ᠦᠬᠡᠷᠴᠢᠨ - ᠭᠤ ᠂ ᠴᠣᠢᠷᠠᠪᠵᠠᠢ Үхэрчин - Го ᠂ Чойравжээ
ᠦᠬᠡᠷᠴᠢᠨ
ᠭᠣ᠋ ᠂ ᠴᠣᠢᠷᠠᠪᠵᠠᠢ
ᠬᠠᠮᠠᠷ ᠦ᠋ᠨ ᠦᠵᠦᠭᠦᠷ ᠵᠢᠮᠵᠢᠭᠢᠨᠡᠨ ᠬᠠᠴᠠᠷ ᠦ᠋ᠨ ᠥᠨᠲᠡᠭᠡ ᠬᠠᠭᠠᠷᠢᠬᠲᠠᠮᠠᠷ ᠬᠦᠢᠲᠡᠨ ᠡᠲᠦᠷ ᠪᠠᠶ᠋ᠢᠬᠰᠠᠨ ᠰᠠᠨ ᠃ ᠰᠠᠯᠬᠢᠨ ᠪ ᠬᠦᠴᠦ ᠤᠯᠠᠮ ᠤᠯᠠᠮ ᠰᠢᠷᠦᠭᠦᠰᠦᠨ ᠶᠠᠪᠠᠭᠠᠨ ᠰᠢᠭᠤᠷᠬ᠋ᠠ ᠤᠰᠤ ᠮᠡᠲᠦ ᠨᠡᠯᠦᠶ᠋ᠢᠵᠦ ᠪᠠᠶ᠋ᠢᠬᠰᠠᠨ ᠠ᠋ᠴᠠ ᠪᠠᠨ ᠮᠣᠷᠢᠨ ᠰᠢᠭᠤᠷᠬ᠋ᠠ ᠳᠡᠭᠳᠡᠯ᠎ᠡ᠃
ᠪᠠᠯᠲᠠᠨ ᠭᠤᠸᠠᠢ ᠲᠩᠷᠢ ᠶ᠋ᠢᠨ ᠪᠠᠶ᠋ᠢᠲᠠᠯ ᠊ᠢ ᠠᠵᠢᠬᠯᠠᠭᠠᠳ ᠭᠡᠷ ᠲᠤ ᠪᠡᠨ ᠣᠷᠣᠩᠭᠤᠲᠠ ᠬᠦᠦ ᠪᠠᠭᠠᠨ᠎ᠠ ᠳᠤ ᠪᠠᠨ ᠄
— ᠵᠠ ᠬᠦᠦ ᠮᠢᠨᠢ ᠠ᠋ ᠂ ᠥᠨᠥᠲᠥᠷ ᠴᠤ᠌ ᠬᠦᠢᠲᠡᠨ ᠰᠢᠭᠤᠷᠬ᠋ᠠ ᠲᠠᠢ ᠡᠲᠦᠷ ᠪᠣᠯᠬᠤ ᠨᠢ ᠡ ᠂ ᠬᠤᠪᠴᠠᠰᠤ ᠬᠤᠨᠠᠷ ᠶ᠋ᠢᠠᠨ ᠵᠤᠵᠠᠭᠠᠯᠠᠵᠤ ᠢᠮᠠᠭᠠᠨ ᠳᠠᠬᠤ ᠪᠠᠨ ᠠᠪ ᠳ᠋ᠠ ᠃ ᠲᠡᠭᠡᠭᠡᠳ ᠬᠣᠶᠠᠭᠤᠯᠠ ᠦᠬᠡᠷ ᠶ᠋ᠢᠡᠨ ᠵᠠᠯᠠᠬᠤ ᠪᠠᠷ ᠶᠠᠪᠤᠶ᠎ᠠ ᠭᠡᠬᠦ ᠳᠤ ᠂ ᠥᠷᠥᠮ᠎ᠡ ᠬᠥᠭᠡᠷᠦᠭᠦᠯᠵᠦ ᠪᠠᠶ᠋ᠢᠬᠰᠠᠨ ᠭᠡᠷᠭᠡᠢ ᠨᠢ ᠄
— 《 ᠨᠢᠯᠬ᠎ᠠ ᠨᠢᠯᠵᠠᠷᠠᠢ ᠠᠮᠢᠲᠠᠨ ᠶ᠋ᠢᠠᠷ ᠡᠨᠡ ᠬᠦᠢᠲᠡᠨ ᠳᠤ ᠦᠬᠡᠷ ᠬᠥᠭᠡᠭᠡᠯᠭᠡᠨᠡ ᠤᠤ? 》 ᠭᠡᠵᠦ ᠳᠤᠷᠠᠮᠵᠢᠬᠠᠨ ᠬᠡᠯᠡᠪᠡ ᠃
ᠪᠠᠯᠲᠠᠨ ᠄
— ᠬᠠᠯᠠᠭᠤᠨ ᠭᠠᠯ ᠳᠤ ᠭᠠᠷ ᠶ᠋ᠢᠠᠨ ᠡᠭᠡᠭᠡᠭᠡᠳ ᠪᠠᠷᠪᠠᠶ᠋ᠢᠵᠤ ᠰᠠᠭᠤᠬᠤ ᠪᠠᠷ ᠬᠠᠬᠢᠷ ᠬᠦᠢᠲᠡᠨ ᠳᠤ ᠬᠠᠲᠠᠭᠤᠵᠢᠵᠤ ᠶᠠᠪᠤᠪᠠᠯ ᠵᠦᠭᠡᠷ ᠪᠢᠰᠢ ᠦᠦ ? ᠴᠢ ᠭᠡᠳᠡᠭ ᠬᠥᠮᠦᠨ ᠬᠡᠵᠢᠶᠡᠲᠡ ᠬᠡᠦᠬᠡᠳ ᠊ᠢ ᠤᠷᠤᠭᠤ ᠲᠠᠲᠠᠬᠤ ᠭᠡᠳ ᠯᠠ ᠪᠠᠶ᠋ᠢᠬᠤ ᠶᠤᠮ ᠭᠡᠵᠦ ᠬᠡᠯᠡᠵᠦ ᠵᠢᠮᠡᠯᠡᠬᠦ ᠪᠠᠶ᠋ᠢᠲᠠᠯ ᠲᠠᠢ ᠶᠠᠷᠢᠬᠤ ᠳᠤ ᠂ ᠬᠠᠷᠢᠭᠤ ᠥᠴᠢᠭᠰᠡᠨ ᠦᠭᠡᠢ ᠤᠲᠠᠰᠬᠢᠭᠡᠳ ᠄
— ᠵᠠ ᠬᠦᠦ ᠮᠢᠨᠢ ᠂ ᠠᠪᠤ ᠪᠠᠨ ᠳᠠᠭᠠᠭᠠᠳ ᠦᠬᠡᠷ ᠶ᠋ᠢᠡᠨ ᠵᠠᠯᠠᠬᠤ ᠪᠠᠷ ᠶᠠᠪᠤ ! ᠢᠮᠠᠭᠠᠨ ᠳᠠᠬᠤ ᠪᠠᠨ ᠦᠰᠦ ᠶ᠋ᠢ ᠨᠢ ᠭᠠᠲᠠᠭᠰᠢ ᠨᠢ ᠬᠠᠷᠠᠭᠤᠯᠵᠤ ᠡᠮᠦᠰ ᠂ ᠣᠷᠣᠢ ᠢᠷᠡᠬᠦ ᠳᠤ ᠴᠢᠮ᠎ᠠ ᠳᠤ ᠥᠷᠥᠮ᠎ᠡ ᠲᠡᠢ ᠴᠠᠢ ᠪᠠᠵᠠᠭᠠᠭᠠᠳ ᠪᠠᠶ᠋ᠢᠶ᠎ᠠ ᠭᠡᠪᠡ ᠃
ᠪᠠᠯᠲᠠᠨ ᠭᠤᠸᠠᠢ ᠬᠦᠦ ᠲᠡᠢ ᠪᠡᠨ ᠦᠬᠡᠷ ᠶ᠋ᠢᠡᠨ ᠤᠰᠤᠯᠠᠬᠤ ᠪᠠᠷ ᠬᠤᠤᠠᠲᠤᠭ ᠳᠡᠭᠡᠷ᠎ᠡ ᠣᠴᠢᠯ᠎ᠠ ᠃ ᠲᠦᠷᠦᠭᠦᠴᠢ ᠶ᠋ᠢᠨ ᠬᠢᠨᠢ ᠤᠰᠤ ᠪᠠᠨ ᠤᠤᠭᠤᠵᠤ ᠪᠠᠷᠠᠭᠠᠳ ᠰᠠᠯᠬᠢ ᠤᠷᠤᠭᠤᠲᠠᠨ ᠭᠦᠶᠦᠬᠦ ᠳᠤ ᠪᠠᠯᠲᠠᠨ ᠄
— ᠬᠦᠦ ᠮᠢᠨᠢ ᠱᠠᠯᠠᠪᠬᠠᠨ ᠶᠠᠪᠤᠭᠠᠳ ᠲᠡᠷᠡ ᠬᠠᠯᠵᠠᠨ ᠱᠠᠷ ᠊ᠢ ᠪᠠᠷᠠᠭᠤᠨ ᠬᠣᠶ᠋ᠢᠰᠢ ᠨᠢ ᠵᠠᠯ᠎ᠠ ᠃ ᠰᠢᠭᠤᠷᠭᠠᠨ ᠲᠠᠢ ᠡᠲᠦᠷ ᠦᠬᠡᠷ ᠊ᠢ ᠰᠠᠯᠬᠢ ᠰᠥᠷᠦᠭᠦᠯᠵᠦ ᠬᠠᠷᠢᠭᠤᠯᠲᠠᠭ ᠶᠤᠮ ᠰᠢᠦ ᠭᠡᠬᠦ ᠳᠤ ᠂ ᠪᠠᠭᠠᠨ᠎ᠠ ᠣᠴᠢᠭᠠᠳ ᠦᠬᠡᠷ ᠦ᠋ᠨ ᠲᠦᠷᠦᠭᠦᠨ ᠳᠤ ᠪᠠᠶ᠋ᠢᠬᠰᠠᠨ ᠬᠠᠯᠵᠠᠨ ᠱᠠᠷ ᠊ᠢ ᠰᠢᠯᠪᠢᠭᠦᠷᠳᠡᠨ ᠥᠭᠡᠲᠡ ᠵᠠᠯᠠᠪᠠ ᠃
ᠪᠠᠯᠲᠠᠨ ᠭᠤᠸᠠᠢ ᠪᠠᠭᠠᠨ᠎ᠠ ᠬᠦᠦ ᠲᠡᠢ ᠪᠡᠨ ᠬᠠᠶ᠋ᠢᠷᠬᠠᠨ ᠠᠭᠤᠯᠠ ᠶ᠋ᠢᠨ ᠪᠠᠷᠠᠭᠤᠨ ᠰᠤᠭᠤ ᠶ᠋ᠢ ᠳᠠᠭᠠᠭᠤᠯᠤᠨ ᠦᠬᠡᠷ ᠦ᠋ᠳ ᠶ᠋ᠢᠡᠨ ᠬᠥᠭᠡᠭᠡᠵᠦ ᠣᠷᠣᠭᠤᠯᠤᠭᠠᠳ ᠪᠤᠲᠠ ᠪᠤᠷᠭᠠᠰᠤ ᠢᠬᠴᠤᠷᠠᠭᠰᠠᠨ ᠨᠥᠮᠥᠷᠢ ᠭᠠᠵᠠᠷ ᠪᠡᠯᠴᠢᠭᠡᠷᠯᠡᠭᠦᠯᠪᠡ ᠃
ᠲᠠᠯ᠎ᠠ ᠭᠠᠵᠠᠷ ᠴᠠᠰᠤᠨ ᠰᠢᠭᠤᠷᠬ᠋ᠠ ᠮᠠᠨᠠᠷᠠᠵᠤ ᠪᠠᠶ᠋ᠢᠬᠰᠠᠨ ᠴᠤ᠌ ᠠᠭᠤᠯᠠ ᠶ᠋ᠢᠨ ᠨᠥᠮᠥᠷᠢ ᠭᠠᠵᠠᠷ ᠬᠠᠭᠤᠴᠢ ᠬᠥᠭᠡᠷᠦᠨ᠎ᠡ ᠃
— ᠵᠠ ᠬᠦᠦ ᠮᠢᠨᠢ ᠂ ᠮᠠᠨ ᠪ ᠬᠢᠨ ᠪᠣᠯ ᠬᠠᠶ᠋ᠢᠷᠬᠠᠨ ᠠᠭᠤᠯᠠ ᠪᠠᠷ ᠳᠦᠰᠢᠭ ᠪᠣᠯᠭᠠᠵᠤ ᠂ ᠥᠷᠭᠡᠨ ᠲᠠᠯ᠎ᠠ ᠪᠠᠷ ᠬᠣᠷᠮᠣᠢ ᠪᠠᠨ ᠬᠢᠭᠰᠡᠨ ᠨᠤᠲᠤᠭ ᠰᠢᠦ ᠳ᠋ᠡ ᠃ ᠡᠶ᠋ᠢᠮᠦ ᠰᠠᠶ᠋ᠢᠬᠠᠨ ᠨᠤᠲᠤᠭ ᠲᠤ ᠦᠬᠡᠷ ᠶ᠋ᠢᠡᠨ ᠡᠪᠦᠯ ᠦ᠋ᠨ ᠴᠠᠭ ᠲᠤ ᠶᠠᠭᠠᠬᠢᠵᠤ ᠬᠠᠷᠢᠭᠤᠯᠪᠠᠯ ᠰᠠᠶ᠋ᠢᠨ ᠪᠤᠢ ? ᠭᠡᠵᠦ ᠰᠢᠯᠭᠠᠵᠤ ᠪᠠᠶ᠋ᠢᠬᠤ ᠮᠡᠲᠦ ᠠᠰᠠᠭᠤᠬᠤ ᠳᠤ ᠪᠠᠭᠠᠨ᠎ᠠ ᠬᠦᠦ ᠬᠠᠷᠢᠨ ᠬᠠᠷᠢᠭᠤ ᠳ᠋ᠤᠨᠢ ᠄
— 《 ᠴᠣᠬᠣᠮ ᠶᠠᠭᠠᠬᠢᠵᠤ ᠬᠠᠷᠢᠭᠤᠯᠪᠠᠯ ᠰᠠᠶ᠋ᠢᠨ ᠪᠤᠢ ? 》 ᠭᠡᠵᠦ ᠠᠰᠠᠭᠤᠵᠠᠢ ᠃
— ᠦᠬᠡᠷ ᠭᠡᠳᠡᠭ ᠠᠮᠢᠲᠠᠨ ᠠᠲᠤᠭᠤ ᠂ ᠬᠣᠨᠢ ᠲᠠᠢ ᠠᠲᠠᠯᠢ ᠦᠭᠡᠢ ᠶᠤᠮ ᠂ ᠠᠲᠤᠭᠤ ᠬᠣᠨᠢ ᠪᠣᠯ ᠪᠣᠭᠣᠨᠢ ᠪᠡᠯᠴᠢᠭᠡᠷ ᠊ᠢ ᠴᠢᠮᠬᠢᠯᠡᠵᠦ ᠢᠲᠡᠰᠢᠯᠡᠨᠡ ᠃ ᠦᠬᠡᠷ ᠪᠣᠯ ᠁ ᠭᠡᠬᠦ ᠳᠤ ᠪᠠᠭᠠᠨ᠎ᠠ ᠬᠦᠦ ᠄
— ᠦᠬᠡᠷ ᠪᠣᠯ ᠬᠡᠯᠡ ᠪᠡᠷ ᠶ᠋ᠢᠠᠨ ᠣᠷᠢᠶᠠᠵᠤ ᠢᠳᠡᠰᠢᠯᠡᠳᠡᠭ ᠭᠡᠵᠦ ᠡᠯᠭᠦᠵᠦ ᠬᠡᠯᠡᠪᠡ ᠃
ᠪᠠᠯᠲᠠᠨ ᠭᠤᠸᠠᠢ ᠄
— ᠤᠤᠬᠠᠢ ᠳ᠋ᠠ ᠂ ᠶᠠᠭ ᠲᠡᠶ᠋ᠢᠮᠦ ᠰᠢᠦ ᠂ ᠨᠠᠷᠢᠨ ᠰᠠᠬᠤᠯᠢᠬ ᠥᠯᠥᠩ ᠂ ᠬᠢᠶᠠᠭ ᠂ ᠶᠥᠷᠬᠦᠭ ᠂ ᠬᠢᠯᠭᠠᠨ᠎ᠠ ᠂ ᠰᠢᠪᠡᠭᠡ ᠂ ᠮᠣᠷᠢᠨ ᠠᠬᠢ ᠂ ᠰᠢᠷᠠᠯᠵᠢ ᠂ ᠰᠣᠯᠢ ᠂ ᠬᠠᠵᠠᠭᠠᠷ ᠂ ᠪᠤᠲᠠ ᠮᠡᠲᠦ ᠶ᠋ᠢᠨ ᠠᠯᠢ ᠥᠨᠲᠥᠷ ᠥᠤᠠᠬᠡᠨ ᠪᠡᠯᠴᠢᠭᠡᠷ ᠊ᠢ ᠳᠠᠭᠠᠭᠤᠯᠤᠨ ᠬᠠᠷᠢᠭᠤᠯᠪᠠᠯ ᠰᠠᠶ᠋ᠢᠨ ᠶᠤᠮ ᠰᠢᠦ ᠭᠡᠬᠦ ᠳᠤ ᠂ ᠪᠠᠭᠠᠨ᠎ᠠ ᠬᠦᠦ ᠄
— ᠡᠵᠢ ᠥᠨᠥ ᠥᠷᠯᠥᠭᠡ ᠶᠠᠭᠤᠨ ᠳᠤ ᠬᠥᠭᠰᠢᠨ ᠤᠯᠠᠭᠠᠨ ᠳᠤ ᠢᠰᠡᠭᠡᠢ ᠨᠥᠮᠥᠷᠭᠡᠭᠰᠡᠨ ᠪᠤᠢ ? ᠪᠤᠰᠤᠳ ᠦᠬᠡᠷ ᠦ᠋ᠳ ᠴᠤ᠌ ᠨᠢᠷᠤᠭᠤ ᠨᠢ ᠲᠠᠭᠠᠷᠠᠵᠤ ᠪᠠᠶ᠋ᠢᠬᠤ ᠶᠤᠮ ᠰᠢᠲᠠ ᠭᠡᠬᠦ ᠳᠤ ᠂ ᠪᠠᠯᠲᠠᠨ ᠄
— ᠬᠥᠭᠰᠢᠨ ᠤᠯᠠᠭᠠᠨ ᠲᠠᠷᠭᠤ ᠬᠦᠴᠦ ᠮᠠᠭᠤᠲᠠᠢ ᠪᠣᠯᠬᠣᠷ ᠡᠵᠢ ᠴᠢᠨᠢ ᠨᠠᠮᠨᠠᠵᠤ ᠪᠠᠶ᠋ᠢᠨ᠎ᠠ ᠰᠢᠲᠠ ᠂ ᠲᠡᠭᠦᠨ ᠊ᠢ ᠨᠡᠮᠨᠡᠭᠡ ᠭᠡᠳᠡᠭ ᠶᠤᠮ ᠰᠢᠦ ᠂ ᠬᠦᠦ ᠮᠢᠨᠢ ᠨᠥᠮᠥᠷᠭᠡ ᠭᠡᠵᠦ ᠬᠡᠯᠡᠬᠦ ᠦᠭᠡᠢ ᠰᠢᠦ ᠭᠡᠯᠡ ᠃ ᠬᠦᠦ ᠮᠢᠨᠢ ᠂ ᠮᠥᠤᠠᠲᠥ ᠭᠡᠷ ᠲᠤ ᠪᠡᠨ ᠪᠤᠴᠠᠬᠤ ᠳᠤ ᠦᠬᠡᠷ ᠶ᠋ᠢᠡᠨ ᠴᠠᠰᠤ ᠨᠢᠮᠭᠡᠨ ᠭᠠᠵᠠᠷ ᠊ᠢ ᠳᠠᠭᠠᠭᠤᠯᠵᠤ ᠴᠤᠪᠤᠭᠤᠯᠤᠨᠠ ᠰᠢᠦ ᠃ ᠵᠤᠵᠠᠭᠠᠨ ᠬᠦᠷᠯᠡᠭᠰᠡᠨ ᠴᠠᠰᠤ ᠪᠠᠷ ᠲᠤᠭᠤᠯᠤᠭᠤᠯᠵᠤ ᠪᠣᠯᠬᠤ ᠦᠭᠡᠢ ᠃ ᠬᠥᠷ ᠴᠠᠰᠤᠨ ᠳᠤ ᠦᠬᠡᠷ ᠦ᠋ᠨ ᠬᠣᠬᠢᠰᠦ ᠨᠢ ᠬᠠᠭᠵᠠᠷᠠᠵᠤ ᠬᠥᠯᠲᠡᠭᠡᠳ ᠤᠨᠠᠬᠤ ᠠᠶᠤᠯ ᠲᠠᠢ ᠶᠤᠮ ᠭᠡᠬᠦ ᠳᠤ ᠂ ᠪᠠᠭᠠᠨ᠎ᠠ ᠬᠦᠦ ᠄
— ᠵᠠ ᠮᠡᠲᠡᠯᠡ ᠭᠡᠵᠡᠢ ᠃
ᠡᠪᠦᠯ ᠦ᠋ᠨ ᠡᠲᠦᠷ ᠭᠡᠳᠡᠭ ᠴᠢᠨᠢ ᠠᠶᠠᠬ᠋᠎ᠠ ᠡᠭᠰᠢᠬᠦ ᠶ᠋ᠢᠨ ᠵᠠᠪ ᠦᠭᠡᠢ ᠪᠣᠭᠣᠨᠢ ᠪᠣᠯᠬᠣᠷ ᠨᠠᠷᠠ ᠠᠭᠤᠯᠠ ᠶ᠋ᠢᠨ ᠲᠣᠯᠣᠭᠠᠢ ᠰᠢᠭᠦᠷᠡᠮᠡᠷ ᠪᠣᠯᠬᠤ ᠳᠤ ᠰᠢᠭᠤᠷᠬ᠋ᠠ ᠴᠤ᠌ ᠬᠥᠯ ᠶ᠋ᠢᠡᠨ ᠬᠤᠷᠢᠶᠠᠯ᠎ᠠ ᠃
ᠪᠠᠯᠲᠠᠨ ᠭᠤᠸᠠᠢ ᠂ ᠬᠦᠦ ᠲᠡᠢ ᠪᠡᠨ ᠬᠣᠶᠠᠭᠤᠯᠠ ᠦᠬᠡᠷ ᠶ᠋ᠢᠡᠨ ᠭᠡᠷ ᠥᠭᠡᠲᠡ ᠪᠡᠨ ᠵᠠᠯᠠᠴᠢᠬᠠᠭᠠᠳ ᠠᠷᠤ ᠠ᠋ᠴᠠ ᠨᠢ ᠲᠣᠷᠴᠢᠭᠢᠨᠠᠲᠠᠯᠠ ᠶᠠᠷᠢᠯᠴᠠᠵᠤ ᠶᠠᠪᠤᠨ᠎ᠠ ᠃ ᠪᠠᠯᠲᠠᠨ ᠭᠤᠸᠠᠢ ᠄
— ᠬᠡᠭᠡᠯ ᠲᠡᠢ ᠦᠨᠢᠶ᠎ᠡ ᠪᠢᠷᠠᠭᠤ ᠰᠢᠲᠦᠯᠡᠩ ᠳᠤ ᠪᠡᠨ ᠪᠣᠭ ᠴᠥᠯᠮᠦᠭᠦᠯᠵᠦ ᠪᠠᠢ ᠃ ᠲᠡᠭᠡᠪᠡᠯ ᠬᠢᠪᠢᠯᠭᠡ ᠳᠤ ᠨᠢ ᠲᠤᠰᠠᠲᠠᠢ ᠂ ᠣᠷᠣᠢ ᠪᠣᠯᠬᠤ ᠳᠤ ᠦᠬᠡᠷ ᠴᠢᠨᠢ ᠬᠣᠲᠠ ᠳᠤ ᠪᠠᠨ ᠡᠷᠭᠢᠬᠦ ᠳᠤᠷ᠎ᠠ ᠲᠠᠢ ᠪᠣᠯᠲᠠᠭ ᠃
— ᠵᠠ !
— ᠥᠷᠯᠥᠭᠡ ᠦᠬᠡᠷ ᠶ᠋ᠢᠡᠨ ᠪᠡᠯᠴᠢᠭᠡᠮᠡᠭᠴᠡ ᠬᠥᠯᠲᠡᠭᠦᠰᠦ ᠶ᠋ᠢ ᠨᠢ ᠡᠷᠲᠡᠬᠡᠨ ᠠᠷᠢᠯᠭᠠᠨ ᠴᠡᠪᠡᠷᠯᠡᠵᠦ ᠂ ᠬᠡᠪᠲᠡᠷᠢ ᠶ᠋ᠢ ᠨᠢ ᠬᠠᠭᠤᠷᠠᠶ᠋ᠢᠯᠠᠭᠠᠳ ᠵᠥᠭᠡᠯᠡᠨ ᠬᠣᠭ ᠨᠡᠮᠡᠵᠦ ᠪᠠᠢ ᠂ ᠢᠩᠭᠢᠪᠡᠯ ᠦᠬᠡᠷ ᠴᠢᠨᠢ ᠵᠢᠩᠳᠡᠳᠡᠭ ᠥᠭᠡᠢ ᠶᠤᠮ ᠃
— ᠮᠡᠲᠡᠯᠡ ᠃
— ᠵᠠ ᠬᠦᠦ ᠮᠢᠨᠢ ᠪᠠᠭᠰᠢ ᠴᠢᠨᠢ ᠴᠢᠮ᠎ᠠ ᠳᠤ ᠡᠪᠦᠯ ᠦ᠋ᠨ ᠠᠮᠠᠷᠠᠯᠲᠠ ᠳᠤ ᠭᠦᠢᠴᠡᠤᠠᠬᠡᠬᠦ ᠬᠡᠷᠡᠭᠲᠡᠢ ᠳᠠᠰᠬᠠᠯ ᠥᠭᠭᠦᠯ᠎ᠡ ᠪᠢᠵᠡ ᠃ ᠲᠡᠷᠡ ᠴᠢᠨᠢ ᠪᠣᠯ ᠰᠤᠷᠤᠭᠰᠠᠨ ᠊ᠢ ᠴᠢᠨᠢ ᠳᠠᠪᠲᠠᠭᠤᠯᠵᠤ ᠰᠢᠨ᠎ᠡ ᠪᠡᠷ ᠰᠤᠷᠬᠤ ᠳᠤ ᠴᠢᠨᠢ ᠰᠠᠭᠤᠷᠢ ᠲᠠᠯᠪᠢᠬᠤ ᠶ᠋ᠢᠨ ᠲᠥᠯᠥᠭᠡ ᠶᠤᠮ ᠃ ᠪᠢ ᠥᠨᠥᠲᠥᠷ ᠴᠢᠮ᠎ᠠ ᠪᠠᠷ ᠶᠡᠬᠡ ᠪᠠᠶ᠋ᠢᠭᠠᠯᠢ ᠶ᠋ᠢᠨ ᠳᠠᠰᠬᠠᠯ ᠬᠢᠯᠭᠡᠯ᠎ᠡ ᠃ ᠮᠠᠯᠴᠢᠨ ᠬᠥᠮᠦᠨ ᠮᠠᠯ ᠶ᠋ᠢᠠᠨ ᠶᠠᠭᠠᠬᠢᠵᠤ ᠮᠠᠯᠵᠢᠬᠤ ᠶ᠋ᠢ ᠰᠤᠷᠬᠤ ᠬᠡᠷᠡᠭᠲᠡᠢ ᠰᠢᠦ ᠭᠡᠵᠦ ᠪᠠᠯᠲᠠᠨ ᠭᠤᠸᠠᠢ ᠬᠦᠦ ᠳ᠋ᠡᠭᠡᠨ ᠶᠠᠷᠢᠬᠰᠠᠭᠠᠷ ᠭᠡᠷ ᠲᠤ ᠪᠡᠨ ᠬᠦᠷᠴᠦ ᠢᠷᠡᠯ᠎ᠡ ᠃
ᠬᠠᠭᠤᠯᠤᠨ ᠠᠮᠢᠯᠠᠭᠤᠯᠤᠭᠰᠠᠨ ᠨᠢ : ᠲᠩᠷᠢ ᠡᠵᠢ
ᠬᠢᠨᠠᠭ᠍ᠴᠢ : ᠴᠣᠯᠮᠣᠨᠲᠤᠶᠠᠭ᠎ᠠ ᠪᠠᠭ᠍ᠰᠢ
2023 ᠂3 ᠂4
