ᠫᠯᠶᠦ᠋ᠱᠺᠢᠨ-ᠭᠣᠭᠣᠯПлюшкин-Гоголь-plushkin ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠫᠯᠶᠦ᠋ᠱᠺᠢᠨ-ᠭᠣᠭᠣᠯПлюшкин-Гоголь-plushkin

ᠫᠯᠶᠦ᠋ᠱᠺᠢᠨ-ᠭᠣᠭᠣᠯПлюшкин-Гоголь-plushkin

2023-03-06

470

ᠫᠯᠶᠦ᠋ᠱᠺᠢᠨ


            ᠭᠣᠭᠣᠯ 
    ᠮᠠᠨᠠᠢ ᠵᠣᠬᠢᠶᠠᠯ ᠤ᠋ᠨ ᠪᠠᠭᠠᠲᠤᠷ ᠨᠢᠭᠡ ᠬᠣᠶᠠᠷᠬᠠᠨ ᠭᠤᠳᠤᠮᠵᠢ ᠪᠠᠷ ᠬᠡᠳᠦᠬᠡᠨ ᠮᠤᠷᠤᠢᠭᠠᠳ ᠵᠣᠷᠢᠭᠰᠠᠨ ᠪᠠᠢᠰᠢᠩ ᠤ᠋ᠨ ᠳᠡᠷᠭᠡᠳᠡ ᠬᠦᠷᠴᠦ ᠢᠷᠡᠪᠡ᠃ ᠣᠢᠷᠠᠳᠴᠤ ᠢᠷᠡᠭᠡᠳ ᠬᠠᠷᠠᠪᠠᠯ ᠡᠨᠡ ᠪᠠᠢᠰᠢᠩ ᠪᠦᠷ ᠴᠦ᠍ ᠣᠯᠬᠢᠶ᠎ᠠ ᠦᠭᠡᠢ ᠬᠠᠷᠠᠭᠳᠠᠵᠤ ᠪᠠᠢᠯ᠎ᠠ᠃ ᠬᠠᠰᠢᠶ᠎ᠠ ᠪᠣᠯᠤᠨ ᠬᠠᠭᠠᠯᠭ᠎ᠠ ᠨᠤᠭᠤᠳ ᠤ᠋ᠨ ᠮᠣᠳᠣᠨ ᠳ᠋ᠤ᠌ ᠬᠥᠭᠡᠴᠦ ᠰᠠᠭᠤᠵᠤ᠂ ᠠᠵᠢᠯᠴᠢᠳ ᠤ᠋ᠨ ᠭᠡᠷ ᠣᠷᠣᠨ᠂ ᠰᠠᠩ ᠬᠥᠮᠥᠷᠭᠡ᠂ ᠵᠣᠭᠣᠷᠢ ᠵᠡᠷᠭᠡ ᠬᠠᠭᠤᠴᠢᠷᠠᠨ ᠥᠮᠥᠬᠢᠷᠡᠭᠰᠡᠨ ᠪᠠᠢᠰᠢᠩ ᠤ᠋ᠳ ᠬᠠᠰᠢᠶ᠎ᠠ ᠳᠦᠭᠦᠷᠡᠩ ᠪᠠᠷᠠᠭᠠᠨᠳᠠᠨ ᠬᠠᠷᠠᠭᠳᠠᠨ᠎ᠠ᠃ ᠵᠡᠷᠭᠡᠯᠡᠳᠡᠭᠡ ᠬᠠᠰᠢᠶ᠎ᠠ ᠨᠤᠭᠤᠳ ᠤᠷᠤᠭᠤ ᠣᠷᠣᠳᠠᠭ ᠬᠠᠭᠠᠯᠭ᠎ᠠ ᠶ᠋ᠢ ᠡᠳᠡᠭᠡᠷ ᠪᠠᠢᠰᠢᠩ ᠤ᠋ᠨ ᠵᠡᠭᠦᠨ ᠪᠠᠷᠠᠭᠤᠨ ᠲᠠᠯ᠎ᠠ ᠳ᠋ᠤ᠌ ᠭᠠᠷᠭᠠᠵᠠᠢ᠃
    ᠳᠡᠭᠡᠷ᠎ᠡ ᠦᠶ᠎ᠡ ᠳ᠋ᠦ᠍ ᠡᠨᠳᠡ ᠶᠡᠬᠡ ᠯᠡ ᠬᠥᠭᠵᠢᠯᠲᠡᠢ ᠠᠮᠢᠳᠤᠷᠠᠯ ᠣᠷᠭᠢᠯᠵᠤ ᠪᠠᠢᠭᠰᠠᠨ ᠢ᠋ᠶ᠋ᠠᠨ ᠣᠳᠣ ᠪᠠᠯᠠᠷᠠᠭᠰᠠᠨ ᠨᠢ ᠡᠨᠡ ᠪᠦᠭᠦᠳᠡ ᠳᠡᠭᠡᠷ᠎ᠡ ᠢᠯᠡ ᠪᠠᠢᠨ᠎ᠠ᠃ ᠡᠨᠳᠡ ᠠᠮᠢᠳᠤ ᠶᠠᠭᠤᠮᠠᠰ ᠤ᠋ᠨ ᠰᠢᠨᠵᠢ ᠣᠭᠲᠣ ᠠᠯᠠᠭ᠎ᠠ᠂ ᠣᠩᠭᠣᠢᠵᠤ ᠪᠠᠢᠭ᠎ᠠ ᠬᠠᠭᠠᠯᠭ᠎ᠠ ᠴᠤ᠌ ᠠᠯᠠᠭ᠎ᠠ᠂ ᠣᠷᠣᠵᠤ ᠭᠠᠷᠴᠤ ᠶᠠᠪᠤᠭ᠎ᠠ ᠬᠥᠮᠦᠰ ᠴᠦ᠍ ᠦᠵᠡᠭᠳᠡᠬᠦ ᠦᠭᠡᠢ᠃ ᠰᠠᠢᠬᠠᠨ ᠲᠣᠬᠢᠯᠢᠭ ᠡᠵᠡᠩᠨᠡᠨ ᠬᠠᠮᠢᠶᠠᠷᠴᠤ ᠪᠠᠢᠭ᠎ᠠ ᠶ᠋ᠢᠨ ᠲᠡᠮᠳᠡᠭ ᠴᠦ᠍ ᠣᠭᠲᠣ ᠦᠵᠡᠭᠳᠡᠬᠦ ᠦᠭᠡᠢ᠃ ᠡᠨᠳᠡᠬᠢ ᠶ᠋ᠢᠨ ᠦᠬᠡᠨᠴᠡ ᠪᠠᠢᠳᠠᠯ ᠳ᠋ᠤ᠌ ᠠᠮᠢᠳᠤᠷᠠᠯ ᠤ᠋ᠨ ᠲᠡᠮᠳᠡᠭ ᠣᠷᠣᠭᠤᠯᠬᠤ ᠭᠡᠰᠡᠨ ᠶᠦᠮ ᠰᠢᠭ ᠨᠢᠭᠡ ᠬᠥᠮᠦᠨ ᠲᠡᠷᠭᠡᠨ ᠳ᠋ᠦ᠍ ᠶᠠᠭᠤᠮ᠎ᠠ ᠠᠴᠢᠵᠤ᠂ ᠳᠡᠭᠡᠷ᠎ᠡ ᠡᠴᠡ ᠨᠢ ᠴᠢᠬᠢᠷᠰᠦ ᠪᠡᠷ ᠪᠦᠲᠡᠭᠡᠭᠡᠳ᠂ ᠨᠡᠭᠡᠭᠡᠯᠲᠡᠲᠡᠢ ᠭᠠᠭᠴᠠᠬᠠᠨ ᠲᠣᠮᠣ ᠬᠠᠭᠠᠯᠭ᠎ᠠ ᠪᠠᠷ ᠣᠷᠣᠵᠤ ᠶᠠᠪᠤᠪᠠ᠃ ᠬᠠᠰᠢᠶᠠᠨ ᠤ᠋ ᠲᠥᠷᠥ ᠲᠡᠮᠦᠷ ᠲᠦ᠍ ᠡᠯᠭᠦᠭᠡᠰᠦᠲᠡᠢ ᠠᠪᠤᠷᠭᠤ ᠲᠣᠮᠣ ᠴᠣᠣᠵᠢ ᠪᠠᠷ ᠪᠣᠳᠣᠪᠠᠯ ᠡᠨᠡ ᠬᠠᠭᠠᠯᠭ᠎ᠠ ᠰᠠᠶᠢ ᠯᠠ ᠣᠩᠭᠣᠢᠭᠰᠠᠨ ᠠ᠋ᠴᠠ ᠪᠢᠰᠢ᠂ ᠪᠤᠰᠤᠳ ᠴᠠᠭ ᠲᠤ᠌ ᠦᠷᠭᠦᠯᠵᠢ ᠲᠦᠭᠵᠢᠶᠡᠰᠦᠲᠡᠢ ᠪᠠᠢᠳᠠᠭ ᠨᠢ ᠢᠯᠡᠬᠡᠨ ᠮᠡᠳᠡᠭᠳᠡᠵᠦ ᠪᠠᠢᠯ᠎ᠠ᠃ ᠨᠢᠭᠡ ᠪᠠᠢᠰᠢᠩ ᠤ᠋ᠨ ᠳᠡᠷᠭᠡᠳᠡ ᠰᠠᠶᠢ ᠶ᠋ᠢᠨ ᠢᠷᠡᠭᠰᠡᠨ ᠲᠡᠷᠭᠡᠴᠢᠨ ᠲᠡᠢ ᠨᠢᠭᠡ ᠠᠮᠢᠲᠠᠨ ᠬᠡᠷᠡᠯᠳᠦᠵᠦ ᠪᠠᠢᠭ᠎ᠠ ᠶ᠋ᠢ ᠴᠢᠴᠢᠺᠦᠧ ᠳᠠᠷᠤᠢ ᠬᠠᠷᠠᠭᠠᠳ᠂ ᠡᠨᠡ ᠴᠢᠨᠢ ᠴᠣᠬᠣᠮ ᠶᠠᠮᠠᠷ ᠠᠮᠢᠲᠠᠨ ᠪᠣᠢ? ᠡᠷᠡᠭᠲᠡᠢ ᠶᠦᠮ ᠤᠤ᠂ ᠡᠮᠡᠭᠲᠡᠢ ᠶᠦᠮ ᠤᠤ? ᠭᠡᠵᠦ ᠲᠠᠨᠢᠬᠤ ᠭᠡᠳ ᠴᠥᠬᠥᠷᠡᠯ᠎ᠡ᠃ ᠲᠡᠭᠦᠨ ᠦ᠌ ᠬᠤᠪᠴᠠᠰᠤ ᠪᠠᠷ ᠲᠡᠢᠮᠦ ᠬᠦᠢᠰᠦ ᠶ᠋ᠢᠨ ᠬᠥᠮᠦᠨ ᠭᠡᠵᠦ ᠬᠡᠯᠡᠬᠦ ᠳ᠋ᠦ᠍ ᠲᠣᠩ ᠬᠡᠴᠡᠭᠦᠦ ᠪᠠᠢᠯ᠎ᠠ᠃ ᠳᠡᠪᠡᠯ ᠨᠢ ᠶᠠᠭ ᠡᠮᠡᠭᠲᠡᠢ ᠬᠥᠮᠦᠨ ᠦ᠌ ᠬᠢ ᠰᠢᠭ ᠪᠠᠢᠭᠰᠠᠨ ᠪᠠ ᠲᠣᠯᠣᠭᠠᠢ ᠳᠡᠭᠡᠷ᠎ᠡ ᠨᠢ ᠬᠥᠳᠡᠭᠡ ᠶ᠋ᠢᠨ ᠡᠬᠡᠨᠡᠷ ᠦ᠋ᠳ ᠡᠮᠦᠰᠴᠦ ᠶᠠᠪᠤᠳᠠᠭ ᠮᠠᠯᠠᠭᠠᠢ ᠲᠠᠢ ᠠᠳᠠᠯᠢ ᠱᠣᠪᠣᠭᠣᠷ ᠶᠠᠭᠤᠮ᠎ᠠ ᠲᠠᠯᠪᠢᠭᠠᠲᠠᠢ᠃ ᠵᠥᠪᠬᠡᠨ ᠬᠣᠭᠣᠯᠠᠢ ᠨᠢ ᠡᠮᠡᠭᠲᠡᠢᠴᠦᠳ ᠦ᠋ᠨ ᠬᠢ ᠡᠴᠡ ᠠᠷᠠᠢ ᠯᠠ ᠪᠦᠳᠡᠭᠢ ᠰᠥᠭᠡᠩᠭᠢ ᠰᠣᠨᠣᠰᠳᠠᠨ᠎ᠠ᠃ 《ᠡᠨᠡ ᠴᠢᠨᠢ ᠡᠮᠡᠭᠲᠡᠢ ᠬᠥᠮᠦᠨ ᠪᠠᠢᠬᠤ ᠰᠢᠪ》 ᠭᠡᠵᠦ ᠴᠢᠴᠢᠺᠦᠧ ᠪᠣᠳᠣᠭᠰᠠᠨ ᠢ᠋ᠶ᠋ᠠᠨ 《ᠪᠢᠰᠢ ᠳᠡ 》 ᠭᠡᠵᠦ ᠰᠠᠨᠠᠭᠠᠳ ᠳᠠᠭᠢᠵᠤ ᠰᠠᠢᠨ ᠠᠵᠢᠭᠯᠠᠭᠠᠳ 《ᠡᠮᠡᠭᠲᠡᠢ ᠪᠠᠢᠯᠭᠦᠢ ᠶᠠᠭᠠᠬᠢᠬᠤᠪ》 ᠭᠡᠵᠦ ᠬᠡᠯᠡᠪᠡ᠃ ᠬᠠᠷᠢᠨ ᠲᠡᠷᠡ ᠠᠮᠢᠲᠠᠨ ᠨᠢ ᠴᠢᠴᠢᠺᠦᠧ ᠶ᠋ᠢ ᠮᠥᠨ ᠶᠡᠬᠡ ᠰᠢᠷᠲᠡᠨ ᠬᠠᠷᠠᠨ᠎ᠠ᠃ ᠴᠢᠴᠢᠺᠦᠧ ᠶ᠋ᠢ ᠪᠠᠢᠲᠤᠭᠠᠢ ᠰᠧᠯᠢᠹᠤᠨ ᠢ᠋ ᠮᠥᠨ ᠰᠠᠢᠲᠤᠷ ᠠᠵᠢᠭᠯᠠᠭᠰᠠᠨ ᠪᠥᠭᠡᠳ ᠮᠣᠷᠢᠳ ᠢ᠋ ᠰᠡᠭᠦᠯ ᠡᠴᠡ ᠨᠢ ᠬᠣᠩᠰᠢᠶᠠᠷ ᠲᠤᠨᠢ ᠬᠦᠷᠲᠡᠯ᠎ᠡ ᠬᠠᠷᠠᠵᠤ ᠪᠠᠢᠭ᠎ᠠ ᠪᠠᠷ ᠪᠣᠳᠣᠪᠠᠯ ᠵᠣᠴᠢᠨ ᠤ᠋ ᠢᠷᠡᠭᠰᠡᠨ ᠳ᠋ᠦ᠍ ᠲᠡᠷᠡ ᠠᠮᠢᠲᠠᠨ ᠶᠡᠬᠡ ᠭᠠᠢᠬᠠᠭᠰᠠᠨ ᠪᠣᠯᠤᠯᠲᠠᠢ᠃ ᠪᠦᠰᠡ ᠡᠴᠡ ᠪᠡᠨ ᠵᠡᠭᠦᠭᠰᠡᠨ ᠪᠥᠭᠡᠮ ᠲᠦᠯᠬᠢᠭᠦᠷ ᠢ᠋ ᠨᠢ ᠬᠠᠷᠠᠬᠤ ᠶ᠋ᠢᠨ ᠳᠠᠭᠠᠤ ᠲᠠᠷᠢᠶᠠᠴᠢᠨ ᠢ᠋ ᠡᠯᠳᠡᠪ ᠮᠠᠭᠤᠬᠠᠢ ᠦᠭᠡ ᠪᠡᠷ ᠵᠠᠩᠨᠠᠵᠤ ᠪᠠᠢᠬᠤ ᠶ᠋ᠢ ᠰᠣᠨᠣᠰᠤᠭᠠᠳ ᠴᠢᠴᠢᠺᠦᠧ 《ᠮᠥᠨ ᠳᠡ᠂ ᠨᠢᠷᠪᠠ ᠡᠮᠡᠭᠲᠡᠢ ᠰᠢᠪ ᠳᠡ 》 ᠭᠡᠵᠦ ᠳ᠋ᠦᠩᠨᠡᠪᠡ᠃
    《ᠡᠮᠡᠭᠡᠨ ᠭᠤᠸᠠᠢ᠂ ᠨᠣᠶᠠᠨᠲᠠᠨ ᠶᠠᠭᠤ ᠬᠢᠵᠦ ᠪᠠᠢᠨ᠎ᠠ ᠪᠣᠢ?》 ᠭᠡᠵᠦ ᠲᠡᠷᠭᠡᠨ ᠡᠴᠡ ᠪᠡᠨ ᠪᠠᠭᠤᠬᠤ ᠶ᠋ᠢᠨ ᠳᠠᠭᠠᠤ ᠴᠢᠴᠢᠺᠦᠧ ᠶ᠋ᠢᠨ ᠠᠰᠠᠭᠤᠬᠤ ᠳ᠋ᠤ᠌ ᠨᠢᠷᠪᠠ ᠡᠮᠡᠭᠲᠡᠢ ᠠᠰᠠᠭᠤᠯᠲᠠ ᠶ᠋ᠢ ᠨᠢ ᠪᠦᠭᠦᠳᠡ ᠶ᠋ᠢ ᠨᠢ ᠰᠣᠨᠣᠰᠤᠯ ᠦᠭᠡᠢ ᠬᠥᠨᠳᠡᠯᠡᠨ ᠡᠴᠡ ᠣᠷᠣᠵᠤ:
《ᠡᠵᠡᠭᠦᠢ》 ᠭᠡᠵᠦ ᠬᠡᠯᠡᠭᠡᠳ ᠪᠠᠢᠰᠬᠢᠵᠦ ᠪᠠᠢᠭᠠᠳ ᠳᠠᠬᠢᠨ 《 ᠲᠠ ᠶᠠᠭᠤ ᠭᠡᠵᠦ ᠶᠠᠪᠤᠭ᠎ᠠ ᠬᠥᠮᠦᠨ ᠪᠣᠢ?》 ᠭᠡᠵᠦ ᠠᠰᠠᠭᠤᠪᠠ᠃
    《ᠠᠷᠠᠯᠵᠢᠶᠠᠨ ᠤ᠋ ᠲᠤᠬᠠᠢ ᠵᠢᠭᠠᠬᠠᠨ ᠬᠡᠷᠡᠭ ᠲᠡᠢ ᠶᠠᠪᠤᠭ᠎ᠠ᠃ 》
    《ᠲᠡᠭᠡᠪᠡᠯ ᠥᠷᠥᠭᠡ ᠤᠷᠤᠭᠤ ᠣᠷᠣ》 ᠭᠡᠵᠦ ᠨᠢᠷᠪᠠ ᠡᠮᠡᠭᠲᠡᠢ ᠬᠡᠯᠡᠭᠡᠳ ᠭᠤᠯᠢᠷ ᠪᠣᠯᠴᠢᠬᠠᠭᠰᠠᠨ᠂ ᠲᠣᠮᠣ ᠴᠣᠭᠣᠷᠬᠠᠢ ᠲᠠᠢ ᠬᠤᠪᠴᠠᠰᠤᠨ ᠤ᠋ ᠪᠠᠨ ᠠᠷᠤ ᠶ᠋ᠢ ᠨᠠᠰᠢ ᠬᠠᠷᠠᠭᠤᠯᠤᠨ ᠬᠠᠭᠠᠯᠭ᠎ᠠ ᠶ᠋ᠢ ᠣᠩᠭᠣᠢᠯᠭᠠᠪᠠ᠃
    ᠴᠢᠴᠢᠺᠦᠧ ᠵᠣᠭᠣᠷᠢ ᠳ᠋ᠤ᠌ ᠣᠷᠣᠭᠰᠠᠨ ᠰᠢᠭ᠋ ᠬᠦᠢᠲᠡᠨ ᠠᠮᠢᠰᠬᠤᠯ ᠭᠠᠷᠴᠤ ᠪᠠᠢᠭ᠎ᠠ ᠥᠷᠭᠡᠨ ᠬᠠᠷᠠᠩᠭᠤᠢ ᠡᠭᠦᠳᠡᠨ ᠫᠧᠩ ᠢ᠋ ᠳᠠᠮᠵᠢᠨ ᠮᠥᠨ ᠬᠠᠪ ᠬᠠᠷᠠᠩᠭᠤᠢ ᠪᠣᠯᠪᠠᠴᠤ ᠬᠠᠭᠠᠯᠭ᠎ᠠ ᠶ᠋ᠢ ᠨᠡᠭᠡᠭᠡᠵᠦ ᠴᠢᠨᠠᠳᠤ ᠭᠡᠭᠡᠨ ᠥᠷᠥᠭᠡᠨ ᠳ᠋ᠦ᠍ᠨᠢ ᠣᠷᠣᠬᠤ ᠳ᠋ᠠᠭᠠᠨ ᠲᠡᠭᠦᠨ ᠦ᠌ ᠳᠣᠲᠣᠷᠠᠬᠢ ᠡᠮᠬᠢ ᠵᠠᠮᠪᠠᠷᠠᠭ᠎ᠠ ᠦᠭᠡᠢ ᠪᠠᠢᠳᠠᠯ ᠢ᠋ ᠦᠵᠡᠭᠡᠳ ᠭᠠᠢᠬᠠᠪᠠ᠃ ᠡᠨᠡ ᠪᠠᠢᠰᠢᠩ ᠤ᠋ᠨ ᠱᠠᠯᠠ ᠶ᠋ᠢ ᠤᠨᠠᠬᠤ ᠭᠡᠵᠦ ᠰᠢᠷᠡᠭᠡ ᠰᠠᠨᠳᠠᠯᠢ ᠵᠡᠷᠭᠡ ᠪᠦᠬᠦ ᠬᠣᠭᠰᠢᠯ ᠢ᠋ ᠢᠩᠭᠢᠵᠦ ᠣᠪᠣᠭᠠᠯᠠᠪᠠ ᠤᠤ ᠭᠡᠵᠦ ᠰᠠᠨᠠᠭᠳᠠᠮᠠᠷ ᠪᠠᠢᠪᠠ᠃ ᠨᠢᠭᠡ ᠰᠢᠷᠡᠭᠡᠨ ᠳᠡᠭᠡᠷ᠎ᠡ ᠡᠪᠳᠡᠷᠬᠡᠢ ᠰᠠᠨᠳᠠᠯᠢ ᠪᠠᠢᠯ᠎ᠠ᠃ ᠲᠡᠭᠦᠨ ᠦ᠌ ᠳᠡᠷᠭᠡᠳᠡ ᠲᠠᠤᠬᠠᠢ ᠨᠢ ᠵᠣᠭᠰᠣᠴᠢᠬᠠᠭᠰᠠᠨ ᠬᠠᠭᠤᠴᠢᠨ ᠴᠠᠭ ᠲᠠᠯᠪᠢᠭᠠᠲᠠᠢ ᠪᠠᠢᠪᠠ᠃ ᠲᠡᠷᠡ ᠴᠠᠭ ᠤ᠋ᠨ ᠲᠠᠤᠬᠠᠢ ᠠ᠋ᠴᠠ ᠠᠭᠠᠯᠵᠢ ᠰᠢᠯᠦᠰᠦ ᠲᠠᠲᠠᠵᠤ ᠡᠬᠢᠯᠡᠭᠰᠡᠨ ᠬᠠᠷᠠᠭᠳᠠᠨ᠎ᠠ᠃ ᠳᠡᠭᠡᠷ᠎ᠡ ᠦᠶ᠎ᠡ ᠶ᠋ᠢᠨ ᠬᠣᠭᠣᠯᠠᠨ ᠤ᠋ ᠮᠥᠩᠭᠥᠨ ᠰᠠᠪᠠ ᠬᠡᠷᠡᠭᠯᠡᠯ᠂ ᠠᠷᠢᠬᠢᠨ ᠤ᠋ ᠯᠣᠩᠬᠣ ᠪᠣᠯᠤᠨ ᠬᠢᠲᠠᠳ ᠱᠠᠵᠠᠩ ᠰᠠᠪᠠ ᠵᠡᠷᠭᠡ ᠶ᠋ᠢ ᠠᠭᠤᠯᠤᠭᠰᠠᠨ ᠬᠣᠷᠭᠣ ᠶ᠋ᠢ ᠰᠢᠷᠡᠭᠡᠨ ᠳᠡᠷᠭᠡᠳᠡ ᠬᠠᠨᠠᠨ ᠳ᠋ᠤ᠌ ᠲᠤᠯᠭᠠᠨ ᠬᠥᠨᠳᠡᠯᠡᠨ ᠲᠠᠯᠪᠢᠵᠠᠢ᠃ ᠮᠥᠨ ᠲᠠᠨ᠎ᠠ ᠰᠢᠭᠢᠳᠬᠡᠭᠰᠡᠨ ᠰᠢᠷᠡᠭᠡ ᠡᠨᠳᠡ ᠪᠠᠢᠭᠰᠠᠨ ᠪᠥᠭᠡᠳ ᠰᠢᠭᠢᠳᠬᠡᠭᠡ ᠨᠦ᠍ᠭᠦᠳ ᠦ᠋ᠨ ᠵᠠᠷᠢᠮ ᠨᠢ ᠬᠣᠪᠬᠣᠷᠠᠨ ᠤᠨᠠᠵᠤ᠂ ᠰᠠᠭᠤᠷᠢ ᠨᠤᠭᠤᠳ ᠨᠢ ᠬᠣᠩᠬᠣᠢᠯᠳᠤᠨ᠂ ᠴᠠᠪᠠᠤ ᠨᠢ ᠰᠢᠷᠠᠯᠠᠨ ᠦᠵᠡᠭᠳᠡᠨ᠎ᠡ᠃ ᠡᠨᠡ ᠰᠢᠷᠡᠭᠡᠨ ᠳᠡᠭᠡᠷ᠎ᠡ ᠡᠯᠳᠡᠪ ᠶᠠᠭᠤᠮ᠎ᠠ ᠡᠷᠢᠶᠡᠴᠢᠭᠰᠡᠨ᠂ ᠳᠡᠭᠡᠷ᠎ᠡ ᠡᠴᠡ ᠨᠢ ᠥᠨᠳᠡᠭᠡᠨ ᠬᠡᠯᠪᠡᠷᠢ ᠶ᠋ᠢᠨ ᠪᠠᠷᠢᠭᠤᠯ ᠲᠠᠢ ᠨᠣᠭᠣᠭᠠᠷᠠᠭᠰᠠᠨ ᠭᠠᠨᠲᠢᠭ ᠳᠠᠷᠤᠪᠴᠢ ᠪᠠᠷ ᠳᠠᠷᠤᠭᠰᠠᠨ᠂ ᠳᠠᠪᠬᠤᠷ ᠳᠠᠪᠬᠤᠷ ᠵᠢᠵᠢᠭ ᠴᠠᠭᠠᠰᠤ᠂ ᠠᠷᠠᠰᠤᠨ ᠬᠠᠪᠲᠠᠰᠤᠲᠠᠢ ᠤᠯᠠᠭᠠᠨ ᠬᠥᠪᠡᠭᠡᠲᠡᠢ ᠡᠷᠲᠡ ᠴᠠᠭ ᠤ᠋ᠨ ᠨᠢᠭᠡ ᠪᠣᠳᠢ ᠨᠣᠮ᠂ ᠣᠢ ᠶ᠋ᠢᠨ ᠬᠤᠰᠢᠭ᠎ᠠ ᠶ᠋ᠢᠨ ᠴᠢᠨᠡᠭᠡᠨ ᠪᠣᠯᠲᠠᠯ᠎ᠠ ᠬᠠᠲᠠᠵᠤ ᠬᠣᠷᠴᠢᠢᠭᠰᠠᠨ ᠨᠢᠮᠪᠡᠭᠡ᠂ ᠲᠦᠰᠢᠯᠭᠡᠲᠡᠢ ᠰᠠᠨᠳᠠᠯᠢ ᠶ᠋ᠢᠨ ᠥᠷᠥᠭᠡᠰᠦᠨ ᠲᠦᠰᠢᠪᠴᠢ᠂ ᠳᠣᠲᠣᠷ᠎ᠠ ᠨᠢ ᠰᠢᠩᠭᠡᠨ ᠤᠯᠠᠭᠠᠨ ᠶᠠᠭᠤᠮ᠎ᠠ ᠲᠠᠢ᠂ ᠲᠡᠭᠦᠨ ᠳ᠋ᠦ᠍ᠨᠢ ᠭᠤᠷᠪᠠᠨ ᠢᠯᠠᠭ᠎ᠠ ᠲᠠᠢ᠂ ᠴᠠᠭᠠᠰᠤ ᠪᠠᠷ ᠲᠠᠭᠯᠠᠭᠰᠠᠨ ᠬᠤᠨᠳᠠᠭ᠎ᠠ᠂ ᠯᠠᠴᠠ ᠶ᠋ᠢᠨ ᠬᠡᠯᠲᠡᠷᠬᠡᠢ᠂ ᠬᠠᠮᠢᠭ᠎ᠠ ᠠ᠋ᠴᠠ ᠲᠡᠭᠦᠭᠰᠡᠨ ᠢ᠋ ᠪᠤᠤ ᠮᠡᠳᠡ ᠳᠠᠪᠤᠤ ᠶ᠋ᠢᠨ ᠥᠭᠡᠳᠡᠰᠦ ᠨᠦ᠍ᠭᠦᠳ᠂ ᠪᠡᠬᠡᠨ ᠳ᠋ᠦ᠍ ᠵᠢᠭᠤᠷᠠᠯᠳᠤᠨ ᠬᠠᠲᠠᠭᠰᠠᠨ᠂ ᠠᠭᠤᠰᠬᠢᠨ ᠤ᠋ ᠰᠦᠷᠢᠶ᠎ᠡ ᠪᠡᠷ ᠬᠠᠲᠠᠩᠭᠢᠷ ᠪᠣᠯᠤᠭᠰᠠᠨ ᠬᠥᠮᠦᠨ ᠰᠢᠭ ᠬᠣᠶᠠᠷ ᠥᠲᠥᠨ ᠦᠵᠦᠭ᠂ ᠮᠣᠰᠺᠸᠠ ᠶ᠋ᠢ ᠹᠷᠠᠨᠼᠢᠴᠤᠳ ᠤ᠋ᠨ ᠳᠣᠪᠲᠣᠯᠬᠤ ᠠ᠋ᠴᠠ ᠡᠮᠦᠨ᠎ᠡ ᠡᠵᠡᠨ ᠬᠥᠮᠦᠨ ᠬᠡᠷᠡᠭᠯᠡᠵᠦ ᠪᠠᠢᠭᠰᠠᠨ ᠪᠣᠯᠪᠠ ᠤᠤ ᠭᠡᠮᠡᠷ ᠰᠢᠪ ᠰᠢᠷ᠎ᠠ ᠪᠣᠯᠴᠢᠬᠠᠭᠰᠠᠨ ᠰᠢᠭᠢᠴᠢᠯᠡᠭᠦᠷ ᠵᠡᠷᠭᠡ ᠬᠡᠷᠡᠭ ᠲᠡᠢ ᠬᠡᠷᠡᠭ ᠦᠭᠡᠢ ᠣᠯᠠᠨ ᠶᠠᠭᠤᠮ᠎ᠠ ᠬᠥᠭᠯᠡᠷᠡᠭᠰᠡᠨ ᠪᠠᠢᠯ᠎ᠠ᠃
    ᠬᠠᠨᠠᠨ ᠳᠡᠭᠡᠭᠦᠷ ᠡᠮᠬᠢ ᠦᠭᠡᠢ ᠰᠢᠬᠠᠴᠠᠯᠳᠤᠭᠤᠯᠤᠨ ᠡᠯᠭᠦᠭᠰᠡᠨ ᠵᠢᠷᠤᠭ ᠤ᠋ᠳ ᠪᠠᠢᠪᠠ᠂ ᠮᠣᠷᠢᠳ ᠢ᠋ᠶ᠋ᠠᠨ ᠤᠰᠤᠨ ᠳ᠋ᠤ᠌ ᠵᠢᠪᠦᠭᠦᠯᠦᠨ ᠬᠠᠰᠬᠢᠷᠤᠯᠳᠤᠨ ᠶᠠᠪᠤᠭᠰᠠᠨ᠂ ᠲᠣᠮᠣ ᠪᠥᠮᠪᠥᠷ ᠦ᠋ᠳ ᠪᠠᠷᠢᠭᠰᠠᠨ᠂ ᠭᠤᠷᠪᠠᠯᠵᠢᠨ ᠮᠠᠯᠠᠭᠠᠢ ᠲᠠᠢ ᠴᠡᠷᠢᠭ ᠦ᠋ᠳ ᠲᠡᠢ ᠶᠠᠮᠠᠷ ᠨᠢᠭᠡᠨ ᠪᠠᠢᠯᠳᠤᠭᠠᠨ ᠢ᠋ ᠬᠠᠷᠠᠭᠤᠯᠤᠭᠰᠠᠨ ᠬᠠᠭᠤᠴᠢᠷᠠᠵᠤ ᠰᠢᠷᠠᠯᠠᠭᠰᠠᠨ ᠰᠡᠢᠯᠦᠮᠡᠯ ᠬᠡᠪ ᠦ᠋ᠨ ᠤᠷᠲᠤ ᠵᠢᠷᠤᠭ ᠢ᠋ ᠬᠦᠷᠡᠯ ᠪᠣᠳᠣᠭ ᠢ᠋ᠶ᠋ᠠᠷ ᠭᠦᠪᠡᠭᠡᠯᠡᠨ ᠳᠥᠷᠪᠡᠨ ᠪᠤᠯᠤᠩ ᠳ᠋ᠤᠨᠢ ᠤᠭᠠᠯᠵᠠ ᠭᠠᠷᠭᠠᠭᠰᠠᠨ᠂ ᠰᠢᠯ ᠦᠭᠡᠢ ᠤᠯᠠᠭᠠᠨ ᠽᠠᠨᠳᠠᠨ ᠮᠣᠳᠣᠨ ᠵᠢᠶᠠᠵᠠᠨ ᠳ᠋ᠤ᠌ ᠰᠠᠭᠤᠯᠭᠠᠭᠰᠠᠨ ᠬᠠᠷᠠᠭᠳᠠᠨ᠎ᠠ᠃ ᠴᠡᠴᠡᠭ ᠵᠢᠮᠢᠰ᠂ ᠵᠦᠰᠦᠮᠡᠯ ᠲᠠᠷᠪᠤᠰ᠂ ᠵᠡᠷᠯᠢᠭ ᠭᠠᠬᠠᠢ ᠶ᠋ᠢᠨ ᠲᠣᠯᠣᠭᠠᠢ᠂ ᠳᠣᠷᠣᠭᠰᠢ ᠬᠠᠷᠠᠭᠤᠯᠵᠤ ᠡᠯᠭᠦᠭᠰᠡᠨ ᠨᠤᠭᠤᠰᠤ ᠵᠡᠷᠭᠡ ᠶ᠋ᠢ ᠵᠢᠷᠤᠭᠰᠠᠨ ᠲᠣᠰᠣᠨ ᠪᠣᠳᠣᠭ ᠤ᠋ᠨ ᠲᠣᠮᠣ ᠬᠠᠷ᠎ᠠ ᠵᠢᠷᠤᠭ ᠪᠠᠢᠯᠳᠤᠭᠠᠨ ᠤ᠋ ᠵᠢᠷᠤᠭ ᠤ᠋ᠨ ᠳᠡᠷᠭᠡᠳᠡ ᠪᠠᠷᠤᠭ ᠬᠠᠭᠠᠰ ᠬᠠᠨ᠎ᠠ ᠡᠵᠡᠯᠡᠵᠡᠢ᠃ ᠶᠣᠷᠣᠭ ᠢ᠋ᠶ᠋ᠠᠷ ᠣᠷᠢᠶᠠᠭᠰᠠᠨ᠂ ᠲᠣᠭᠣᠰᠣᠨ ᠳ᠋ᠤ᠌ ᠳᠠᠷᠤᠭᠳᠠᠵᠤ ᠬᠦᠷᠢ ᠶ᠋ᠢᠨ ᠡᠭᠦᠷ ᠦ᠋ᠨ ᠥᠩᠭᠡᠲᠡᠢ ᠪᠣᠯᠤᠭᠰᠠᠨ ᠯᠠ ᠶ᠋ᠢᠨ ᠲᠠᠯᠪᠢᠭᠤᠷ ᠶᠠᠭ ᠲᠠᠭᠠᠵᠠ ᠶ᠋ᠢᠨ ᠳᠤᠮᠳᠠ ᠠ᠋ᠴᠠ ᠡᠯᠭᠦᠭᠡᠲᠡᠢ ᠪᠠᠢᠯ᠎ᠠ᠂ ᠰᠢᠷᠡᠭᠡᠨ ᠳᠡᠭᠡᠷ᠎ᠡ ᠪᠠᠢᠬᠤ ᠡᠷᠬᠡ ᠦᠭᠡᠢ ᠡᠯᠳᠡᠪ ᠮᠤᠤᠰᠠᠢᠨ ᠶᠠᠭᠤᠮ᠎ᠠ ᠥᠷᠥᠭᠡᠨ ᠦ᠌ ᠨᠢᠭᠡ ᠪᠤᠯᠤᠩ ᠳ᠋ᠤ᠌ ᠣᠪᠣᠭᠠᠯᠠᠭᠠᠰᠤᠲᠠᠢ ᠬᠠᠷᠠᠭᠳᠠᠨ᠎ᠠ᠃ ᠲᠡᠳᠡᠭᠡᠷ ᠦ᠋ᠨ ᠶᠠᠭᠤ ᠪᠣᠯᠬᠤ ᠶ᠋ᠢ ᠲᠠᠨᠢᠬᠤᠶ᠎ᠠ ᠪᠡᠷᠬᠡ ᠠᠵᠢ᠂ ᠤᠴᠢᠷ ᠨᠢ ᠡᠨᠡ ᠪᠦᠬᠦᠨ ᠳᠡᠭᠡᠷ᠎ᠡ ᠤᠴᠢᠷ ᠦᠭᠡᠢ ᠵᠤᠵᠠᠭᠠᠨ ᠲᠣᠭᠣᠰᠣ ᠲᠣᠷᠲᠣᠭ ᠰᠠᠭᠤᠵᠤ᠂ ᠭᠠᠷ ᠬᠦᠷᠪᠡᠯ ᠳᠣᠣᠷᠠᠬᠠᠨ ᠢ᠋ᠶ᠋ᠠᠨ ᠶᠠᠭ ᠲᠠᠪᠤᠨ ᠬᠤᠷᠤᠭᠤ ᠲᠠᠢ ᠬᠠᠷ᠎ᠠ ᠪᠡᠭᠡᠯᠡᠢ ᠰᠢᠭ ᠪᠣᠯᠬᠤ ᠪᠠᠢᠯ᠎ᠠ᠃ ᠡᠨᠡ ᠣᠪᠣᠭᠠᠯᠠᠭᠠᠲᠠᠢ ᠬᠣᠭ ᠳᠣᠲᠣᠷ᠎ᠠ ᠠ᠋ᠴᠠ ᠮᠣᠳᠣᠨ ᠬᠦᠷᠵᠡ ᠶ᠋ᠢᠨ ᠬᠤᠭᠤᠷᠬᠠᠢ᠂ ᠬᠠᠭᠤᠴᠢᠨ ᠰᠠᠪᠢᠬᠢᠨ ᠭᠤᠲᠤᠯ ᠤ᠋ᠨ ᠥᠰᠥᠭᠡᠢ ᠯᠡ ᠲᠣᠳᠣ ᠬᠠᠷᠠᠭᠳᠠᠨ᠎ᠠ᠃ ᠰᠢᠷᠡᠭᠡᠨ ᠳᠡᠭᠡᠷ᠎ᠡ ᠬᠡᠪᠲᠡᠵᠦ ᠪᠠᠢᠭ᠎ᠠ ᠤᠨᠲᠠᠬᠤ ᠳ᠋ᠤ᠌ ᠡᠮᠦᠰᠳᠡᠭ ᠬᠠᠭᠤᠴᠢᠨ ᠮᠠᠯᠠᠭᠠᠢ ᠡᠨᠳᠡ ᠬᠥᠮᠦᠨ ᠠᠮᠢᠲᠠᠨ ᠪᠠᠢᠭ᠎ᠠ ᠶ᠋ᠢᠨ ᠲᠡᠮᠳᠡᠭ ᠪᠣᠯᠵᠤ ᠪᠠᠢᠭᠰᠠᠨ ᠦᠭᠡᠢ ᠪᠣᠯ ᠡᠨᠡ ᠥᠷᠥᠭᠡ ᠶ᠋ᠢ ᠬᠥᠮᠦᠨ ᠰᠠᠭᠤᠳᠠᠭ ᠭᠠᠵᠠᠷ ᠭᠡᠵᠦ ᠶᠠᠭᠠᠬᠢᠭᠰᠠᠨ ᠴᠤ᠌ ᠪᠣᠳᠣᠮᠠᠷ ᠦᠭᠡᠢ ᠪᠠᠢᠪᠠ᠃
    ᠴᠢᠴᠢᠺᠦᠧ ᠡᠨᠳᠡᠬᠢ ᠶᠠᠭᠤᠮ᠎ᠠ ᠶ᠋ᠢ ᠭᠠᠢᠬᠠᠨ ᠬᠠᠷᠠᠵᠤ ᠠᠵᠢᠭᠯᠠᠨ ᠰᠠᠭᠤᠲᠠᠯ᠎ᠠ ᠬᠠᠵᠠᠭᠤ ᠲᠠᠯ᠎ᠠ ᠶ᠋ᠢᠨ ᠬᠠᠭᠠᠯᠭ᠎ᠠ ᠣᠩᠭᠣᠢᠵᠤ᠂ ᠲᠦᠷᠦᠭᠦᠬᠡᠨ ᠬᠠᠰᠢᠶᠠᠨ ᠳᠣᠲᠣᠷ᠎ᠠ ᠲᠠᠭᠠᠷᠠᠯᠳᠤᠭᠰᠠᠨ ᠨᠢᠷᠪᠠ ᠡᠮᠡᠭᠲᠡᠢ ᠣᠷᠣᠵᠤ ᠢᠷᠡᠯ᠎ᠡ᠃ ᠴᠢᠴᠢᠺᠦᠧ ᠡᠨᠡ ᠬᠥᠮᠦᠨ ᠢ᠋ ᠬᠠᠷᠠᠬᠤ ᠲᠠᠢ ᠪᠠᠨ ᠵᠡᠷᠭᠡ᠂ ᠦᠭᠡᠢ ᠡᠨᠡ ᠴᠢᠨᠢ ᠡᠮᠡᠭᠲᠡᠢ ᠪᠢᠰᠢ ᠡᠷᠡᠭᠲᠡᠢ ᠨᠢᠷᠪᠠ ᠪᠠᠢᠬᠤ ᠰᠢᠪ᠃ ᠡᠨᠡ ᠨᠢᠷᠪᠠ ᠡᠮᠡᠭᠲᠡᠢ ᠬᠥᠮᠦᠨ ᠪᠠᠢᠭᠰᠠᠨ ᠪᠣᠯ ᠶᠠᠳᠠᠬᠤ ᠳ᠋ᠠᠭᠠᠨ ᠬᠤᠰᠤᠬᠤ ᠰᠠᠬᠠᠯ ᠦᠭᠡᠢ ᠪᠠᠢᠬᠤ ᠶᠣᠰᠣᠲᠠᠢ᠃ ᠭᠡᠲᠡᠯ᠎ᠡ ᠡᠨᠡ ᠴᠢᠨᠢ ᠰᠠᠬᠠᠯ ᠢ᠋ᠶ᠋ᠠᠨ ᠬᠤᠰᠤᠳᠠᠭ ᠶᠤᠮ ᠰᠢᠭ᠋ ᠪᠠᠢᠨ᠎ᠠ᠃ ᠬᠠᠷᠢᠨ ᠲᠡᠭᠡᠬᠦ ᠳ᠋ᠡᠭᠡᠨ ᠶᠡᠬᠡ ᠯᠡ ᠤᠳᠠᠵᠤ ᠬᠤᠰᠤᠳᠠᠭ ᠨᠢ ᠢᠯᠡ ᠪᠠᠢᠨ᠎ᠠ᠃ ᠶᠠᠭᠠᠬᠢᠭᠠᠳ ᠪᠣᠢ ᠭᠡᠪᠡᠯ ᠬᠠᠴᠠᠷ ᠤ᠋ᠨ ᠳᠣᠣᠷᠠᠲᠤ ᠬᠡᠰᠡᠭ ᠨᠢ ᠵᠦᠴᠢᠶᠡᠨ ᠳ᠋ᠦ᠍ ᠡᠯᠭᠦᠭᠡᠰᠦᠲᠡᠢ ᠪᠠᠢᠳᠠᠭ ᠮᠣᠷᠢᠨ ᠤ᠋ ᠲᠡᠮᠦᠷ ᠱᠤᠸᠠᠵᠠ ᠰᠢᠭ᠋ ᠠᠷᠵᠠᠢᠴᠢᠬᠠᠭᠰᠠᠨ ᠪᠠᠢᠨ᠎ᠠ ᠭᠡᠵᠦ ᠴᠢᠴᠢᠺᠦᠧ ᠪᠣᠳᠣᠭᠠᠳ ᠭᠠᠢᠬᠠᠭᠰᠠᠨ ᠤ᠋ ᠲᠡᠮᠳᠡᠭ ᠴᠢᠷᠠᠢ ᠳ᠋ᠤᠨᠢ ᠢᠯᠡᠷᠡᠨ᠂ ᠲᠡᠷᠡ ᠬᠥᠮᠦᠨ ᠢ᠋ ᠶᠠᠭᠤ ᠭᠡᠵᠦ ᠬᠡᠯᠡᠳᠡᠭ ᠪᠣᠯ ᠭᠡᠵᠦ ᠬᠦᠯᠢᠶᠡᠵᠦ ᠪᠠᠢᠯ᠎ᠠ᠃ ᠲᠡᠷᠡ ᠬᠥᠮᠦᠨ ᠪᠠᠰᠠ ᠴᠢᠴᠢᠺᠦᠧ ᠶ᠋ᠢᠨ ᠶᠠᠭᠤ ᠬᠡᠯᠡᠬᠦ ᠶ᠋ᠢ ᠬᠦᠯᠢᠶᠡᠵᠦ ᠪᠠᠢᠪᠠ᠃ ᠴᠢᠴᠢᠺᠦᠧ ᠡᠢᠮᠦ ᠬᠠᠴᠢᠨ ᠬᠥᠮᠦᠨ ᠢ᠋ ᠭᠠᠢᠬᠠᠨ ᠰᠠᠭᠤᠭᠰᠠᠨ ᠢ᠋ᠶ᠋ᠠᠨ ᠵᠣᠷᠢᠭᠯᠠᠵᠤ:
《ᠲᠠᠨᠠᠢ ᠨᠣᠶᠠᠨᠲᠠᠨ ᠶᠠᠭᠠᠬᠢᠭᠰᠠᠨ ᠪᠣᠢ? ᠥᠷᠥᠭᠡᠨ ᠳ᠋ᠡᠭᠡᠨ ᠪᠣᠢ ᠤᠤ?》 ᠭᠡᠵᠦ ᠠᠰᠠᠭᠤᠯ᠎ᠠ᠃
《ᠡᠵᠡᠨ ᠡᠨᠳᠡ ᠪᠣᠢ!》 ᠭᠡᠵᠦ ᠡᠷᠡᠭᠲᠡᠢ ᠨᠢᠷᠪᠠ ᠬᠠᠷᠢᠭᠤᠯᠪᠠ᠃
《ᠬᠠᠮᠢᠭ᠎ᠠ ᠪᠠᠢᠨ᠎ᠠ?》 ᠭᠡᠵᠦ ᠴᠢᠴᠢᠺᠦᠧ ᠠᠰᠠᠭᠤᠬᠤ ᠳ᠋ᠤ᠌:
《ᠡᠷᠬᠢᠮ ᠮᠢᠨᠢ᠂ ᠲᠠ ᠰᠣᠬᠣᠷ ᠶᠤᠮ ᠤᠤ ᠳᠠ ? ᠡᠵᠡᠨ ᠬᠥᠮᠦᠨ ᠪᠢ ᠪᠠᠢᠨ᠎ᠠ》 ᠭᠡᠵᠦ ᠡᠷᠡᠭᠲᠡᠢ ᠨᠢᠷᠪᠠ ᠬᠠᠷᠢᠭᠤᠯᠪᠠ᠃
    ᠮᠠᠨᠠᠢ ᠵᠣᠬᠢᠶᠠᠯ ᠤ᠋ᠨ ᠪᠠᠭᠠᠲᠤᠷ ᠡᠨᠡ ᠦᠭᠡ ᠶ᠋ᠢ ᠰᠣᠨᠣᠰᠬᠤ ᠲᠠᠢ ᠪᠠᠨ ᠵᠡᠷᠭᠡ ᠡᠷᠬᠡ ᠦᠭᠡᠢ ᠭᠡᠳᠡᠷᠭᠦ ᠤᠬᠤᠷᠢᠵᠤ᠂ ᠲᠡᠷᠡ ᠬᠥᠮᠦᠨ ᠢ᠋ ᠰᠠᠢᠲᠤᠷ ᠰᠢᠷᠲᠡᠨ ᠬᠠᠷᠠᠯ᠎ᠠ᠃ ᠴᠢᠴᠢᠺᠦᠧ ᠶᠠᠩᠵᠤ ᠪᠦᠷᠢ ᠶ᠋ᠢᠨ ᠬᠥᠮᠦᠨ ᠢ᠋ ᠦᠵᠡᠵᠦ ᠬᠠᠷᠠᠵᠤ ᠶᠠᠪᠤᠭᠰᠠᠨ ᠢ᠋ᠶ᠋ᠠᠷ ᠪᠠᠷᠠᠬᠤ ᠦᠭᠡᠢ᠂ ᠤᠩᠰᠢᠭᠴᠢᠳ ᠲᠠ ᠪᠢᠳᠡᠨ ᠦ᠌ ᠶᠡᠷᠦ ᠦᠵᠡᠭᠡᠳᠦᠢ ᠡᠯᠳᠡᠪ ᠬᠥᠮᠦᠨ ᠢ᠋ ᠦᠵᠡᠵᠦ ᠬᠠᠷᠠᠵᠤ ᠶᠠᠪᠤᠭᠰᠠᠨ ᠪᠣᠯᠪᠠᠴᠤ ᠡᠨᠡ ᠮᠡᠲᠦ ᠬᠥᠮᠦᠨ ᠢ᠋ ᠶᠡᠷᠦ ᠬᠠᠷᠠᠭᠠᠳᠤᠢ ᠶᠤᠮ᠃ ᠡᠨᠡ ᠬᠥᠮᠦᠨ ᠦ᠌ ᠴᠢᠷᠠᠢ ᠨᠢ ᠶᠡᠷᠦ ᠶ᠋ᠢᠨ ᠲᠤᠷᠠᠩᠬᠠᠢ ᠡᠪᠦᠭᠡᠳ ᠦ᠋ᠨ ᠴᠢᠷᠠᠢ ᠠ᠋ᠴᠠ ᠢᠯᠭᠠᠭᠳᠠᠬᠤ ᠣᠨᠴᠠ ᠶ᠋ᠢᠨ ᠰᠢᠨᠵᠢ ᠲᠡᠮᠳᠡᠭ ᠦᠭᠡᠢ ᠪᠣᠯᠪᠠᠴᠤ ᠬᠡᠲᠦᠷᠬᠡᠢ ᠡᠮᠰᠡᠭᠡᠷ ᠦ᠋ᠨ ᠤᠯᠠᠮ ᠠ᠋ᠴᠠ ᠳᠤᠤᠭᠠᠷᠬᠤ ᠳ᠋ᠠᠭᠠᠨ ᠬᠥᠮᠦᠨ ᠥᠭᠡᠳᠡ ᠰᠢᠯᠦᠰᠦ ᠪᠡᠨ ᠥᠰᠥᠷᠬᠡᠬᠦ ᠦᠭᠡᠢ ᠭᠡᠵᠦ ᠠᠮᠠ ᠪᠠᠨ ᠦᠷᠭᠦᠯᠵᠢᠳᠡ ᠠᠯᠴᠢᠭᠤᠷ ᠢ᠋ᠶ᠋ᠠᠷ ᠲᠠᠭᠯᠠᠵᠤ ᠶᠠᠪᠤᠳᠠᠭ ᠠᠵᠢ᠃ ᠭᠦᠨ ᠨᠦᠬᠡᠨ ᠡᠴᠡ ᠨᠠᠷᠢᠬᠠᠨ ᠬᠣᠩᠰᠢᠶᠠᠷ ᠴᠤᠬᠤᠢᠯᠭᠠᠵᠤ᠂ ᠡᠨᠳᠡ ᠮᠤᠤᠷ᠂ ᠳᠦᠷᠰᠦᠭᠦᠢ ᠬᠡᠦᠬᠡᠳ ᠬᠣᠷᠭᠣᠳᠠᠭᠰᠠᠨ ᠪᠠᠢᠵᠤ ᠮᠠᠭᠠᠳ ᠭᠡᠵᠦ ᠪᠣᠯᠭᠣᠮᠵᠢᠯᠠᠨ᠂ ᠴᠢᠬᠢ ᠪᠡᠨ ᠰᠡᠷᠲᠡᠢᠯᠭᠡᠨ ᠰᠠᠬᠠᠯ ᠢ᠋ᠶ᠋ᠠᠨ ᠬᠥᠳᠡᠯᠭᠡᠨ᠂ ᠳᠠᠢᠰᠤᠨ ᠤ᠋ ᠦᠨᠦᠷ ᠠᠪᠬᠤ ᠶ᠋ᠢ ᠤᠷᠤᠯᠳᠤᠵᠤ ᠪᠠᠢᠭ᠎ᠠ ᠬᠤᠯᠤᠭᠠᠨ᠎ᠠ ᠶ᠋ᠢᠨ ᠨᠢᠳᠦ ᠰᠢᠭ ᠬᠠᠷᠠᠴᠠᠲᠠᠢ ᠵᠢᠭᠠᠯᠬᠠᠨ ᠬᠣᠶᠠᠷ ᠨᠢᠳᠦ ᠨᠢ ᠥᠳᠬᠡᠨ ᠬᠥᠮᠦᠰᠬᠡᠨ ᠳᠣᠲᠣᠷ᠎ᠠ ᠠ᠋ᠴᠠ ᠴᠣᠭᠲᠠᠢ ᠬᠡᠪ ᠢ᠋ᠶ᠋ᠡᠷ ᠢ᠋ᠶ᠋ᠡᠨ ᠬᠠᠷᠠᠭᠳᠠᠨ᠎ᠠ᠃ ᠲᠡᠭᠦᠨ ᠦ᠌ ᠬᠤᠪᠴᠠᠰᠤ ᠨᠢ ᠪᠦᠷ ᠴᠦ᠍ ᠰᠣᠨᠢᠨ ᠪᠠᠢᠯ᠎ᠠ᠃ ᠡᠩᠭᠡᠷ ᠵᠠᠭᠠᠮ᠎ᠠ᠂ ᠬᠣᠶᠠᠷ ᠬᠠᠨᠴᠤᠢ ᠨᠢ ᠭᠤᠲᠤᠯ ᠤ᠋ᠨ ᠵᠤᠵᠠᠭᠠᠨ ᠪᠤᠯᠢᠭᠠᠷᠢ ᠰᠢᠭ᠋ ᠪᠣᠯᠤᠨ ᠬᠠᠷᠠᠯᠠᠨ ᠭᠢᠯᠲᠠᠭᠠᠨᠠᠵᠤ᠂ ᠡᠨᠡ ᠳᠡᠪᠡᠯ ᠢ᠋ ᠶᠠᠮᠠᠷ ᠡᠳ᠋ ᠢ᠋ᠶ᠋ᠡᠷ ᠣᠶᠣᠭᠰᠠᠨ ᠢ᠋ ᠮᠡᠳᠡᠬᠦ ᠠᠷᠭ᠎ᠠ ᠦᠭᠡᠢ ᠪᠣᠯᠵᠠᠢ᠃ ᠠᠷᠤ ᠶ᠋ᠢᠨ ᠬᠣᠶᠠᠷ ᠬᠣᠷᠮᠣᠢ ᠶ᠋ᠢᠨ ᠣᠷᠣᠨ ᠳ᠋ᠤ᠌ ᠳᠥᠷᠪᠡᠨ ᠬᠣᠷᠮᠣᠢ ᠤᠨᠵᠢᠭᠢᠨᠠᠵᠤ ᠲᠡᠭᠦᠨ ᠡᠴᠡ ᠪᠥᠭᠡᠮ ᠬᠥᠪᠥᠩ ᠴᠤᠬᠤᠢᠨ᠎ᠠ᠃ ᠡᠨᠡ ᠬᠥᠮᠦᠨ ᠣᠢᠮᠣᠰᠤ ᠶᠤᠮ ᠤᠤ᠂ ᠶᠠᠮᠠᠷ ᠨᠢᠭᠡᠨ ᠶᠠᠭᠤᠮ᠎ᠠ ᠶ᠋ᠢᠨ ᠰᠣᠢᠯᠲᠠ ᠶᠤᠮ ᠤᠤ᠂ ᠡᠰᠡᠬᠦᠯ᠎ᠡ ᠪᠡᠯᠭᠡᠭᠦᠪᠴᠢ ᠶᠦᠮ ᠤᠤ ᠭᠡᠮᠡᠷ ᠶᠠᠭᠤᠮ᠎ᠠ ᠶ᠋ᠢ ᠬᠦᠵᠦᠭᠦᠨ ᠳ᠋ᠡᠭᠡᠨ ᠡᠯᠭᠦᠭᠰᠡᠨ ᠨᠢ ᠯᠠᠪ ᠯᠠ ᠪᠦᠴᠡ ᠵᠠᠩᠭᠢᠶ᠎ᠠ ᠪᠢᠰᠢ ᠪᠠᠢᠬᠤ᠃ ᠬᠡᠷᠪᠡ ᠴᠢᠴᠢᠺᠦᠧ ᠡᠢᠮᠦ ᠬᠣᠪᠴᠠᠰᠤᠲᠠᠢ ᠬᠥᠮᠦᠨ ᠢ᠋ ᠶᠠᠮᠠᠷ ᠨᠢᠭᠡᠨ ᠰᠦᠮ᠎ᠡ ᠶ᠋ᠢᠨ ᠬᠠᠭᠠᠯᠭᠠᠨ ᠳᠡᠭᠡᠷ᠎ᠡ ᠬᠠᠷᠠᠭᠰᠠᠨ ᠪᠣᠯ ᠲᠡᠭᠦᠨ ᠳ᠋ᠦ᠍ ᠯᠠᠪ ᠬᠣᠶᠠᠷ ᠺᠤᠫᠸᠢᠺᠠ ᠵᠣᠭᠣᠰ ᠥᠭᠭᠦ ᠶᠦᠮ᠃ ᠴᠢᠴᠢᠺᠦᠧ ᠶᠠᠳᠠᠭᠤ ᠬᠥᠮᠦᠨ ᠢ᠋ ᠬᠠᠷᠠᠬᠤ ᠳ᠋ᠠᠭᠠᠨ ᠬᠣᠶᠠᠷ ᠺᠤᠫᠸᠢᠺᠠ ᠥᠭᠭᠦᠯ ᠦᠭᠡᠢ ᠥᠩᠭᠡᠷᠡᠳᠡᠭ ᠦᠭᠡᠢ ᠰᠠᠢᠨ ᠰᠠᠨᠠᠭᠠᠲᠠᠢ ᠬᠥᠮᠦᠨ ᠪᠠᠢᠵᠠᠢ᠃ ᠭᠡᠲᠡᠯ᠎ᠡ ᠣᠳᠣ ᠤᠷᠲᠤ ᠨᠢ ᠭᠤᠢᠯᠢᠨᠴᠢᠨ ᠪᠢᠰᠢ᠂ ᠮᠢᠩᠭ᠎ᠠ ᠭᠠᠷᠤᠢ ᠠᠯᠪᠠᠲᠤ ᠶ᠋ᠢᠨ ᠰᠦᠨᠡᠰᠦ ᠶ᠋ᠢ ᠭᠠᠷ ᠲᠠᠭᠠᠨ ᠠᠳᠬᠤᠭᠰᠠᠨ ᠭᠠᠵᠠᠷ ᠤ᠋ᠨ ᠡᠵᠡᠨ ᠵᠣᠭᠰᠣᠵᠤ ᠪᠠᠢᠪᠠ᠃ ᠡᠨᠡ ᠠᠢᠯ ᠤ᠋ᠨ ᠬᠠᠳᠠᠭᠠᠯᠠᠭᠰᠠᠨ᠂ ᠴᠠᠢᠯᠭᠠᠭᠰᠠᠨ ᠴᠠᠢᠯᠭᠠᠭᠠᠳᠤᠢ ᠦᠷ᠎ᠡ ᠲᠠᠷᠢᠶ᠎ᠠ ᠰᠢᠭ᠋ ᠶᠡᠬᠡ ᠦᠷ᠎ᠡ ᠲᠠᠷᠢᠶ᠎ᠠ ᠬᠠᠳᠠᠭᠠᠯᠠᠵᠤ ᠪᠠᠢᠳᠠᠭ ᠪᠠᠶᠠᠨ ᠬᠥᠮᠦᠨ ᠡᠨᠡ ᠬᠠᠪᠢ ᠳ᠋ᠤ᠌ ᠪᠠᠢᠬᠤ ᠦᠭᠡᠢ ᠶᠦᠮ᠃ ᠡᠨᠡ ᠬᠥᠮᠦᠨ ᠦ᠌ ᠬᠣᠷᠢᠶᠠᠨ ᠳᠠᠷᠤᠵᠤ ᠪᠠᠢᠭ᠎ᠠ ᠲᠠᠢ ᠠᠳᠠᠯᠢ᠂ ᠶᠣᠷᠣᠭ᠂ ᠴᠡᠮᠪᠡ᠂ ᠡᠳ᠋ᠯᠡᠭᠰᠡᠨ ᠡᠳ᠋ᠯᠡᠭᠡᠳᠦᠢ ᠨᠡᠬᠡᠢ᠂ ᠪᠣᠷᠴᠠᠯᠠᠭᠰᠠᠨ ᠵᠢᠭᠠᠰᠤ᠂ ᠨᠣᠭᠣᠭ᠎ᠠ ᠵᠢᠮᠢᠰ ᠵᠡᠷᠭᠡ ᠶ᠋ᠢᠨ ᠢᠳᠡᠰᠢ ᠤᠤᠭᠤᠰᠢ ᠶ᠋ᠢᠨ ᠡᠯᠳᠡᠪ ᠶᠠᠭᠤᠮ᠎ᠠ ᠪᠠᠷ ᠳᠦᠭᠦᠷᠦᠭᠰᠡᠨ ᠰᠠᠩ ᠬᠥᠮᠥᠷᠭᠡ ᠲᠡᠢ ᠬᠥᠮᠦᠨ ᠪᠠᠢᠬᠤ ᠦᠭᠡᠢ᠃ ᠬᠡᠨ ᠬᠥᠮᠦᠨ ᠡᠨᠡ ᠠᠢᠯ ᠤ᠋ᠨ ᠶᠠᠩᠵᠤ ᠪᠦᠷᠢ ᠶ᠋ᠢᠨ ᠮᠣᠳᠣᠨ ᠮᠠᠲ᠋ᠧᠷᠢᠶᠠᠯ ᠪᠠ ᠬᠡᠷᠡᠭᠯᠡᠭᠡ ᠦᠭᠡᠢ ᠰᠠᠪᠠ ᠰᠠᠭᠠᠯᠢ ᠬᠣᠷᠢᠶᠠᠨ ᠣᠪᠣᠭᠠᠯᠠᠭᠰᠠᠨ ᠬᠠᠰᠢᠶ᠎ᠠ ᠤᠷᠤᠭᠤ ᠬᠠᠷᠠᠪᠠᠯ ᠬᠥᠩᠭᠡᠨ ᠬᠥᠯ ᠲᠡᠢ᠂ ᠬᠠᠳᠠᠮ ᠡᠬᠡ ᠡᠭᠡᠴᠢ ᠨᠠᠷ ᠡᠳᠦᠷ ᠪᠦᠷᠢ ᠲᠣᠭᠣᠭᠠᠴᠢ ᠨᠠᠷ ᠢ᠋ᠶ᠋ᠠᠨ ᠳᠠᠭᠠᠭᠤᠯᠵᠤ ᠣᠴᠢᠳᠠᠭ ᠮᠣᠰᠺᠸᠠ ᠶ᠋ᠢᠨ ᠨᠢᠭᠡ ᠮᠣᠳᠣᠨ ᠰᠠᠪᠠ ᠰᠠᠭᠠᠯᠢ ᠶ᠋ᠢᠨ ᠵᠠᠬ᠎ᠠ ᠳᠡᠯᠭᠡᠭᠦᠷ ᠲᠦ᠍ ᠢᠷᠡᠴᠢᠬᠡᠭᠰᠡᠨ ᠶᠦᠮ ᠤᠤ ᠭᠡᠵᠦ ᠰᠠᠨᠠᠭᠳᠠᠨ᠎ᠠ᠃ ᠡᠨᠳᠡ ᠬᠠᠷᠠᠭᠳᠠᠬᠤ ᠨᠢ ᠰᠡᠢᠯᠵᠦ᠂ ᠤᠬᠤᠵᠤ᠂ ᠵᠤᠷᠠᠵᠤ᠂ ᠬᠦᠷᠦᠵᠦ ᠬᠢᠭᠰᠡᠨ ᠮᠣᠳᠣᠨ ᠰᠠᠪᠠ ᠰᠠᠭᠠᠯᠢ ᠶᠤᠮ᠂ ᠡᠭᠦᠨ ᠦ᠌ ᠳᠣᠲᠣᠷ᠎ᠠ᠂ ᠪᠠᠷᠢᠭᠤᠯᠲᠠᠢ ᠪᠠᠷᠢᠭᠤᠯ ᠦᠭᠡᠢ ᠬᠠᠪᠴᠢᠭ᠂ ᠪᠣᠷᠲᠣᠭᠣ᠂ ᠴᠣᠷᠭᠣ ᠲᠠᠢ ᠴᠣᠷᠭᠣ ᠦᠭᠡᠢ ᠳᠡᠪᠦᠷ᠎ᠡ᠂ ᠤᠬᠢᠶᠠᠯᠭ᠎ᠠ ᠶ᠋ᠢᠨ ᠲᠦᠩᠫᠧᠩ᠂ ᠳᠣᠷᠣᠰᠤᠨ ᠰᠠᠭᠰᠤ᠂ ᠡᠬᠡᠨᠡᠷ ᠬᠡᠦᠬᠡᠨᠴᠦᠳ ᠶᠠᠭᠤᠮ᠎ᠠ ᠳᠡᠪᠲᠦᠭᠡᠳᠡᠭ ᠮᠣᠳᠣᠨ ᠰᠠᠪᠠ᠂ ᠨᠠᠷᠢᠬᠠᠨ ᠤᠯᠢᠶᠠᠰᠤ ᠪᠠᠷ ᠬᠦᠷᠦᠭᠰᠡᠨ ᠬᠠᠢᠷᠴᠠᠭ᠂ ᠦᠢᠰᠦ ᠪᠡᠷ ᠬᠦᠷᠦᠭᠰᠡᠨ ᠰᠠᠭᠰᠤ ᠵᠡᠷᠭᠡ ᠪᠠᠶᠠᠨ ᠶᠠᠳᠠᠭᠤ ᠣᠷᠣᠰ ᠬᠥᠮᠦᠰ ᠲᠦ᠍ ᠴᠢᠬᠤᠯᠠ ᠬᠡᠷᠡᠭᠴᠡᠭᠡᠲᠡᠢ ᠵᠦᠢᠯ ᠦ᠋ᠳ ᠪᠠᠢᠯ᠎ᠠ᠃ ᠡᠢᠮᠦ ᠲᠣᠭ᠎ᠠ ᠲᠣᠮᠰᠢ ᠦᠭᠡᠢ ᠡᠳ᠋ ᠬᠥᠷᠥᠩᠭᠡ ᠲᠡᠢ ᠫᠯᠶᠦ᠋ᠱᠺᠢᠨ ᠳ᠋ᠦ᠍ ᠳᠠᠬᠢᠭᠠᠳ ᠶᠠᠭᠤ ᠬᠡᠷᠡᠭ ᠲᠡᠢ ᠪᠣᠢ? ᠡᠳ᠋ᠯᠡᠩ ᠨᠢ ᠳᠠᠬᠢᠨ ᠨᠢᠭᠡ ᠨᠡᠮᠡᠭᠳᠡᠭᠰᠡᠨ ᠴᠦ᠍᠂ ᠬᠡᠳᠦᠨ ᠦᠶ᠎ᠡ ᠵᠠᠯᠭᠠᠮᠵᠢᠯᠠᠭᠰᠠᠨ ᠴᠤ᠌ ᠡᠳ᠋ ᠬᠡᠷᠡᠭᠯᠡᠯ ᠢ᠋ ᠵᠠᠷᠤᠵᠤ ᠪᠠᠷᠠᠬᠤ ᠦᠭᠡᠢ ᠪᠣᠯᠪᠠᠴᠤ᠂ ᠡᠨᠡ ᠪᠦᠬᠦ ᠬᠣᠭᠰᠢᠯ ᠬᠥᠷᠥᠩᠭᠡ ᠳ᠋ᠡᠭᠡᠨ ᠰᠡᠳᠬᠢᠯ ᠬᠠᠩᠬᠤ ᠦᠭᠡᠢ᠂ ᠡᠳᠦᠷ ᠪᠦᠷᠢ ᠬᠠᠷᠢᠶᠠᠲᠤ ᠲᠣᠰᠬᠣᠨ ᠢ᠋ᠶ᠋ᠠᠷ ᠢ᠋ᠶ᠋ᠠᠨ ᠬᠡᠰᠦᠵᠦ᠂ ᠭᠦᠦᠷ ᠮᠦᠦᠷ ᠵᠡᠷᠭᠡ ᠶ᠋ᠢᠨ ᠳᠣᠭᠤᠤᠷ ᠱᠠᠭᠠᠢᠵᠤ᠂ ᠬᠠᠭᠤᠴᠢᠨ ᠭᠤᠲᠤᠯ ᠤ᠋ᠨ ᠤᠯᠠ᠂ ᠳᠠᠪᠤᠤ ᠶ᠋ᠢᠨ ᠥᠭᠡᠳᠡᠰᠦ᠂ ᠬᠠᠳᠠᠭᠠᠰᠤ᠂ ᠸᠠᠭᠠᠷ ᠱᠠᠵᠠᠩ ᠤ᠋ᠨ ᠬᠠᠭᠠᠷᠬᠠᠢ ᠵᠡᠷᠭᠡ ᠶᠡᠷᠦ ᠨᠢ ᠳᠠᠭᠠᠷᠢᠯᠳᠤᠭᠰᠠᠨ ᠪᠦᠬᠦᠨ ᠢ᠋ ᠭᠡᠷ ᠲᠡᠭᠡᠨ ᠠᠪᠴᠢᠷᠠᠵᠤ᠂ ᠲᠦᠷᠦᠭᠦᠦ ᠴᠢᠴᠢᠺᠦᠧ ᠶ᠋ᠢᠨ ᠬᠠᠷᠠᠭᠰᠠᠨ ᠲᠠᠰᠤᠯᠭ᠎ᠠ ᠶ᠋ᠢᠨ ᠪᠤᠯᠤᠩ ᠳ᠋ᠤ᠌ ᠣᠪᠣᠭᠠᠯᠠᠳᠠᠭ ᠪᠠᠢᠯ᠎ᠠ᠃ ᠶᠠᠭᠤᠮ᠎ᠠ ᠡᠷᠢᠵᠦ ᠶᠠᠪᠤᠭ᠎ᠠ ᠫᠯᠶᠦ᠋ᠱᠺᠢᠨ ᠢ᠋ ᠲᠠᠷᠢᠶᠠᠴᠢᠳ ᠬᠠᠷᠠᠬᠤ ᠳ᠋ᠠᠭᠠᠨ 《ᠴᠡᠪᠡᠷᠯᠡᠭᠴᠢ ᠮᠠᠨᠢ ᠵᠡᠭᠡᠯᠢ ᠪᠡᠨ ᠱᠦᠭᠦᠷᠳᠡᠬᠦ ᠪᠡᠷ ᠭᠠᠷᠤᠯ᠎ᠠ》 ᠭᠡᠵᠦ ᠶᠠᠷᠢᠯᠴᠠᠨ᠎ᠠ᠃ ᠫᠯᠶᠦ᠋ᠱᠺᠢᠨ ᠦ᠌ ᠶᠠᠪᠤᠵᠤ ᠥᠩᠭᠡᠷᠡᠭᠰᠡᠨ ᠬᠣᠢᠨ᠎ᠠ ᠭᠤᠳᠤᠮᠵᠢᠨ ᠤ᠋ ᠬᠣᠭ ᠨᠣᠪᠰᠢ ᠶ᠋ᠢ ᠱᠦᠭᠦᠷᠳᠡᠬᠦ ᠶᠠᠪᠤᠳᠠᠯ ᠦᠨᠡᠨ ᠳ᠋ᠡᠭᠡᠨ ᠭᠠᠷᠳᠠᠭ ᠦᠭᠡᠢ ᠪᠠᠢᠪᠠ᠃ ᠠᠶᠠᠨ ᠵᠠᠮ ᠢ᠋ᠶ᠋ᠠᠷ ᠶᠠᠪᠤᠭ᠎ᠠ ᠴᠡᠷᠢᠭ ᠦ᠋ᠨ ᠳᠠᠷᠤᠭ᠎ᠠ ᠭᠤᠲᠤᠯ ᠤ᠋ᠨ ᠳᠠᠷᠤᠪᠴᠢ ᠪᠠᠨ ᠭᠡᠭᠡᠭᠰᠡᠨ ᠢ᠋ ᠮᠡᠳᠡᠬᠦ ᠲᠡᠢ ᠵᠡᠷᠭᠡ ᠯᠡ ᠲᠡᠷᠡ ᠨᠢ ᠥᠨᠥᠬᠢ ᠣᠪᠣᠭᠠᠯᠠᠭᠠᠲᠠᠢ ᠶᠠᠭᠤᠮᠠᠨ ᠳ᠋ᠤ᠌ ᠳᠣᠣᠷᠠᠬᠠᠨ ᠢ᠋ᠶ᠋ᠠᠨ ᠣᠷᠣᠳᠠᠭ ᠪᠠᠢᠯ᠎ᠠ᠃ ᠤᠰᠤᠨ ᠳ᠋ᠤ᠌ ᠶᠠᠪᠤᠭᠰᠠᠨ ᠡᠮᠡᠭᠲᠡᠢ᠂ ᠬᠤᠳᠳᠤᠭ ᠳᠡᠭᠡᠷ᠎ᠡ ᠰᠠᠭᠠᠲᠠᠵᠤ ᠥᠭᠡᠷ᠎ᠡ ᠶᠠᠭᠤᠮ᠎ᠠ ᠬᠠᠷᠠᠭᠠᠳ ᠲᠦᠷ ᠵᠠᠭᠤᠷ᠎ᠠ ᠰᠡᠳᠬᠢᠯ ᠠᠯᠭᠠᠰᠠᠪᠠᠯ᠂ ᠫᠯᠶᠦ᠋ᠱᠺᠢᠨ ᠲᠡᠷᠡ ᠡᠮᠡᠭᠲᠡᠢ ᠶ᠋ᠢᠨ ᠬᠤᠪᠢᠩ ᠢ᠋ ᠰᠡᠮᠬᠡᠨ ᠠᠪᠤᠭᠠᠳ ᠶᠠᠪᠤᠳᠠᠭ ᠪᠠᠢᠵᠠᠢ᠃ ᠬᠠᠷᠢᠨ ᠶᠠᠭᠤᠮ᠎ᠠ ᠪᠠᠨ ᠳᠣᠣᠷ᠎ᠠ ᠨᠢ ᠦᠭᠡᠢᠯᠡᠵᠦ᠂ ᠫᠯᠶᠦ᠋ᠱᠺᠢᠨ ᠦ᠌ ᠬᠤᠯᠠᠭᠠᠢᠯᠠᠭᠰᠠᠨ ᠢ᠋ ᠢᠯᠡᠴᠢᠯᠡᠪᠡᠯ ᠲᠡᠭᠦᠨ ᠢ᠋ ᠦᠭᠡ ᠳᠠᠭᠤ ᠦᠭᠡᠢ ᠪᠤᠴᠠᠭᠠᠵᠤ ᠥᠭᠳᠡᠭ ᠪᠣᠯᠪᠠᠴᠤ ᠬᠡᠷᠪᠡ ᠲᠡᠭᠦᠨ ᠢ᠋ᠶ᠋ᠡᠨ ᠥᠨᠥᠬᠢ ᠣᠪᠣᠭᠠᠯᠠᠭᠰᠠᠨ ᠬᠣᠭ ᠨᠣᠪᠰᠢ ᠳ᠋ᠠᠭᠠᠨ ᠠᠪᠠᠴᠢᠭᠠᠳ ᠬᠢᠴᠢᠬᠡᠭᠰᠡᠨ ᠪᠣᠯ᠂ ᠪᠢ ᠲᠡᠢᠮᠦ ᠭᠠᠵᠠᠷ ᠠ᠋ᠴᠠ ᠲᠡᠢᠮᠦ ᠨᠡᠷ᠎ᠡ ᠲᠡᠢ ᠬᠥᠮᠦᠨ ᠡᠴᠡ ᠬᠤᠳᠠᠯᠳᠤᠵᠤ ᠠᠪᠤᠭᠰᠠᠨ ᠶᠤᠮ᠂ ᠦᠭᠡᠢ ᠪᠣᠯ ᠡᠪᠦᠭᠡ ᠡᠴᠢᠭᠡ ᠶ᠋ᠢᠨ ᠮᠢᠨᠢ ᠥᠪ ᠬᠥᠷᠥᠩᠭᠡ ᠪᠣᠯᠭᠠᠵᠤ ᠨᠠᠳᠠ ᠦᠯᠡᠳᠡᠭᠡᠭᠰᠡᠨ ᠶᠠᠭᠤᠮ᠎ᠠ ᠭᠡᠵᠦ ᠠᠮᠠ ᠠᠯᠲᠠᠨ ᠲᠠᠩᠭᠠᠷᠢᠭᠯᠠᠵᠤ ᠡᠵᠡᠨ ᠳ᠋ᠦ᠍ᠨᠢ ᠶᠡᠷᠦ ᠪᠤᠴᠠᠭᠠᠵᠤ ᠥᠭᠳᠡᠭ ᠦᠭᠡᠢ ᠶᠦᠮ᠃ ᠫᠯᠶᠦ᠋ᠱᠺᠢᠨ ᠭᠡᠷ ᠲᠡᠭᠡᠨ ᠪᠠᠢᠬᠤ ᠳ᠋ᠠᠭᠠᠨ ᠯᠠᠴᠠ ᠶ᠋ᠢᠨ ᠬᠡᠯᠲᠡᠷᠬᠡᠢ᠂ ᠴᠠᠭᠠᠰᠤᠨ ᠤ᠋ ᠥᠭᠡᠳᠡᠰᠦ᠂ ᠥᠳᠥ ᠰᠣᠳᠣ᠂ ᠶᠡᠷᠦ ᠨᠢᠳᠦᠨ ᠳ᠋ᠦ᠍ᠨᠢ ᠦᠵᠡᠭᠳᠡᠭᠰᠡᠨ ᠶᠠᠭᠤᠮ᠎ᠠ ᠪᠦᠬᠦᠨ ᠢ᠋ ᠱᠠᠯᠠ ᠳᠡᠭᠡᠷ᠎ᠡ ᠡᠴᠡ ᠲᠡᠭᠦᠵᠦ ᠰᠢᠷᠡᠭᠡᠨ ᠳᠡᠭᠡᠷ᠎ᠡ᠂ ᠴᠣᠩᠬᠣᠨ ᠳᠡᠭᠡᠷ᠎ᠡ ᠲᠠᠯᠪᠢᠳᠠᠭ ᠪᠠᠢᠪᠠ᠃
ᠳᠡᠭᠡᠷ᠎ᠡ ᠦᠶ᠎ᠡ ᠳ᠋ᠦ᠍ ᠫᠯᠶᠦ᠋ᠱᠺᠢᠨ᠂ ᠡᠬᠡᠨᠡᠷ ᠬᠡᠦᠬᠡᠳ ᠲᠡᠢ᠂ ᠶᠠᠭᠤᠮᠠᠨ ᠳ᠋ᠠᠭᠠᠨ ᠭᠠᠮᠲᠠᠢ ᠬᠥᠮᠦᠨ ᠪᠠᠢᠭᠰᠠᠨ ᠶᠤᠮ᠃ ᠬᠥᠷᠰᠢ ᠬᠥᠮᠦᠰ ᠨᠢ ᠠᠢᠯᠴᠢᠯᠠᠨ ᠢᠷᠡᠵᠦ ᠬᠣᠭᠣᠯᠠ ᠢᠳᠡᠬᠦ ᠵᠠᠭᠤᠷ᠎ᠠ ᠪᠠᠨ ᠠᠵᠤ ᠠᠬᠤᠢ ᠪᠠᠨ ᠬᠡᠷᠬᠢᠨ ᠡᠵᠡᠩᠨᠡᠨ ᠬᠠᠮᠢᠶᠠᠷᠬᠤ ᠶ᠋ᠢᠨ ᠠᠷᠭ᠎ᠠ ᠤᠬᠠᠭᠠᠨ ᠪᠠ ᠨᠠᠷᠢᠯᠠᠨ ᠬᠠᠮᠠᠭᠠᠯᠠᠵᠤ ᠪᠠᠢᠬᠤ ᠶ᠋ᠢᠨ ᠰᠠᠨᠠᠭᠤᠯᠭ᠎ᠠ ᠰᠤᠷᠭᠠᠮᠵᠢ ᠶ᠋ᠢ ᠲᠡᠭᠦᠨ ᠢ᠋ᠶ᠋ᠡᠷ ᠵᠢᠭᠠᠯᠭᠠᠨ ᠠᠪᠳᠠᠭ ᠪᠠᠢᠵᠠᠢ᠃ ᠡᠨᠡ ᠠᠢᠯ ᠤ᠋ᠨ ᠪᠦᠬᠦ ᠠᠵᠤ ᠠᠬᠤᠢ ᠬᠡᠪ ᠦ᠋ᠨ ᠲᠦᠪᠰᠢᠨ ᠪᠠᠢᠳᠠᠯ ᠢ᠋ᠶ᠋ᠠᠷ ᠶᠠᠪᠤᠭᠳᠠᠨ ᠲᠡᠭᠡᠷᠮ᠎ᠡ᠂ ᠴᠡᠮᠪᠡ ᠶ᠋ᠢᠨ ᠦᠢᠯᠡᠳᠪᠦᠷᠢ᠂ ᠮᠣᠳᠣᠨ ᠤ᠋ ᠦᠢᠯᠡᠳᠬᠡᠯ᠂ ᠡᠭᠡᠷᠡᠬᠦ ᠰᠠᠤᠷᠢ ᠮᠠᠰᠢᠨ ᠨᠤᠭᠤᠳ ᠨᠢ ᠴᠥᠮ ᠢ᠋ᠶ᠋ᠡᠷ ᠢ᠋ᠶ᠋ᠡᠨ ᠡᠨᠳᠡᠭᠳᠡᠯ ᠦᠭᠡᠢ ᠠᠵᠢᠯᠯᠠᠵᠤ ᠪᠠᠢᠳᠠᠭ ᠪᠢᠯᠡ᠃ ᠡᠵᠡᠨ ᠬᠥᠮᠦᠨ᠂ ᠰᠢᠯᠦᠰᠦ ᠪᠡᠷ ᠢ᠋ᠶ᠋ᠡᠨ ᠲᠣᠣᠷ ᠲᠠᠲᠠᠳᠠᠭ ᠬᠥᠳᠡᠯᠮᠦᠷᠢ ᠳ᠋ᠦ᠍ ᠬᠢᠴᠢᠶᠡᠩᠭᠦᠢ ᠠᠭᠠᠯᠵᠢ ᠰᠢᠭ᠋᠂ ᠠᠵᠤ ᠠᠬᠤᠢ ᠶ᠋ᠢᠨ ᠥᠨᠴᠥᠭ ᠪᠤᠯᠤᠩ ᠤ᠋ᠨ ᠨᠢᠭᠡ ᠶ᠋ᠢ ᠴᠦ᠍ ᠣᠷᠬᠢᠭᠳᠠᠭᠤᠯᠤᠯ ᠥᠬᠡᠢ ᠪᠦᠭᠦᠳᠡ ᠶ᠋ᠢ ᠬᠡᠰᠦᠭᠦᠴᠢᠯᠡᠨ ᠡᠷᠭᠢᠵᠦ᠂ ᠡᠵᠡᠨ ᠬᠥᠮᠦᠨ ᠦ᠌ ᠬᠤᠷᠴᠠ ᠬᠠᠷᠠᠭ᠎ᠠ ᠶᠠᠭᠤᠮ᠎ᠠ ᠪᠦᠬᠦᠨ ᠳᠡᠭᠡᠷ᠎ᠡ ᠬᠦᠷᠦᠯᠴᠡᠳᠡᠭ ᠪᠠᠢᠯ᠎ᠠ᠃ ᠠᠢᠬᠤᠪᠲᠤᠷ ᠶᠡᠬᠡ ᠬᠠᠯᠠᠭᠤᠮᠰᠤᠭ ᠤ᠋ᠨ ᠲᠡᠮᠳᠡᠭ ᠫᠯᠶᠦ᠋ᠱᠺᠢᠨ ᠦ᠌ ᠴᠢᠷᠠᠢ ᠳ᠋ᠤ᠌ ᠶᠡᠷᠦ ᠦᠵᠡᠭᠳᠡᠭᠡᠳᠦᠢ ᠪᠣᠯᠪᠠᠴᠤ ᠤᠬᠠᠭᠠᠨ ᠲᠠᠢ ᠬᠥᠮᠦᠨ ᠭᠡᠳᠡᠭ ᠨᠢ ᠲᠡᠭᠦᠨ ᠦ᠌ ᠨᠢᠳᠦ ᠶ᠋ᠢ ᠬᠠᠷᠠᠬᠤ ᠳ᠋ᠤ᠌ ᠢᠯᠡᠬᠡᠨ ᠪᠠᠢᠳᠠᠭ ᠤ᠋ᠨ ᠳᠡᠭᠡᠷ᠎ᠡ ᠶᠠᠭᠤᠮ᠎ᠠ ᠶᠠᠷᠢᠬᠤ ᠳ᠋ᠠᠭᠠᠨ ᠨᠡᠯᠢᠶᠡᠳ ᠬᠠᠰᠢᠷ᠂ ᠤᠴᠢᠷ ᠢ᠋ ᠮᠡᠳᠡᠳᠡᠭ ᠪᠠᠢᠭᠰᠠᠨ ᠲᠤᠯᠠ ᠦᠭᠡ ᠶ᠋ᠢ ᠨᠢ ᠴᠢᠩᠨᠠᠵᠤ ᠰᠠᠭᠤᠬᠤ ᠳ᠋ᠤ᠌ ᠠᠶᠠᠲᠠᠢ ᠴᠤ᠌ ᠪᠠᠢᠳᠠᠭ ᠠᠵᠢ᠃ ᠡᠶᠡᠯᠳᠡᠭ ᠵᠥᠭᠡᠯᠡᠨ ᠵᠠᠩ ᠲᠠᠢ᠂ ᠶᠠᠷᠢᠶ᠎ᠠ ᠬᠥᠭᠡᠷᠦᠭᠡ ᠲᠡᠢ ᠭᠡᠷ ᠦ᠋ᠨ ᠡᠵᠡᠭᠲᠡᠢ ᠠᠢᠯ ᠠᠢᠮᠠᠭ ᠤ᠋ᠨ ᠳᠤᠮᠳᠠ ᠪᠠᠨ ᠣᠪᠣᠭ᠎ᠠ ᠨᠡᠷ᠎ᠡ ᠲᠥᠷᠥ ᠲᠡᠢ ᠪᠠᠢᠭᠰᠠᠨ ᠪᠢᠯᠡ᠃ ᠵᠣᠴᠢᠳ ᠲᠤ᠌ ᠤᠷᠢᠶᠠᠯᠢᠭ ᠵᠠᠩ ᠲᠠᠢ᠂ ᠰᠢᠷᠭᠠᠯ ᠴᠠᠭᠠᠨ ᠦᠰᠦᠲᠡᠢ᠂ ᠴᠠᠩᠬᠤᠢ ᠴᠡᠴᠡᠭ ᠰᠢᠭ᠋ ᠰᠠᠢᠬᠠᠨ ᠴᠢᠷᠠᠢ ᠲᠠᠢ ᠬᠣᠶᠠᠷ ᠬᠡᠦᠬᠡᠨ ᠨᠢ ᠭᠡᠢᠴᠢᠳ ᠢ᠋ ᠤᠭᠲᠤᠵᠤ ᠭᠠᠷᠳᠠᠭ᠃ ᠭᠠᠪᠰᠢᠭᠠᠢ ᠰᠡᠷᠭᠦᠯᠡᠩ ᠵᠢᠭᠠᠯ ᠬᠦᠦ ᠨᠢ ᠢᠷᠡᠭᠰᠡᠨ ᠭᠡᠢᠴᠢᠳ ᠢ᠋ ᠡᠶᠡᠭᠦᠢᠷᠭᠡᠵᠦ ᠪᠠᠢᠭ᠎ᠠ ᠡᠰᠡᠬᠦ ᠶ᠋ᠢ ᠠᠩᠬᠠᠷᠤᠯ ᠦᠭᠡᠢ ᠦᠨᠦᠰᠳᠡᠭ᠃ ᠡᠨᠡ ᠠᠢᠯ ᠤ᠋ᠨ ᠴᠣᠩᠬᠣ ᠨᠤᠭᠤᠳ ᠴᠥᠮ ᠢ᠋ᠶ᠋ᠡᠷ ᠨᠡᠭᠡᠭᠡᠯᠲᠡᠲᠡᠢ ᠪᠠᠢᠳᠠᠭ ᠪᠠ ᠪᠠᠢᠰᠢᠩ ᠤ᠋ᠨ ᠳᠡᠭᠡᠳᠦ ᠳᠠᠪᠬᠤᠷ ᠲᠤ᠌ ᠹᠷᠠᠨᠼᠢ ᠪᠠᠭᠰᠢ ᠰᠠᠭᠤᠳᠠᠭ ᠪᠠᠢᠵᠠᠢ᠂ ᠡᠨᠡ ᠪᠠᠭᠰᠢ ᠰᠠᠬᠠᠯ ᠢ᠋ᠶ᠋ᠠᠨ ᠴᠡᠪᠡᠷ ᠰᠠᠢᠬᠠᠨ ᠬᠤᠰᠤᠳᠠᠭ᠃ ᠡᠨᠡ ᠪᠠᠭᠰᠢ ᠠᠩ ᠠᠩᠨᠠᠬᠤ ᠳ᠋ᠠᠭᠠᠨ ᠮᠡᠷᠭᠡᠨ᠂ ᠬᠤᠷ ᠭᠤᠷᠭᠤᠤᠯ ᠪᠤᠶᠤ ᠨᠤᠭᠤᠰᠤ ᠶ᠋ᠢ ᠥᠪᠡᠷ ᠢ᠋ᠶ᠋ᠡᠨ ᠠᠯᠠᠵᠤ ᠠᠪᠴᠢᠷᠠᠳᠠᠭ᠂ ᠦᠭᠡᠢ ᠪᠣᠯ ᠪᠣᠷᠣ ᠰᠢᠪᠠᠭᠤᠨ ᠤ᠋ ᠥᠨᠳᠡᠭᠡ ᠲᠡᠭᠦᠵᠦ ᠠᠪᠴᠢᠷᠠᠳᠠᠭ᠃ ᠬᠠᠷᠢᠨ ᠥᠨᠳᠡᠭᠡ ᠶ᠋ᠢ ᠥᠪᠡᠷ ᠡᠴᠡ ᠨᠢ ᠥᠭᠡᠷ᠎ᠡ ᠬᠥᠮᠦᠨ ᠠᠮᠠᠨ ᠳ᠋ᠠᠭᠠᠨ ᠬᠦᠷᠭᠡᠳᠡᠭ ᠦᠭᠡᠢ ᠪᠠᠢᠭᠰᠠᠨ ᠤᠴᠢᠷ ᠲᠡᠭᠦᠨ ᠢ᠋ᠶ᠋ᠡᠨ ᠲᠣᠰᠣᠨ ᠳ᠋ᠤ᠌ ᠬᠠᠭᠠᠷᠢᠭᠤᠯᠵᠤ ᠭᠠᠭᠴᠠᠭᠠᠷ ᠢ᠋ᠶ᠋ᠠᠨ ᠢᠳᠡᠳᠡᠭ ᠪᠠᠢᠯ᠎ᠠ᠃ ᠬᠣᠶᠠᠷ ᠬᠡᠦᠬᠡᠨ ᠦ᠌ ᠬᠢᠨᠢ ᠪᠠᠭᠰᠢ᠂ ᠴᠢᠭᠢᠷᠠᠭ ᠪᠡᠶᠡᠲᠡᠢ ᠬᠥᠳᠡᠭᠡ ᠶ᠋ᠢᠨ ᠡᠮᠡᠭᠲᠡᠢ ᠮᠥᠨ ᠳᠡᠭᠡᠳᠦ ᠳᠠᠪᠬᠤᠷ ᠲᠤ᠌ ᠰᠠᠭᠤᠳᠠᠭ ᠪᠠᠢᠪᠠ᠃ ᠡᠵᠡᠨ ᠭᠤᠸᠠᠢ ᠥᠪᠡᠷ ᠢ᠋ᠶ᠋ᠡᠨ ᠪᠠᠬᠠᠨ ᠬᠠᠭᠤᠴᠢᠷᠠᠭᠰᠠᠨ ᠪᠣᠯᠪᠠᠴᠤ ᠡᠪᠲᠡᠢᠬᠡᠨ ᠲᠣᠨᠣᠭ ᠪᠦᠷᠢᠨ ᠲᠡᠢ᠂ ᠬᠠᠮᠢᠭ᠎ᠠ ᠪᠠᠨ ᠴᠤ᠌ ᠨᠥᠬᠥᠭᠡᠰᠦ ᠣᠷᠣᠭᠠᠳᠤᠢ ᠬᠤᠪᠴᠠᠰᠤ ᠡᠮᠦᠰᠴᠦ᠂ ᠬᠣᠭᠣᠯᠠᠨ ᠤ᠋ ᠪᠠᠨ ᠥᠷᠥᠭᠡᠨ ᠳ᠋ᠦ᠍ ᠣᠷᠣᠳᠠᠭ ᠪᠠᠢᠵᠠᠢ᠃ ᠭᠡᠲᠡᠯ᠎ᠡ ᠰᠠᠢᠬᠠᠨ ᠰᠡᠳᠬᠢᠯᠲᠦ ᠡᠨᠡ ᠡᠵᠡᠨ ᠬᠥᠮᠦᠨ ᠦ᠌ ᠠᠪᠠᠭᠠᠢ ᠨᠠᠰᠤ ᠪᠠᠷᠠᠵᠤ᠂ ᠵᠠᠷᠢᠮ ᠰᠠᠩ ᠬᠥᠮᠥᠷᠭᠡ ᠪᠣᠯᠤᠨ ᠠᠪᠳᠠᠷ᠎ᠠ ᠬᠣᠷᠭᠣ ᠶ᠋ᠢᠨ ᠲᠦᠯᠬᠢᠭᠦᠷ ᠵᠡᠷᠭᠡ ᠠᠷᠰᠠᠷ ᠵᠢᠵᠢᠭ ᠵᠦᠢᠯ ᠳᠡᠭᠡᠷ᠎ᠡ ᠬᠠᠯᠠᠮᠵᠢ ᠪᠠᠨ ᠲᠠᠯᠪᠢᠵᠤ ᠪᠠᠢᠬᠤ ᠡᠭᠦᠷᠭᠡ ᠫᠯᠶᠦ᠋ᠱᠺᠢᠨ ᠥᠪᠡᠷ ᠲᠦ᠋ᠨᠢ ᠨᠣᠭᠳᠠᠬᠤ ᠪᠣᠯᠵᠤ᠂ ᠪᠡᠯᠪᠡᠰᠦᠨ ᠬᠣᠴᠣᠷᠤᠭᠰᠠᠨ ᠬᠥᠮᠦᠨ ᠪᠦᠭᠦᠳᠡ ᠶ᠋ᠢᠨ ᠠᠳᠠᠯᠢ᠂ ᠶᠠᠭᠤᠮ᠎ᠠ ᠪᠣᠯᠭᠠᠨ ᠢ᠋ ᠢᠲᠡᠭᠡᠬᠦ ᠦᠭᠡᠢ ᠰᠠᠵᠢᠭᠴᠢ᠂ ᠤᠯᠠᠮ ᠬᠢᠨᠠᠭᠤᠷ ᠬᠠᠷᠠᠮᠴᠢ ᠪᠣᠯᠵᠠᠢ᠃ ᠡᠨᠡ ᠲᠠᠯ᠎ᠠ ᠪᠠᠷ ᠫᠯᠶᠦ᠋ᠱᠺᠢᠨ ᠶᠡᠬᠡ ᠥᠬᠢᠨ ᠠᠯᠧᠺᠰᠠᠨᠳᠧᠷᠠ ᠰᠲ᠋ᠧᠫᠠᠨᠤᠧᠨᠠ ᠳ᠋ᠠᠭᠠᠨ ᠨᠠᠢᠳᠠᠵᠤ ᠴᠢᠳᠠᠬᠤ ᠦᠭᠡᠢ ᠪᠠᠢᠭᠰᠠᠨ ᠠᠵᠢ᠃ ᠢᠩᠭᠢᠳᠡᠭ ᠦ᠋ᠨ ᠵᠥᠪ ᠨᠢ ᠬᠣᠵᠢᠮ ᠮᠡᠳᠡᠭᠳᠡᠭᠰᠡᠨ ᠶᠦᠮ᠃ ᠶᠡᠬᠡ ᠥᠬᠢᠨ ᠨᠢ ᠡᠬᠡ ᠶ᠋ᠢᠨ ᠢ᠋ᠶ᠋ᠡᠨ ᠨᠠᠰᠤ ᠪᠠᠷᠠᠭᠰᠠᠨ ᠬᠣᠢᠨ᠎ᠠ ᠤᠳᠠᠯ ᠦᠭᠡᠢ ᠮᠣᠷᠢᠲᠤ ᠴᠡᠷᠢᠭ ᠦ᠋ᠨ ᠬᠣᠷᠢᠶᠠᠨ ᠤ᠋ ᠠᠯᠪᠠ ᠬᠠᠭᠠᠵᠤ ᠪᠠᠢᠭ᠎ᠠ ᠱᠲ᠋ᠠᠪ ᠤ᠋ᠨ ᠠᠬᠠᠮᠠᠳ ᠴᠣᠯᠠᠲᠠᠢ ᠴᠡᠷᠢᠭ ᠦ᠋ᠨ ᠳᠠᠷᠤᠭ᠎ᠠ ᠶ᠋ᠢ ᠳᠠᠭᠠᠵᠤ ᠠᠷᠢᠯᠤᠭᠰᠠᠨ ᠶᠤᠮ᠃ ᠡᠴᠢᠭᠡ ᠮᠢᠨᠢ ᠴᠡᠷᠢᠭ ᠦ᠋ᠨ ᠳᠠᠷᠤᠭ᠎ᠠ ᠪᠦᠭᠦᠳᠡ ᠶ᠋ᠢ ᠮᠥᠷᠥᠢ ᠲᠡᠢ ᠲᠣᠭᠯᠠᠵᠤ ᠪᠠᠢᠳᠠᠭ ᠢ᠋ᠶ᠋ᠠᠨ ᠠᠯᠳᠠᠵᠤ ᠶᠠᠪᠤᠳᠠᠭ ᠪᠦᠲᠦᠯ ᠦᠭᠡᠢ ᠬᠥᠮᠦᠰ ᠭᠡᠵᠦ ᠬᠢᠯᠢᠰᠳᠡᠭᠦᠯᠬᠦ ᠤᠴᠢᠷ ᠠ᠋ᠴᠠ ᠨᠠᠮᠠᠢ ᠡᠨᠡ ᠬᠥᠮᠦᠨ ᠲᠡᠢ ᠤᠷᠤᠭᠯᠠᠬᠤ ᠶ᠋ᠢ ᠶᠠᠭᠠᠬᠢᠭᠰᠠᠨ ᠴᠤ᠌ ᠵᠥᠪᠰᠢᠶᠡᠷᠡᠬᠦ ᠦᠭᠡᠢ ᠭᠡᠵᠦ ᠶᠡᠬᠡ ᠥᠬᠢᠨ ᠨᠢ ᠰᠠᠢᠨ ᠮᠡᠳᠡᠵᠦ ᠪᠠᠢᠭᠰᠠᠨ ᠲᠤᠯᠠ ᠶᠠᠳᠠᠭᠤᠬᠠᠨ ᠲᠣᠰᠬᠣᠨ ᠤ᠋ ᠨᠢᠭᠡᠨ ᠰᠦᠮ᠎ᠡ ᠳ᠋ᠦ᠍ ᠣᠴᠢᠵᠤ ᠬᠤᠷᠢᠮᠯᠠᠵᠠᠢ᠃ ᠡᠴᠢᠭᠡ ᠨᠢ ᠥᠬᠢᠨ ᠦ᠌ ᠪᠡᠨ ᠬᠣᠢᠨ᠎ᠠ ᠠ᠋ᠴᠠ ᠨᠡᠬᠡᠭᠦᠯᠴᠢᠨ ᠶᠠᠪᠤᠭᠤᠯᠤᠭᠰᠠᠨ ᠦᠭᠡᠢ ᠪᠣᠯᠪᠠᠴᠤ ᠲᠥᠷᠥᠭᠰᠡᠨ ᠥᠬᠢᠨ ᠢ᠋ᠶ᠋ᠡᠨ ᠨᠢᠳᠦᠨ ᠳ᠋ᠡᠭᠡᠨ ᠴᠦ᠍ ᠦᠵᠡᠬᠦ ᠦᠭᠡᠢ ᠭᠡᠵᠦ ᠲᠠᠩᠭᠠᠷᠢᠭᠯᠠᠭᠰᠠᠨ ᠶᠤᠮ᠃ ᠡᠨᠡ ᠠᠢᠯ ᠤ᠋ᠨ ᠬᠥᠮᠦᠨ ᠠᠮᠠ ᠶ᠋ᠢᠨ ᠴᠥᠭᠡᠷᠡᠬᠦ ᠳᠣᠳᠣᠮ᠂ ᠬᠠᠷᠠᠮᠴᠢ ᠰᠡᠳᠬᠢᠯ ᠦ᠋ᠨ ᠦᠨᠡᠨᠴᠢ ᠨᠥᠬᠥᠷ ᠪᠤᠭᠤᠷᠤᠯ ᠦᠰᠦ ᠣᠯᠠᠨ ᠪᠣᠯᠬᠤ ᠳᠣᠳᠣᠮ᠂ ᠡᠵᠡᠨ ᠥᠪᠡᠷ ᠢ᠋ᠶ᠋ᠡᠨ ᠴᠦ᠍ ᠤᠯᠠᠮ ᠬᠠᠷᠠᠮᠴᠢ ᠪᠣᠯᠵᠠᠢ᠃ ᠬᠦᠦ ᠨᠢ ᠠᠯᠪᠠ ᠬᠠᠭᠠᠬᠤ ᠴᠠᠭ ᠪᠣᠯᠬᠤ ᠳ᠋ᠤ᠌ ᠹᠷᠠᠨᠼᠢ ᠪᠠᠭᠰᠢ ᠬᠠᠯᠠᠭᠳᠠᠵᠤ ᠶᠠᠪᠤᠭᠰᠠᠨ ᠶᠤᠮ᠃ ᠥᠬᠢᠳ ᠦ᠋ᠨ ᠬᠢᠨᠢ ᠬᠥᠮᠦᠵᠢᠭᠦᠯᠦᠭᠴᠢ ᠪᠡᠷ ᠰᠠᠭᠤᠵᠤ ᠪᠠᠢᠭᠰᠠᠨ ᠡᠮᠡᠭᠲᠡᠢ᠂ ᠠᠯᠧᠺᠰᠠᠨᠳᠧᠷᠠ ᠰᠲ᠋ᠧᠫᠠᠨᠤᠧᠨᠠ ᠶ᠋ᠢ ᠬᠤᠯᠠᠭᠠᠢᠯᠠᠵᠤ ᠰᠡᠮᠬᠡᠨ ᠠᠪᠠᠴᠢᠭᠰᠠᠨ ᠬᠡᠷᠡᠭ ᠲᠦ᠍ ᠣᠷᠣᠯᠴᠠᠪᠠ ᠭᠡᠵᠦ ᠬᠥᠭᠡᠭᠡᠭᠳᠡᠨ ᠲᠣᠨᠢᠯᠤᠭᠰᠠᠨ ᠶᠤᠮ᠃ ᠡᠴᠢᠭᠡ ᠶ᠋ᠢᠨ ᠢ᠋ᠶ᠋ᠡᠨ ᠬᠡᠯᠡᠭᠰᠡᠨ ᠶᠣᠰᠣᠭᠠᠷ ᠣᠯᠢᠭᠲᠠᠢᠬᠠᠨ ᠠᠯᠪᠠᠨ ᠲᠤᠰᠢᠶᠠᠯ ᠡᠷᠢᠬᠦ ᠭᠡᠵᠦ ᠬᠦᠦ ᠨᠢ ᠮᠣᠵᠢ ᠶ᠋ᠢᠨ ᠲᠥᠪ ᠬᠣᠷᠢᠶᠠᠨ ᠳ᠋ᠤ᠌ ᠣᠴᠢᠭᠠᠳ᠂ ᠲᠠᠮᠠᠭ᠎ᠠ ᠲᠤᠰᠢᠶᠠᠯ ᠤ᠋ᠨ ᠭᠠᠵᠠᠷ ᠢ᠋ᠶ᠋ᠠᠷ ᠠᠯᠪᠠ ᠡᠷᠢᠵᠦ ᠣᠷᠣᠬᠤ ᠶ᠋ᠢᠨ ᠣᠷᠣᠨ ᠳ᠋ᠤ᠌ ᠴᠡᠷᠢᠭ ᠦ᠋ᠨ ᠬᠣᠷᠢᠶᠠᠨ ᠳ᠋ᠤ᠌ ᠠᠯᠪᠠ ᠬᠠᠭᠠᠬᠤ ᠪᠣᠯᠵᠤ᠂ ᠬᠤᠪᠴᠠᠰᠤᠨ ᠤ᠋ ᠮᠥᠩᠭᠥ ᠢᠷᠡᠭᠦᠯᠦᠨ᠎ᠡ ᠤᠤ ᠭᠡᠵᠦ ᠡᠴᠢᠭᠡ ᠳ᠋ᠡᠭᠡᠨ ᠵᠠᠬᠢᠳᠠᠯ ᠪᠢᠴᠢᠭᠰᠡᠨ ᠪᠣᠯᠪᠠᠴᠤ ᠠᠷᠠᠳ ᠤ᠋ᠨ ᠱᠣᠭ ᠦᠭᠡ ᠪᠡᠷ ᠬᠡᠯᠡᠪᠡᠯ ᠬᠠᠮᠠᠷ ᠲᠠᠮᠠᠬᠢ ᠲᠠᠲᠠᠵᠠᠢ᠃ ᠤᠳᠬᠤᠨ ᠥᠬᠢᠨ ᠨᠢ ᠡᠴᠢᠭᠡ ᠶ᠋ᠢᠨ ᠬᠠᠮᠲᠤ ᠭᠡᠷ ᠲᠡᠭᠡᠨ ᠰᠠᠭᠤᠵᠤ ᠪᠠᠢᠭᠠᠳ ᠨᠠᠰᠤ ᠪᠠᠷᠠᠵᠤ᠂ ᠫᠯᠶᠦ᠋ᠱᠺᠢᠨ ᠭᠠᠭᠴᠠᠭᠠᠷ ᠬᠣᠴᠣᠷᠴᠤ ᠡᠨᠡ ᠶᠡᠬᠡ ᠬᠥᠷᠥᠩᠭᠡ ᠶ᠋ᠢ ᠮᠡᠨᠡᠭᠴᠢ᠂ ᠬᠠᠳᠠᠭᠠᠯᠠᠭᠴᠢ᠂ ᠡᠵᠡᠨ ᠡᠨᠡ ᠭᠤᠷᠪᠠᠨ ᠡᠭᠦᠷᠭᠡ ᠶ᠋ᠢ ᠪᠡᠶᠡᠯᠡᠭᠦᠯᠬᠦ ᠪᠣᠯᠤᠭᠰᠠᠨ ᠶᠤᠮ᠃ ᠬᠠᠷᠠᠮᠴᠢ ᠰᠡᠳᠬᠢᠯ ᠭᠡᠳᠡᠭ ᠪᠣᠯ ᠴᠢᠨᠣ᠎ᠠ ᠰᠢᠭ᠋ ᠬᠣᠪᠳᠣᠭ ᠪᠠᠢᠳᠠᠭ᠃ ᠭᠠᠭᠴᠠ ᠪᠡᠶ᠎ᠡ ᠰᠠᠭᠤᠬᠤ ᠶᠠᠪᠤᠳᠠᠯ ᠬᠥᠮᠦᠨ ᠢ᠋ ᠤᠯᠠᠮ ᠬᠣᠪᠳᠣᠭ ᠪᠣᠯᠭᠠᠵᠤ ᠬᠠᠷᠠᠮᠴᠢ ᠰᠡᠳᠬᠢᠯ ᠢ᠋ ᠬᠥᠭᠵᠢᠭᠡᠬᠦ ᠰᠠᠢᠨ ᠨᠥᠬᠥᠴᠡᠯ ᠪᠣᠯᠵᠤ ᠪᠠᠢᠯ᠎ᠠ᠃ ᠫᠯᠶᠦ᠋ᠱᠺᠢᠨ ᠦ᠌ ᠤᠤᠯ ᠠ᠋ᠴᠠ ᠮᠥᠴᠢᠳᠬᠡᠨ ᠬᠥᠮᠦᠨ ᠦ᠌ ᠴᠢᠨᠠᠷ ᠨᠢ ᠴᠠᠭ ᠢᠮᠠᠭᠲᠠ ᠪᠠᠭᠠᠰᠴᠤ᠂ ᠡᠨᠡ ᠬᠦ ᠬᠥᠮᠦᠨ ᠦ᠌ ᠣᠷᠣᠨᠴᠣᠭ ᠠ᠋ᠴᠠ ᠡᠳᠦᠷ ᠢᠷᠡᠬᠦ ᠳᠣᠳᠣᠮ ᠨᠢᠭᠡ ᠬᠡᠰᠡᠭ ᠶᠠᠭᠤᠮ᠎ᠠ ᠬᠣᠯᠲᠣᠷᠠᠨ ᠤᠨᠠᠵᠤ ᠪᠠᠢᠯ᠎ᠠ᠃ ᠴᠡᠷᠢᠭ ᠬᠥᠮᠦᠰ ᠦ᠋ᠨ ᠲᠤᠬᠠᠢ ᠫᠯᠶᠦ᠋ᠱᠺᠢᠨ ᠦ᠌ ᠮᠠᠭᠤ ᠰᠠᠨᠠᠵᠤ ᠶᠠᠪᠤᠳᠠᠭ ᠨᠢ ᠵᠥᠪ ᠭᠡᠳᠡᠭ ᠢ᠋ ᠵᠣᠷᠢᠭᠤᠳᠠ ᠪᠠᠲᠤᠯᠠᠬᠤ ᠭᠡᠰᠡᠨ ᠶᠦᠮ ᠰᠢᠭ ᠬᠦᠦ ᠨᠢ ᠮᠥᠷᠥᠢ ᠲᠡᠢ ᠲᠣᠭᠯᠠᠵᠤ᠂ ᠪᠠᠢᠳᠠᠭ ᠢ᠋ᠶ᠋ᠠᠨ ᠠᠯᠳᠠᠪᠠ ᠭᠡᠰᠡᠨ ᠴᠢᠮᠡᠭᠡ ᠶ᠋ᠢ ᠡᠨᠡ ᠦᠶ᠎ᠡ ᠪᠡᠷ ᠡᠴᠢᠭᠡ ᠨᠢ ᠳᠤᠭᠤᠯᠤᠭᠠᠳ ᠬᠦᠦ ᠳ᠋ᠡᠭᠡᠨ ᠬᠠᠷᠢᠶᠠᠯ ᠶᠠᠪᠤᠭᠤᠯᠵᠤ᠂ ᠲᠡᠭᠦᠨ ᠡᠴᠡ ᠬᠣᠢᠰᠢ ᠮᠢᠨᠦ ᠲᠥᠷᠥᠭᠰᠡᠨ ᠬᠦᠦ ᠳᠡᠯᠡᠬᠡᠢ ᠳᠡᠭᠡᠷ᠎ᠡ ᠪᠠᠢᠭ᠎ᠠ ᠡᠰᠡᠬᠦ ᠲᠤᠬᠠᠢ ᠨᠢᠭᠡ ᠴᠦ᠍ ᠤᠳᠠᠭ᠎ᠠ ᠳᠤᠷᠠᠳᠤᠭᠰᠠᠨ ᠦᠭᠡᠢ᠂ ᠵᠢᠯ ᠪᠦᠷᠢ ᠪᠠᠢᠰᠢᠩ ᠤ᠋ᠨ ᠨᠢᠵᠡᠭᠡᠳ ᠴᠣᠩᠬᠣ ᠲᠦᠭᠵᠢᠭᠳᠡᠭᠰᠡᠭᠡᠷ ᠢᠷᠡᠵᠦ᠂ ᠲᠦᠷᠦᠭᠦᠬᠡᠨ ᠤᠩᠰᠢᠭᠴᠢᠳ ᠤ᠋ᠨ ᠬᠠᠷᠠᠳᠠᠭ ᠬᠣᠶᠠᠷ ᠴᠣᠩᠬᠣ ᠦᠯᠡᠳᠡᠵᠦ ᠨᠢᠭᠡ ᠶ᠋ᠢ ᠨᠢ ᠴᠠᠭᠠᠰᠤ ᠪᠠᠷ ᠪᠥᠭᠯᠡᠭᠰᠡᠨ ᠪᠠᠢᠯ᠎ᠠ᠃ ᠠᠵᠤ ᠠᠬᠤᠢ ᠶ᠋ᠢᠨ ᠭᠣᠣᠯ ᠴᠢᠬᠤᠯᠠ ᠵᠦᠢᠯ ᠦ᠋ᠳ ᠠᠭᠠᠵᠢᠮ ᠢ᠋ᠶ᠋ᠠᠷ ᠠᠯᠠᠭ᠎ᠠ ᠪᠣᠯᠵᠤ ᠡᠵᠡᠨ ᠬᠥᠮᠦᠨ ᠦ᠌ ᠢᠪᠴᠤᠤ ᠬᠠᠷᠠᠭ᠎ᠠ ᠲᠠᠰᠤᠯᠭᠠᠨ ᠳᠣᠲᠣᠭᠤᠷ ᠢ᠋ᠶ᠋ᠠᠨ ᠲᠡᠭᠦᠳᠡᠭ ᠴᠠᠭᠠᠰᠤᠨ ᠤ᠋ ᠥᠭᠡᠳᠡᠰᠦ᠂ ᠥᠳᠥ ᠰᠣᠳᠣ ᠪᠠᠷ ᠬᠢᠵᠠᠭᠠᠷᠯᠠᠭᠳᠠᠳᠠᠭ ᠪᠣᠯᠵᠤ᠂ ᠠᠵᠤ ᠠᠬᠤᠢᠯᠠᠯ ᠠ᠋ᠴᠠ ᠦᠢᠯᠡᠳᠪᠦᠷᠢᠯᠡᠵᠦ ᠪᠠᠢᠭ᠎ᠠ ᠶᠠᠭᠤᠮ᠎ᠠ ᠶ᠋ᠢ ᠨᠢ ᠬᠤᠳᠠᠯᠳᠤᠵᠤ ᠠᠪᠬᠤ ᠪᠠᠷ ᠢᠷᠡᠭᠰᠡᠨ ᠬᠥᠮᠦᠰ ᠲᠡᠢ ᠦᠭᠡ ᠪᠡᠨ ᠤᠯᠠᠮ ᠠ᠋ᠴᠠ ᠤᠯᠠᠮ ᠣᠢᠯᠠᠭᠠᠯᠴᠠᠬᠤ ᠪᠠᠨ ᠪᠣᠯᠢᠵᠠᠢ᠃ ᠫᠠᠨᠽᠠᠴᠢᠨ ᠨᠠᠷ ᠲᠡᠭᠦᠨ ᠲᠡᠢ ᠦᠨ᠎ᠡ ᠬᠡᠯᠡᠯᠴᠡᠨ ᠲᠣᠬᠢᠷᠠᠬᠤ ᠦᠭᠡᠢ ᠴᠥᠬᠥᠷᠡᠬᠦ ᠳ᠋ᠡᠭᠡᠨ ᠡᠨᠡ ᠴᠢᠨᠢ ᠬᠥᠮᠦᠨ ᠪᠢᠰᠢ ᠴᠢᠳᠬᠥᠷ ᠶᠦᠮ ᠠ᠋ ᠭᠡᠵᠦ ᠬᠡᠯᠡᠭᠡᠳ ᠳᠠᠬᠢᠨ ᠵᠥᠪᠯᠡᠬᠦ ᠪᠡᠨ ᠪᠣᠯᠢᠭᠰᠠᠨ ᠶᠤᠮ᠃ ᠡᠢᠮᠦ ᠤᠴᠢᠷ ᠠ᠋ᠴᠠ ᠡᠨᠡ ᠠᠢᠯ ᠤ᠋ᠨ ᠡᠪᠡᠰᠦ ᠪᠣᠷᠳᠣᠭ᠎ᠠ ᠦᠷ᠎ᠡ ᠲᠠᠷᠢᠶ᠎ᠠ ᠨᠢ ᠢᠯᠵᠠᠷᠠᠵᠤ᠂ ᠪᠤᠬᠠᠯᠳᠠᠨ ᠣᠪᠣᠭᠠᠯᠠᠭᠰᠠᠨ ᠡᠪᠡᠰᠦ ᠲᠠᠷᠢᠶ᠎ᠠ ᠨᠢ ᠴᠠᠭᠠᠨ ᠨᠣᠭᠣᠭ᠎ᠠ ᠤᠷᠭᠤᠭᠤᠯᠤᠮ᠎ᠠ ᠠᠶᠠᠲᠠᠢ ᠦᠲᠦᠭ ᠪᠣᠯᠵᠤ᠂ ᠵᠣᠭᠣᠷᠢᠨ ᠳ᠋ᠠᠭᠠᠨ ᠬᠠᠳᠠᠭᠠᠯᠠᠭᠰᠠᠨ ᠭᠤᠯᠢᠷ ᠨᠢ ᠰᠦᠬᠡ ᠪᠡᠷ ᠴᠠᠪᠴᠢᠬᠤ ᠳ᠋ᠤ᠌ ᠴᠤ᠌ ᠬᠠᠭᠠᠷᠠᠮᠠᠷ ᠦᠭᠡᠢ ᠴᠢᠯᠠᠭᠤ ᠰᠢᠭ᠋ ᠬᠠᠲᠠᠭᠤ ᠪᠣᠯᠵᠠᠢ᠃ ᠳᠠᠪᠤᠤ᠂ ᠴᠡᠮᠪᠡ ᠨᠦ᠍ᠭᠦᠳ ᠨᠢ ᠦᠵᠢᠷᠡᠨ ᠭᠠᠷ ᠬᠦᠷᠬᠦ ᠲᠡᠢ ᠵᠡᠷᠭᠡ ᠴᠢᠨᠳᠠᠷ᠎ᠠ ᠪᠣᠯᠤᠨ ᠪᠤᠲᠠᠷᠠᠳᠠᠭ ᠪᠠᠢᠯ᠎ᠠ᠃ ᠫᠡᠯᠶᠦᠱᠺᠢᠨ᠂ ᠬᠤᠯᠠᠭᠠᠢᠴᠢ ᠵᠣᠯᠢᠭ ᠤ᠋ᠳ ᠨᠢ ᠤᠤᠭᠤᠴᠢᠬᠠᠬᠤ ᠮᠠᠭᠠᠳ ᠦᠭᠡᠢ ᠭᠡᠵᠦ ᠲᠡᠮᠳᠡᠭᠯᠡᠵᠦ ᠲᠠᠯᠪᠢᠭᠰᠠᠨ ᠯᠣᠩᠬᠣ ᠲᠠᠢ ᠳᠠᠷᠠᠰᠤ᠂ ᠥᠲᠥᠨ ᠦᠵᠦᠭ᠂ ᠯᠠᠴᠠ ᠶ᠋ᠢᠨ ᠬᠡᠯᠲᠡᠷᠬᠡᠢ ᠬᠠᠮᠢᠭ᠎ᠠ ᠪᠠᠢᠳᠠᠭ ᠢ᠋ ᠰᠠᠢᠨ ᠮᠡᠳᠡᠳᠡᠭ ᠡᠴᠡ ᠪᠢᠰᠢ᠂ ᠥᠭᠡᠷ᠎ᠡ ᠬᠥᠷᠥᠩᠭᠡ ᠬᠣᠭᠰᠢᠯ ᠢ᠋ᠶ᠋ᠠᠨ ᠮᠠᠷᠲᠠᠳᠠᠭ ᠪᠣᠯᠵᠠᠢ᠃ ᠭᠡᠲᠡᠯ᠎ᠡ ᠬᠠᠷᠢᠶᠠᠲᠤ ᠠᠯᠪᠠᠲᠤ ᠨᠠᠷ ᠠ᠋ᠴᠠ ᠲᠠᠲᠠᠵᠤ ᠠᠵᠤ ᠠᠬᠤᠢᠯᠠᠯ ᠳ᠋ᠠᠭᠠᠨ ᠣᠷᠣᠭᠤᠯᠳᠠᠭ ᠣᠷᠣᠯᠭ᠎ᠠ ᠨᠢ ᠤᠷᠢᠳᠠ ᠶ᠋ᠢᠨ ᠢ᠋ᠶ᠋ᠡᠨ ᠠᠳᠠᠯᠢ ᠬᠡᠪ ᠢ᠋ᠶ᠋ᠡᠷ ᠶᠠᠪᠤᠭᠳᠠᠵᠤ ᠪᠠᠢᠯ᠎ᠠ᠃ ᠲᠠᠷᠢᠶᠠᠴᠢᠳ ᠲᠤᠰᠢᠶᠠᠳᠠᠭ ᠠᠯᠪᠠ ᠪᠠᠨ ᠬᠡᠪ ᠢ᠋ᠶ᠋ᠡᠷ ᠢ᠋ᠶ᠋ᠡᠨ ᠯᠡ ᠲᠤᠰᠢᠶᠠᠭᠰᠠᠭᠠᠷ ᠪᠠᠢᠪᠠ᠃ ᠲᠠᠷᠢᠶᠠᠴᠢᠨ ᠡᠮᠡᠭᠲᠡᠢ ᠤᠷᠢᠳᠤ ᠥᠭᠴᠦ ᠪᠠᠢᠭᠰᠠᠨ ᠲᠠᠢ ᠪᠠᠨ ᠠᠳᠠᠯᠢ ᠬᠡᠮᠵᠢᠶᠡᠨ ᠦ᠌ ᠰᠠᠮᠤᠷ ᠲᠤᠰᠢᠶᠠᠵᠤ᠂ ᠨᠡᠬᠡᠮᠡᠯᠴᠢ ᠬᠡᠦᠬᠡᠨ ᠤᠷᠢᠳᠤ ᠨᠡᠬᠡᠵᠦ ᠪᠠᠢᠭᠰᠠᠨ ᠲᠠᠢ ᠪᠠᠨ ᠠᠳᠠᠯᠢ ᠬᠡᠮᠵᠢᠶᠡᠨ ᠦ᠌ ᠶᠣᠷᠣᠭ ᠨᠡᠬᠡᠵᠦ ᠲᠤᠰᠢᠶᠠᠳᠠᠭ ᠪᠠᠢᠯ᠎ᠠ᠃ ᠬᠠᠷᠢᠶᠠᠲᠤ ᠠᠯᠪᠠᠲᠤ ᠨᠠᠷ ᠤ᠋ᠨ ᠨᠡᠢᠯᠡᠭᠦᠯᠦᠭᠰᠡᠨ ᠶᠠᠭᠤᠮ᠎ᠠ ᠪᠦᠭᠦᠳᠡ ᠶ᠋ᠢ ᠨᠢᠭᠡ ᠭᠠᠵᠠᠷ ᠲᠤ᠌ ᠣᠪᠣᠭᠠᠯᠠᠭᠰᠠᠨ ᠨᠢ ᠢᠯᠵᠠᠷᠠᠨ ᠬᠥᠭᠡᠴᠦᠷᠡᠵᠦ ᠪᠠᠢᠭᠰᠠᠨ ᠢ᠋ᠶ᠋ᠠᠷ ᠪᠠᠷᠠᠬᠤ ᠦᠭᠡᠢ᠂ ᠫᠯᠶᠦ᠋ᠱᠺᠢᠨ ᠥᠪᠡᠷ ᠢ᠋ᠶ᠋ᠡᠨ ᠴᠦ᠍ ᠬᠥᠮᠦᠨ ᠲᠥᠷᠥᠯᠬᠢᠲᠡᠨ ᠦ᠌ ᠳᠣᠲᠣᠷ᠎ᠠ ᠠ᠋ᠴᠠ ᠢᠯᠵᠠᠷᠠᠨ ᠬᠥᠭᠡᠴᠦᠷᠡᠵᠦ ᠪᠠᠢᠯ᠎ᠠ᠃
    ᠠᠯᠧᠺᠰᠠᠨᠳᠧᠷᠠ ᠰᠲ᠋ᠧᠫᠠᠨᠤᠧᠨᠠ ᠳ᠋ᠤ᠌ ᠱᠲ᠋ᠠᠪ ᠤ᠋ᠨ ᠠᠬᠠᠮᠠᠳ ᠤ᠋ᠨ ᠨᠡᠭᠦᠳᠡᠯ ᠦ᠋ᠨ ᠠᠮᠢᠳᠤᠷᠠᠯ ᠨᠢ ᠠᠢᠯ ᠭᠡᠷ ᠪᠣᠯᠬᠤ ᠶ᠋ᠢᠨ ᠡᠮᠦᠨ᠎ᠡ ᠰᠠᠢᠬᠠᠨ ᠰᠠᠨᠠᠭᠳᠠᠵᠤ ᠪᠠᠢᠭᠰᠠᠨ ᠢ᠋ᠶ᠋ᠠᠨ ᠣᠳᠣ ᠵᠣᠪᠠᠯᠠᠩ ᠲᠠᠢ ᠪᠣᠯᠤᠭᠰᠠᠨ ᠤᠴᠢᠷ᠂ ᠡᠴᠢᠭᠡ ᠶ᠋ᠢᠨ ᠢ᠋ᠶ᠋ᠡᠨ ᠬᠥᠷᠥᠩᠭᠡ ᠡᠴᠡ ᠭᠣᠷᠢᠳᠠᠵᠤ ᠵᠢᠭᠠᠯ ᠬᠦᠦ ᠶ᠋ᠢᠨ ᠬᠠᠮᠲᠤ ᠡᠴᠢᠭᠡ ᠶ᠋ᠢᠨ ᠳ᠋ᠡᠭᠡᠨ ᠬᠣᠶᠠᠷ ᠤᠳᠠᠭ᠎ᠠ ᠢᠷᠡᠭᠰᠡᠨ ᠶᠦᠮ᠃ ᠬᠠᠷᠢᠨ ᠫᠯᠶᠦ᠋ᠱᠺᠢᠨ ᠥᠬᠢᠨ ᠳ᠋ᠡᠭᠡᠨ ᠠᠭᠤᠴᠢᠯᠠᠯ ᠬᠠᠢᠷᠠᠯᠠᠭᠰᠠᠨ ᠢ᠋ᠶ᠋ᠠᠷ ᠪᠠᠷᠠᠬᠤ ᠦᠭᠡᠢ᠂ ᠰᠢᠷᠡᠭᠡᠨ ᠳᠡᠭᠡᠷ᠎ᠡ ᠪᠠᠢᠭᠰᠠᠨ ᠨᠢᠭᠡ ᠲᠣᠪᠴᠢ ᠶ᠋ᠢ ᠠᠴᠢ ᠬᠦᠦ ᠳ᠋ᠡᠭᠡᠨ ᠲᠣᠭᠯᠠ ᠭᠡᠵᠦ ᠥᠭᠭᠦᠭᠰᠡᠨ ᠪᠣᠯᠪᠠᠴᠤ ᠥᠬᠢᠨ ᠳ᠋ᠡᠭᠡᠨ ᠬᠥᠷᠥᠩᠭᠡ ᠮᠥᠩᠭᠥ ᠥᠭᠭᠦᠯ ᠦᠭᠡᠢ ᠶᠠᠪᠤᠭᠤᠯᠵᠠᠢ᠃ ᠳᠠᠷᠠᠭ᠎ᠠ ᠨᠢ ᠥᠬᠢᠨ ᠨᠢ ᠬᠣᠶᠠᠷ ᠵᠢᠭᠠᠯ ᠬᠦᠦ ᠶ᠋ᠢᠨ ᠬᠠᠮᠲᠤ ᠡᠴᠢᠭᠡ ᠳ᠋ᠡᠭᠡᠨ ᠳᠠᠬᠢᠨ ᠢᠷᠡᠵᠡᠢ᠃ ᠡᠴᠢᠭᠡ ᠶ᠋ᠢᠨ ᠡᠮᠦᠰᠴᠦ ᠶᠠᠪᠤᠭ᠎ᠠ ᠲᠡᠷᠯᠢᠭ ᠨᠢ ᠭᠬᠢᠷ ᠪᠣᠯᠵᠤ ᠢᠴᠢᠮᠡᠷ ᠪᠣᠯᠤᠭᠠᠳ ᠪᠠᠢᠭᠰᠠᠨ ᠢ᠋ ᠠᠯᠧᠺᠰᠠᠨᠳᠧᠷᠠ ᠰᠲ᠋ᠧᠫᠠᠨᠤᠧᠨᠠ ᠲᠦᠷᠦᠭᠦᠦ ᠢᠷᠡᠬᠦ ᠳ᠋ᠡᠭᠡᠨ ᠬᠠᠷᠠᠭᠰᠠᠨ ᠤᠴᠢᠷ ᠴᠠᠢ ᠳ᠋ᠤ᠌ ᠢᠳᠡᠬᠦ ᠲᠠᠯᠬ᠎ᠠ ᠶ᠋ᠢᠨ ᠬᠠᠮᠲᠤ ᠰᠢᠨ᠎ᠡ ᠲᠡᠷᠯᠢᠭ ᠠᠪᠴᠢᠷᠠᠵᠤ ᠥᠭᠴᠡᠢ᠃ ᠫᠯᠶᠦ᠋ᠱᠺᠢᠨ ᠠᠴᠢ ᠨᠠᠷ ᠢ᠋ᠶ᠋ᠠᠨ ᠡᠷᠬᠡᠯᠡᠭᠦᠯᠵᠦ᠂ ᠨᠢᠭᠡ ᠨᠢᠭᠡ ᠪᠡᠷ ᠨᠢ ᠪᠠᠷᠠᠭᠤᠨ ᠵᠡᠭᠦᠨ ᠬᠥᠯ ᠳᠡᠭᠡᠷ᠎ᠡ ᠪᠡᠨ ᠰᠠᠭᠤᠯᠭᠠᠵᠤ᠂ ᠵᠢᠩᠬᠢᠨᠢ ᠮᠣᠷᠢ ᠤᠨᠤᠭᠠᠳ ᠳᠠᠪᠬᠢᠵᠤ ᠪᠠᠢᠭ᠎ᠠ ᠶᠤᠮ ᠰᠢᠭ᠋ ᠬᠥᠯ ᠢ᠋ᠶ᠋ᠡᠨ ᠬᠥᠳᠡᠯᠭᠡᠨ ᠲᠣᠭᠯᠠᠭᠤᠯᠵᠤ᠂ ᠥᠬᠢᠨ ᠦ᠌ ᠪᠡᠨ ᠠᠪᠴᠢᠷᠠᠭᠰᠠᠨ ᠲᠠᠯᠬ᠎ᠠ᠂ ᠲᠡᠷᠯᠢᠭ ᠬᠣᠶᠠᠷ ᠢ᠋ ᠨᠢ ᠠᠪᠤᠭᠰᠠᠨ ᠪᠣᠯᠪᠠᠴᠤ ᠬᠠᠷᠢᠭᠤ ᠳ᠋ᠤᠨᠢ ᠶᠠᠭᠤ ᠴᠤ᠌ ᠥᠭᠭᠦᠯ ᠦᠭᠡᠢ ᠬᠣᠭᠣᠰᠣᠨ ᠪᠤᠴᠠᠭᠠᠵᠠᠢ᠃
    ᠴᠢᠴᠢᠺᠦᠧ ᠶ᠋ᠢᠨ ᠡᠮᠦᠨ᠎ᠡ ᠡᠢᠮᠦ ᠬᠠᠴᠢᠨ ᠬᠥᠮᠦᠨ ᠵᠣᠭᠰᠣᠵᠤ ᠪᠠᠢᠯ᠎ᠠ!