵᠦ ᠠᠷᠠᠴᠢᠯᠠᠬᠤ
  ⑱ ᠵᠦᠳᠡᠭ— ᠠᠷᠠᠢ ᠶᠠᠳᠠᠭᠰᠠᠨ᠂ ᠨᠣᠮᠣᠢ ᠳᠣᠷᠣᠢ᠂
  ⑲ ᠥᠷᠮᠥᠭ—ᠨᠣᠣᠰᠣ᠂ ᠣᠯᠣᠰᠤ ᠵᠡᠷᠭᠡ ᠪᠡᠷ  ᠨᠡᠬᠡᠬ᠋ᠰᠡᠨ ᠨᠢᠭᠡ ᠵᠦᠢᠯ ᠦᠨ ᠪᠦᠳᠦᠭᠦᠯᠢᠭ ᠪᠠᠷᠠᠭ᠎ᠠ 
  ⑳ ᠴᠠᠶ᠋ᠢᠷᠠᠭᠤ —  ᠴᠠᠶ᠋ᠢᠯᠭᠠᠨ
  ㉑ ᠢᠵᠠᠮᠠᠭ — ᠰᠢᠩᠭᠡᠨ  ᠶᠠᠭᠤᠮᠠᠨ ‍ᠳᠤ ᠪᠦᠲᠦᠨ ᠠᠭᠤᠰᠬᠤ ᠦᠭᠡᠢ ᠪᠥᠭᠡᠮᠨᠡᠷᠡᠵᠦ ᠬᠥᠪᠬᠦ ᠵᠦᠢᠯ
  ㉒ ᠴᠢᠢᠳᠠᠮ — ᠤᠰᠤᠨ ᠳᠤ  ᠰᠦ᠋᠂  ᠠᠶ᠋ᠢᠷᠠᠭ ᠵᠡᠷᠭᠡ ᠶᠢ ᠪᠢᠴᠢᠬᠠᠨ ᠬᠣᠯᠢᠵᠤ ᠴᠡᠭᠡᠬᠡᠨ ᠪᠣᠯᠭᠠᠭᠰᠠᠨ ᠤᠮᠳᠠ
  ㉓ ᠠᠪ ᠵᠠᠩ — ᠡᠯᠳᠡᠪ ᠮᠠᠭᠤ ᠵᠠᠩ
  ㉔  ᠳᠠᠶ᠋ᠢᠵᠢᠬᠤ — ᠳᠠᠶ᠋ᠢᠰᠤᠩᠨᠠᠨ ᠤᠷᠪᠠᠬᠤ
  ㉕ ᠶᠠᠮᠪᠠᠷ — ᠶᠠᠮᠠᠷ
  ㉖ ᠬᠠᠷ᠎ᠠ ᠬᠥᠮᠥᠨ —ᠯᠠᠮᠠ ᠪᠤᠰᠤ ᠬᠥᠮᠥᠨ

               ᠠᠯᠪᠠᠨ ᠵᠢᠷᠤᠮ ᠤᠨ ᠰᠤᠷᠭᠠᠨ ᠬᠥᠮᠦᠵᠢᠯ ᠦᠨ ᠬᠡᠯᠡ ᠪᠢᠴᠢᠭ ᠤᠩᠰᠢᠬᠤ ᠪᠢᠴᠢᠭ ᠨᠠᠢ᠍ᠮᠠᠳᠤᠭᠠᠷ ᠣᠨ〈 ᠳᠡᠭᠡᠳᠦ〉
                            2016 ᠣᠨ   ᠪ 6 ᠰᠠᠷ᠎ᠠ  ᠬᠣᠶᠠᠳᠤᠭᠠᠷ ᠬᠡᠪ  ᠡᠴᠡ ᠬᠠᠭᠤᠯᠪᠠ ᠃


           ᠦᠰᠦᠭ ᠠᠮᠢᠯᠠᠭᠤᠯᠤᠭᠴᠢ ᠄  ᠮᠢᠩᠭᠠᠳ ᠂  ᠴᠢᠮᠡᠭ
             ᠬᠢᠨᠠᠭᠴᠢ ᠪᠠᠭᠰᠢ ᠄  ᠲᠥᠮᠡᠳ ᠂ ᠭᠦᠨᠴᠢᠨᠵᠠᠪ