ᠢᠰᠢᠳᠠᠨᠽᠠᠨᠸᠠᠩᠵᠢᠯ Ишданзанванжил ᠴᠤᠤᠲᠤ ᠬᠥᠮᠥᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠰᠢᠳᠠᠨᠽᠠᠨᠸᠠᠩᠵᠢᠯ Ишданзанванжил

ᠢᠰᠢᠳᠠᠨᠽᠠᠨᠸᠠᠩᠵᠢᠯ Ишданзанванжил

ᠠᠩᠭᠢᠯᠠᠯ:ᠴᠤᠤᠲᠤ ᠬᠥᠮᠥᠰ
2023-03-05

864

ᠢᠰᠢᠳᠠᠨᠽᠠᠨᠸᠠᠩᠵᠢᠯ


                    ᠭᠠᠷᠮᠠᠭᠠᠢ ᠰᠢᠯᠤᠭ᠌ᠴᠢ ᠪᠥᠭᠡᠳ ᠠᠨᠠᠭᠠᠬᠤ ᠤᠬᠠᠭᠠᠨ ‍ᠤ ᠡᠷᠳᠡᠮᠲᠡᠨ

      ᠢᠰᠢᠳᠠᠨᠽᠠᠨᠸᠠᠩᠵᠢᠯ  (  ᠪᠠᠰᠠ ᠲᠠᠽᠠᠨᠸᠠᠩᠵᠢᠯ ᠭᠡᠳᠡᠭ   )   1854 ᠣᠨ   ‍ᠳᠤ ᠴᠠᠬᠠᠷ ‍ᠤᠨ ᠬᠦᠪᠡᠬᠡᠳᠤ ᠴᠠᠭᠠᠨ ᠬᠤᠰᠢᠭᠤᠨ ‍ᠤ  ᠲᠦᠭᠦᠷᠡᠠᠭ᠌ ᠣᠪᠣᠭ᠎ᠠ ᠭᠡᠳᠡᠭ ᠭᠠᠵᠠᠷ ᠲᠤ ᠨᠤᠳᠤᠬᠰᠢᠵᠤ ᠰᠠᠭᠤᠬᠰᠠᠠ  ᠠᠮᠪᠠᠨ  ᠨᠣᠶᠠᠨ ᠨᠠᠮᠵᠢᠯᠳᠤᠷᠵᠢ ( ᠦᠬᠡᠷ᠎ᠠ ᠨᠠᠷ᠎ ᠎ᠡ ᠨᠢ ᠭᠠᠯᠳᠠᠨ  ) ‍ᠶ᠋ᠢᠨ ᠬᠡᠷ ᠲᠤ ᠲᠦᠷᠦᠵᠡᠢ ᠃ ᠲᠠᠷᠠ ᠲᠦᠷᠦᠯᠬᠢ ᠰᠠᠴᠠᠠ ᠰᠠᠷᠭᠦᠯᠡᠡᠭ᠌ ᠂ ᠣᠢ ᠪᠢᠯᠢᠭ ᠰᠠᠶ᠋ᠢᠲᠠᠢ ᠬᠡᠦᠬᠡᠳ ᠪᠠᠶ᠋ᠢᠬᠰᠠᠨ ᠪᠥᠭᠡᠳ1861 ᠣᠨ ‍ᠳᠤ ᠲᠣᠯᠣᠭᠠᠠ ᠨᠠᠰᠤᠲᠠᠢ ‍ᠳᠤ ᠎ᠪᠠᠨ ᠶᠡᠬᠡ ᠵᠤᠤ ‍ᠶ᠋ᠢᠨ ᠴᠢᠭᠤᠯᠭᠠᠨ ‍ᠤ ᠵᠢᠶᠦ᠋ᠨ ᠸᠠᠩ ‍ᠤᠨ ᠬᠤᠰᠢᠭᠤᠨ ‍ᠤ ᠭᠦᠠᠭ᠌ ‍ᠤᠨ ᠵᠤᠤ ᠬᠡᠶ᠋ᠢᠳ ‍ᠦᠨ ᠲᠠᠪᠤᠳᠤᠭᠠᠷ ᠲᠦᠷᠢ ‍ᠶ᠋ᠢᠨ ᠱᠠᠪᠷᠤᠩ ‍ᠢᠶ᠋ᠠᠷ ᠲᠣᠳᠣᠯᠬᠠᠳᠠᠵᠤ ᠣᠴᠢᠭᠠᠳ ᠨᠣᠮ ᠪᠢᠴᠢᠭ ᠲᠤ ᠬᠢᠴᠢᠶᠡᠨ ᠮᠠᠷᠠᠶ᠋ᠢᠭ᠌ᠰᠠᠠ ‍ᠢᠶ᠋ᠡᠷ ᠲᠠᠮᠠᠢ ᠤᠳᠠᠬᠰᠠᠠ ᠥᠭᠡᠢ ᠮᠣᠩᠭᠣᠯ ᠲᠦᠪᠡᠤᠠ ᠨᠣᠮ ‍ᠳᠤ ᠴᠠᠭᠠᠷᠠᠵᠤ ᠂ ᠠᠷᠪᠠᠨ ᠲᠠᠪᠤᠳᠠᠢ ᠠ᠋ᠴᠠ ᠎ᠪᠠᠨ ᠡᠭᠢᠯᠠᠵᠤ ᠰᠢᠯᠦᠭ ᠤᠶᠠᠩᠭ᠎ᠠ ᠵᠣᠬᠢᠶᠠᠵᠤ ᠪᠠᠶ᠋ᠢᠪᠠ ᠃
     1868 ᠣᠨ ‍ᠤ 5 ᠰᠠᠷ᠎ᠠ ‍ᠳᠤ ᠪᠣᠯᠣᠬᠰᠠᠠ ᠬᠣᠳᠣᠩᠴᠤᠤᠠ ‍ᠤᠨ ᠦᠢᠮᠡᠭᠡᠨ ‍ᠳᠦ ᠭᠦᠠᠭ᠌ ‍ᠤᠨ ᠵᠤᠤ ᠭᠡᠶ᠋ᠢᠳ ᠭᠠᠯᠳᠠᠬᠳᠠᠬᠰᠠᠠ ᠤᠴᠢᠷ ᠢᠰᠢᠳᠠᠨᠽᠠᠨᠸᠠᠩᠵᠢᠯ  ᠲᠦᠷᠦᠯᠬᠢ ᠨᠤᠲᠤᠭ ᠴᠠᠬᠠᠷ ᠲᠤ ᠎ᠪᠠᠨ ᠪᠤᠴᠠᠵᠤ ᠠᠵᠤ ᠲᠥᠷᠥᠨ  ᠰᠠᠭᠤᠵᠠᠢ ᠃ 1870 ᠣᠨ ‍ᠤ ᠦᠶ᠎ᠡ ᠎ᠪᠡᠷ ᠢᠰᠢᠳᠠᠨᠽᠠᠨᠸᠠᠩᠵᠢᠯ  ᠳᠠᠬᠢᠨ ᠣᠷᠳᠣᠰ ‍ᠤᠨ ᠵᠢᠶᠦ᠋ᠨ ᠸᠠᠩ ‍ᠤᠨ ᠬᠣᠰᠢᠭᠤᠠ ‍ᠳᠤ ᠪᠤᠴᠠᠵᠤ ᠢᠷᠡᠭᠡᠳ ᠵᠤᠤ ᠬᠡᠶ᠋ᠢᠳ ‍ᠢᠶ᠋ᠡᠨ ᠰᠠᠯᠪᠢᠠ ᠵᠠᠰᠠᠪᠠ ᠃   ᠲᠡᠨᠳᠡ ᠨᠢᠭᠡ ᠬᠤᠭᠤᠴᠠᠭ᠎ᠠ ᠰᠠᠭᠤᠬᠰᠠᠠ ‍ᠤ ᠲᠠᠷᠠᠭ᠎ᠠ ᠂ ᠲᠠᠷᠠ ᠭᠦᠬᠡᠨᠠᠭᠤᠷ ‍ᠤᠨ ᠭᠦᠮᠪᠦᠮ ᠬᠡᠶ᠋ᠢᠳ ᠲᠤ ᠣᠴᠢᠵᠤ ᠱᠠᠰᠢᠨ ‍ᠤ ᠭᠦᠨ ᠤᠬᠠᠭᠠᠨ ᠪᠠ ᠡᠮ ‍ᠦᠨ ᠨᠣᠮ ‍ᠢ ᠬᠡᠳᠦᠨ ᠵᠢᠯ ᠰᠤᠳᠤᠯᠤᠨ ᠰᠤᠷᠤᠯᠴᠠᠪᠠ ᠃
    1874 ᠣᠨ ‍ᠤ ᠦᠶ᠎ᠡ ᠎ᠪᠡᠷ ᠢᠰᠢᠳᠠᠨᠽᠠᠨᠸᠠᠩᠵᠢᠯ  ᠭᠦᠮᠪᠦᠮ ᠬᠡᠶ᠋ᠢᠳ ᠎ᠡᠴᠡ ᠭᠦᠠᠭ᠌ ‍ᠤᠨ ᠵᠤᠤ ‍ᠳᠤ ᠎ᠪᠠᠨ ᠪᠤᠴᠠᠵᠤ ᠢᠷᠡᠭᠡᠳ ᠰᠠᠭᠦᠯᠠᠷ ᠨᠢ ᠠᠷᠤ ᠥᠪᠥᠷ ᠮᠣᠩᠭᠣᠯ ‍ᠤᠨ ᠣᠯᠠᠨ ‍ ᠭᠠᠵᠠᠷ ᠶ᠋ᠢᠠᠷ   ᠮᠥᠷᠭᠥᠯ ᠲᠠᠯᠪᠢᠨ ᠡᠮ ᠪᠠᠷᠢᠵᠤ ᠶᠠᠪᠤᠪᠠ ᠃ 
      ᠢᠰᠢᠳᠠᠨᠽᠠᠨᠸᠠᠩᠵᠢᠯ   ᠨᠢᠭᠡ  ᠨᠠᠰᠤᠨ  ᠪ ᠪᠡᠨ ᠶᠠᠬᠡᠩᠬᠢ ᠴᠠᠭ ‍ᠢ ᠵᠠᠷᠤᠴᠠᠭᠤᠯᠵᠤ ᠣᠯᠠᠨ ᠭᠠᠵᠠᠷ ‍ᠢᠶ᠋ᠠᠷ ᠲᠣᠭᠣᠷᠢᠵᠤ ᠶᠠᠪᠤᠬᠤ ‍ᠳᠤ ᠎ᠪᠠᠨ ᠲᠤᠬᠠᠢ ‍ᠶ᠋ᠢᠨ ᠦᠶ᠎ᠡ ‍ᠶ᠋ᠢᠨ ᠮᠣᠩᠭᠣᠯ ᠠᠷᠠᠳ ᠲᠦᠮᠡᠨ ‍ᠦ ᠭᠠᠰᠢᠭᠤᠨ ᠵᠣᠪᠠᠯᠠᠩ ᠎ᠲᠠᠢ ᠠᠮᠢᠳᠤᠷᠠᠯ ᠪᠠ ᠬᠠᠷ᠎ᠠ ᠰᠢᠷ᠎ᠠ ᠹᠸᠤᠳᠠᠯ ‍ᠤᠨ ᠬᠠᠷᠬᠢᠰ ᠬᠠᠷᠠᠩᠭᠤᠢ ᠵᠢᠭᠰᠢᠭᠦᠷᠢᠲᠦ ᠲᠦᠷᠢ ‍ᠶ᠋ᠢ ᠪᠡᠶ᠎ᠡ ᠎ᠪᠡᠷ ᠎ᠢᠶᠡᠨ ᠥᠵᠡᠵᠤ  ᠰᠣᠨᠤᠰᠣᠬᠰᠠᠠ ᠲᠤᠯᠠ ᠠᠷᠠᠳ ᠲᠦᠮᠡᠨ ‍ᠢ ᠲᠤᠶ᠋ᠢᠯ ‍ᠢᠶ᠋ᠠᠷ ᠦᠷᠤ ᠡᠪᠡᠳᠦᠨ ᠠᠷᠠᠳ ᠲᠦᠮᠡᠨ ‍ᠦ ᠲᠠᠯ᠎ᠠ ‍ᠳᠤ ᠵᠣᠬᠰᠣᠵᠤ ᠂  ᠬᠠᠷ᠎ᠠ ᠰᠢᠷ᠎ᠠ  ᠹᠸᠤᠳᠠᠯ ‍ᠢ  ᠲᠠᠭᠠᠷᠢᠠ ᠬᠣᠱᠣᠩᠨᠠᠭᠰᠠᠨ ᠪᠤᠶᠤ ᠰᠠᠶ᠋ᠢᠨ ᠮᠠᠭᠤ ‍ᠶ᠋ᠢ ᠢᠯᠭᠠᠠ ᠦᠭᠦᠯᠡᠭ᠌ᠰᠠᠠ ᠠᠯᠢ ᠣᠯᠠᠨ ᠰᠢᠯᠦᠭ ᠵᠣᠬᠢᠶᠠᠯ ‍ᠢ ᠪᠢᠴᠢᠭᠰᠡᠨ ᠪᠠᠶ᠋ᠢᠨ᠎ᠠ ᠃
     ᠢᠰᠢᠳᠠᠨᠽᠠᠨᠸᠠᠩᠵᠢᠯ  ‍ᠤᠨ ᠰᠢᠯᠦᠭ ᠎ᠡᠴᠡ ᠭᠠᠷ ᠪᠢᠴᠢᠮᠡᠯ ‍ᠢᠶ᠋ᠡᠷ ᠳᠠᠮᠵᠢᠬᠳᠠᠠ ᠠᠷᠤ ᠥᠪᠥᠷ ᠮᠣᠩᠭᠣᠯ ‍ᠤᠨ ᠣᠯᠠᠨ ᠭᠠᠵᠠᠷ ᠲᠤ ᠲᠠᠷᠬᠠᠠ ᠲᠡᠯᠬᠡᠷᠡᠵᠤ ᠪᠠᠶ᠋ᠢᠬᠰᠠᠠ ᠲᠣᠯᠣᠭᠠᠠ ᠪᠦᠯᠦᠭ ᠎ᠲᠡᠢ ᠵᠠᠭᠤ ᠨᠠᠢ᠍ᠮᠠᠨ ᠮᠥᠷ ᠰᠢᠯᠦᠭ ‍ᠢ ᠴᠢᠯᠥᠬᠡᠯᠩᠳᠡᠭᠰᠠᠠ ‍ᠦ ᠳᠠᠷᠠᠭ᠎ᠠ ᠥᠪᠥᠷ ᠮᠣᠩᠭᠣᠯ ‍ᠤᠨ ᠠᠷᠠᠳ ‍ᠤᠨ ᠬᠡᠪᠯᠡᠯ ‍ᠦᠨ ᠬᠣᠷᠢᠶ᠎ᠠ ᠠ᠋ᠴᠠ ᠪᠣᠰᡂᠠ ᠰᠢᠯᠤᠭ᠌ᠴᠢ ‍ᠶ᠋ᠢᠨ ᠰᠢᠯᠦᠭ ᠎ᠲᠡᠢ ᠬᠠᠮᠲᠤ ᠬᠡᠪᠯᠨ᠋ᠭᠥᠯᠪᠡ ᠃  ᠣᠳᠣ ᠎ᠪᠠᠷ ᠢᠰᠢᠳᠠᠨᠽᠠᠨᠸᠠᠩᠵᠢᠯ  ‍ᠤᠨ ᠰᠢᠯᠦᠭ ᠎ᠡᠴᠡ ᠥᠷᠭᠦᠯᠵᠢᠯᠠᠠ ᠣᠯᠳᠠᠵᠤ ᠪᠤᠢ ᠃ 1979 ᠣᠨ ‍ᠳᠤ ᠶᠡᠬᠡ ᠵᠤᠤ ᠠᠶ᠋ᠢᠮᠠᠭ ‍ᠤᠨ ᠡᠵᠡᠨ ᠬᠣᠷᠣᠭ᠎ᠠ ᠬᠤᠰᠢᠭᠤᠨ ‍ᠤ ᠬᠡᠯᠡ ᠪᠢᠴᠢᠭ ‍ᠦᠨ ᠠᠵᠢᠯᠲᠠᠨ  ᠰᠠᠢᠨᠵᠢᠷᠭᠠᠯ ᠂  ᠰᠢᠷᠠᠯᠲᠠᠢ ᠬᠣᠶᠠᠭᠤᠯᠠ ᠢᠰᠢᠳᠠᠨᠽᠠᠨᠸᠠᠩᠵᠢᠯ  ‍ᠤᠨ ᠰᠢᠯᠦᠭ ‍ᠢ ᠲᠠᠪᠤᠨ ᠵᠠᠭᠤᠨ ᠪᠠᠳᠠᠭ ᠴᠤᠬᠯᠠᠭᠤᠯᠤᠠ  ᠡᠮᠬᠢᠤᠡᠬᠡᠬᠡᠤᠠ  《  ᠵᠠᠷᠯᠢᠬ ‍ᠢᠶ᠋ᠠᠷ ᠰᠣᠶᠤᠷᠬᠠᠬᠰᠠᠠ ᠪᠤᠶᠠᠨ ᠢᠪᠡᠬᠡᠭᠴᠢ ᠭᠦᠠᠭ᠌ ‍ᠤᠨ ᠵᠤᠤ ᠬᠡᠶ᠋ᠢᠳ ‍ᠦᠨ ᠮᠠᠷᠭᠡᠠ ᠬᠡᠬᠡᠠ ᠢᠰᠢᠳᠠᠨᠽᠠᠨᠸᠠᠩᠵᠢᠯ  ‍ᠤᠨ ᠰᠢᠯᠦᠭ ᠲᠠᠪᠤᠨ ᠵᠠᠭᠤᠨ ᠪᠠᠳᠠᠭ ᠣᠷᠣᠰᠢᠪᠠᠢ   》 ᠬᠡᠮᠡᠬᠦ ᠡᠮᠬᠢᠤᠡᠬᠡᠯ ‍ᠢ ᠲᠣᠰᠣᠨ ᠪᠢᠷ ‍ᠢᠶ᠋ᠡᠷ ᠬᠡᠪᠯᠡᠨ ᠲᠠᠷᠬᠠᠭᠠᠪᠠ ᠃
     ᠴ ᠂  ᠳᠠᠮᠳᠢᠨᠰᠦ᠋ᠷᠦᠩ《  ᠮᠣᠩᠭᠣᠯ ᠤᠷᠠᠨ ᠵᠣᠬᠢᠶᠠᠯ ‍ᠤᠨ ᠲᠠᠬᠡᠵᠢ ᠵᠠᠭᠤᠨ ᠪᠢᠯᠢᠭ ᠣᠷᠣᠰᠢᠪᠠᠢ    》ᠬᠡᠮᠡᠬᠦ ᠨᠣᠮ ‍ᠳᠦ ᠎ᠪᠡᠨ ᠢᠰᠢᠳᠠᠨᠽᠠᠨᠸᠠᠩᠵᠢᠯ ᠤᠨ《  ᠭᠦᠠᠭ᠌ ‍ᠤᠨ ᠵᠤᠤ ‍ᠶ᠋ᠢᠨ ᠬᠡᠬᠡᠠ ‍ᠦ ᠠᠯᠳᠠᠠ ᠰᠤᠷᠭᠠᠯ ᠣᠷᠣᠰᠢᠪᠠᠢ  》ᠭᠡᠳᠡᠭ ᠰᠢᠯᠦᠭ ‍ᠢ ᠲᠡᠬᠥᠪᠤᠷᠢᠯᠠᠠ ᠤᠷᠤᠭᠤᠯᠤᠬᠰᠠᠠ ᠪᠦᠬᠡᠦᠠ ᠠᠷᠤ ‍ᠳᠤ ᠨᠢ ᠬᠠᠳᠠᠬᠰᠠᠠ ᠲᠠᠶ᠋ᠢᠯᠪᠤᠷᠢ ‍ᠳᠤ ᠎ᠪᠠᠨ ᠄
  《  ᠳᠠᠨᠽᠠᠨᠸᠠᠩᠵᠢᠯ ᠠᠯᠳᠠᠠ ᠰᠤᠷᠭᠠᠯ ᠠ᠋ᠴᠠ ᠭᠠᠳᠠᠨ᠎ᠠ ᠭᠦᠷᠭᠦᠯ ᠥᠬᠢᠨ ᠲᠩᠷᠢ ‍ᠶ᠋ᠢᠨ ᠮᠠᠬᠳᠠᠭᠠᠯ ᠂ ᠳᠠᠬᠢᠯᠭ᠎ᠠ ᠵᠡᠷᠭᠡ ‍ᠶ᠋ᠢᠨ ᠬᠡᠳᠦᠨ ᠰᠢᠯᠦᠭ ‍ᠢ ᠲᠦᠪᠡᠤᠠ ᠬᠡᠯᠡ ᠎ᠪᠡᠷ ᠪᠢᠴᠢᠭᠰᠡᠨ ᠪᠠ ᠡᠳᠡᠭᠡᠷ ᠵᠣᠬᠢᠶᠠᠯ ‍ᠤᠨ ᠵᠠᠷᠢᠮ ᠠᠨᠤ ᠮᠣᠩᠭᠣᠯ ᠤᠯᠤᠰ ‍ᠤᠨ ᠨᠣᠮ ‍ᠤᠨ ᠰᠡᠡᠭ᠌ ‍ᠳᠦ ᠪᠤᠢ ᠃   ᠢᠯᠠᠩᠭᠤᠶ᠎ᠠ  ᠭᠦᠩᠲ᠋ᠡᠡᠭ᠌ ᠬᠡᠬᠡᠠ ‍ᠦ ᠮᠣᠳᠣᠨ ᠱᠠᠰᠲᠢᠷ ᠂ ᠤᠰᠤᠨ ᠱᠠᠰᠲᠢᠷ ‍ᠢ ᠲᠠᠭᠤᠷᠢᠶᠡᠯᠭᠠᠠ ᠲᠦᠪᠡᠤᠠ ᠬᠡᠯᠡ ᠎ᠪᠡᠷ ᠵᠣᠬᠢᠶᠠᠬᠰᠠᠠ ᠭᠠᠯ ᠱᠠᠰᠲᠢᠷ ᠠᠨᠤ ᠶᠡᠬᠡᠬᠡᠨ ᠰᠣᠨᠢᠷᠬᠠᠯᠲᠠᠢ  ᠪᠠᠶ᠋ᠢᠨ᠎ᠠ  》 ᠬᠡᠵᠤ ᠲᠡᠮᠳᠡᠭᠯᠡᠵᠡᠢ ᠃
    ᠡᠭᠦᠨ ᠎ᠡᠴᠡ ᠥᠵᠡᠭᠦ ‍ᠳᠦ ᠢᠰᠢᠳᠠᠨᠽᠠᠨᠸᠠᠩᠵᠢᠯ  ᠪᠠᠰᠠ ᠲᠦᠪᠡᠤᠠ ᠬᠡᠯᠡ ᠎ᠪᠡᠷ ᠡᠳᠦᠢ ᠲᠡᠳᠦᠢ ᠵᠣᠬᠢᠶᠠᠯ ᠪᠢᠴᠢᠭᠰᠡᠨ ᠨᠢ ᠢᠯᠠᠷᠬᠡᠢ ᠪᠠᠶ᠋ᠢᠨ᠎ᠠ ᠃
     ᠢᠰᠢᠳᠠᠨᠽᠠᠨᠸᠠᠩᠵᠢᠯ  ᠪᠣᠯ ᠮᠥᠨ ᠴᠤ᠌ ᠨᠢᠭᠡᠨ ᠠᠯᠳᠠᠷᠲᠤ ᠡᠮᠴᠢ ᠪᠦᠬᠡᠦᠠ ᠠᠨᠠᠭᠠᠬᠤ ᠤᠬᠠᠭᠠᠨ ‍ᠤ ᠣᠨᠣᠯᠴᠢ ᠪᠠᠶ᠋ᠢᠬᠰᠠᠠ ᠶᠤᠮ ᠃ ᠲᠠᠷᠠ ᠦᠪᠡᠷ ‍ᠦᠨ ᠡᠮ ᠡᠮᠨᠡᠯᠭᠡ ‍ᠶ᠋ᠢᠨ ᠲᠠᠯ᠎ᠠ ‍ᠶ᠋ᠢᠨ ᠣᠶ᠋ᠢᠯᠠᠲᠤᠯᠬᠡ ᠲᠤᠷᠰᠢᠯᠭ᠎ᠠ ᠎ᠪᠡᠨ ᠳ᠋ᠥ᠋ᠩᠨᠠᠬᠥ ‍ᠶ᠋ᠢᠨ ᠬᠠᠮᠲᠤ ᠲᠦᠪᠡᠤᠠ ᠮᠣᠩᠭᠣᠯ ‍ᠤᠨ 《 ᠲᠦᠷᠪᠡᠠ ᠦᠨᠳᠦᠰᠦ 》 ᠭᠡᠳᠡᠭ ᠡᠮ ‍ᠦᠨ ᠵᠣᠷ ‍ᠢ ᠰᠤᠳᠤᠯᠤᠨ  ᠰᠢᠨᠵᠢᠯᠡᠵᠦ ᠂ 《 ᠰᠣᠪᠤᠤᠠ ‍ᠤᠨ  ᠤᠨᠵᠢᠯᠭ᠎ᠠ  》 ᠂  《  ᠱ᠌ᠢᠷᠦ ‍ᠶ᠋ᠢᠨ ᠤᠨᠵᠢᠯᠭ᠎ᠠ 》 ᠂《 ᠡᠷᠳᠡᠨᠢ ‍ᠶ᠋ᠢᠨ  ᠤᠨᠵᠢᠯᠭ᠎ᠠ 》  ᠬᠡᠮᠡᠬᠦ ᠭᠤᠷᠪᠠᠨ ᠵᠦᠢᠯ ‍ᠦᠨ ᠡᠮ ‍ᠦᠨ ᠰᠢᠨ᠎ᠡ ᠵᠣᠷ ᠵᠣᠬᠢᠶᠠᠵᠤ ᠡᠮ ᠪᠡᠷᠢᠵᠤ ᠪᠠᠶ᠋ᠢᠬᠰᠠᠠ ᠪᠦᠬᠡᠦᠠ   《  ᠣᠳᠡᠴᠢ ‍ᠶ᠋ᠢᠨ ᠠᠴᠢ ᠲᠤᠰᠠ ‍ᠶ᠋ᠢᠨ ᠬᠤᠷᠢᠶᠠᠩᠭᠤᠢ 》 ᠬᠡᠮᠡᠬᠦ ᠡᠮ ᠡᠮᠨᠡᠯᠭᠡ ‍ᠶ᠋ᠢᠨ ᠰᠢᠯᠦᠭ ᠨᠢ ᠤᠷᠲᠤᠰᠴᡂᠠ ‍ᠤᠨ ᠲᠤᠮᠳᠠ ᠣᠳᠣ ᠪᠣᠯᠲᠠᠯ᠎ᠠ ᠴᠡᠭᠡᠵᠢᠯᠩᠳᠡᠠ  ᠬᠡᠷᠡᠭᠯᠡᠭᠳᠡᠭᠰᠡᠭᠡᠷ ᠪᠠᠶ᠋ᠢᠨ᠎ᠠ ᠃
     ᠢᠰᠢᠳᠠᠨᠽᠠᠨᠸᠠᠩᠵᠢᠯ  ᠪᠣᠯ ᠪᠠᠰᠠ ᠭᠠᠷ ᠤᠷᠠᠨ ᠬᠥᠮᠦᠨ ᠪᠠᠶ᠋ᠢᠵᠠᠢ ᠃ ᠲᠠᠷᠠ ᠱᠠᠰᠢᠨ ‍ᠤ ᠨᠣᠮ ᠰᠤᠳᠤᠷ ᠬᠡᠪᠯᠡᠵᠦ ᠪᠠᠷᠯᠠᠬᠤ ‍ᠶ᠋ᠢᠨ ᠲᠥᠯᠥᠭᠡ ᠪᠡᠶ᠎ᠡ ᠎ᠪᠡᠷ ‍ᠢᠶ᠋ᠡᠨ ᠬᠡᠪᠯᠡᠯ ‍ᠦᠨ ᠎ᠪᠡᠷ ᠰᠠᠶ᠋ᠢᠯᠵᠤ ᠂ ᠭᠦᠠᠭ᠌ ‍ᠤᠨ ᠵᠤᠤ ᠬᠡᠶ᠋ᠢᠳ ᠲᠤ ᠮᠠᠰᠢ ᠣᠯᠠᠨ ᠨᠣᠮ ᠰᠤᠳᠤᠷ ᠬᠡᠪᠯᠡᠨ ᠭᠠᠷᠭᠠᠬᠰᠠᠠ ᠪᠦᠬᠡᠦᠠ ᠴᠠᠬᠠᠷ ᠂ ᠬᠠᠷᠠᠴᠢᠨ ᠂ ᠬᠠᠯᠬ᠎ᠠ ᠵᠠᠷᠬᠡ ᠭᠠᠵᠠᠷ ᠠ᠋ᠴᠠ ᠯᠠᠮᠠ ᠨᠠᠷ ᠢᠷᠡᠵᠦ ᠲᠡᠭᠦᠨ᠎ᠦ ᠪᠠᠷᠯᠠᠬᠤ ᠮᠠᠷᠭᠡᠵᠢᠯ ‍ᠢ ᠰᠤᠷᠤᠯᠴᠠᠵᠤ ᠪᠠᠶ᠋ᠢᠪᠠ ᠃ ᠲᠡᠷᠡ ᠪᠠᠰᠠ ᠵᠢᠷᠤᠭ ᠵᠢᠷᠤᠵᠤ ᠂ ᠶᠠᠭᠤᠮ᠎ᠠ ᠰᠠᠶ᠋ᠢᠯᠳᠠᠭ᠌ ᠪᠦᠬᠡᠦᠠ ᠠᠯᠳᠠ ᠂ ᠮᠥᠩᠭᠥ ᠂ ᠭᠠᠤᠯᠢ ᠎ᠪᠠᠷ ᠡᠯᠳᠡᠪ ᠨᠠᠷᠢᠨ ᠡᠳᠡᠯᠯ ᠎ᠢ᠋ ᠦᠢᠯᠡᠳᠴᠤ ᠴᠢᠳᠠᠳᠠᠭ ᠪᠠᠶ᠋ᠢᠯ᠎ᠠ ᠃
     ᠢᠰᠢᠳᠠᠨᠽᠠᠨᠸᠠᠩᠵᠢᠯ  1907 ᠣᠨ ‍ᠤ ᠪᠢᠯᠢᠭ ‍ᠦᠨ ᠤᠯᠠᠷᠢᠯ ‍ᠤᠨ   11  ᠰᠠᠷ᠎ᠠ ‍ᠶ᠋ᠢᠨ ᠰᠢᠨ᠎ᠡ ‍ᠶ᠋ᠢᠨ 9 ‍  ‍ᠦ ᠡᠳᠦᠷ ᠲᠠᠪᠢᠨ ᠲᠦᠷᠪᠡᠳᠡᠢ  ᠡᠪᠡᠳᠴᠢᠨ ‍ᠢᠶ᠋ᠡᠷ ᠨᠠᠰᠤ ᠪᠠᠷᠠᠵᠠᠢ ᠃
 
ᠢᠷᠡᠯᠲᠡ – ᠪᠠᠭ᠎ᠠ ᠰᠤᠷᠭᠠᠭᠤᠯᠢ ‍ᠶ᠋ᠢᠨ ᠰᠤᠷᠤᠬᠴᠢ ‍ᠶ᠋ᠢᠨ ᠤᠩᠰᠢᠬᠤ   · ᠴᠤᠪᠤᠷᠠᠯ ᠪᠢᠴᠢᠭ

      ᠦᠰᠦᠭ  ᠠᠮᠢᠯᠠᠭᠤᠯᠤᠬᠴᠢ ᠄ ᠣᠶᠤᠨᠴᠢᠮᠡᠭ᠂ ᠦᠯᠵᠡᠶ᠋ᠢᠪᠠᠭᠠᠲᠤᠷ

      ᠬᠢᠨᠠᠠᠠᠴᠢ ᠄  ᠤᠳᠬᠠᠨᠰᠣᠸ᠎ᠠ ᠂ ᠬᠠᠰᠲᠤᠶᠠᠬ᠋᠎ᠠ