ᠪᠦᠰᠡᠭᠦᠢ ᠳᠦ – ᠷ ᠂ ᠴᠣᠢᠨᠣᠮ Бүсгүйд – Р ᠂ Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠰᠡᠭᠦᠢ ᠳᠦ – ᠷ ᠂ ᠴᠣᠢᠨᠣᠮ Бүсгүйд – Р ᠂ Чойном

ᠪᠦᠰᠡᠭᠦᠢ ᠳᠦ – ᠷ ᠂ ᠴᠣᠢᠨᠣᠮ Бүсгүйд – Р ᠂ Чойном

2023-03-05

314

ᠪᠦᠰᠡᠭᠦᠢ ᠳᠦ


ᠪᠥᠰᠡᠭᠦᠢ ᠮᠢᠨᠢ ᠲᠠ ᠂ ᠭᠣᠣ᠎ᠠ ᠦᠵᠡᠮᠵᠢ ᠭᠡᠳᠡᠭ
ᠪᠥᠲᠦᠨ ᠲᠣᠨ ᠪ ᠦᠷᠡᠯ ᠦ᠋ᠨ ᠪᠥᠮᠪᠥᠭᠡ ᠪᠡᠨ
ᠷ ᠂ ᠴᠣᠶ᠋ᠢᠨᠤᠮ  ᠭᠡᠳᠡᠭ ᠲᠤᠰᠠᠭᠠᠷ ᠲᠣᠭᠲᠠᠨᠢᠬᠰᠠᠨ
ᠡᠨᠡ ᠪᠥᠭᠦᠲᠡ ᠨᠠᠶ᠋ᠢᠷᠠᠮᠲᠠᠬᠤ ᠵᠢᠷᠦᠬᠡᠨ ᠲᠡᠭᠡᠷ᠎ᠡ ᠮᠢᠨᠢ ᠬᠠᠶᠠᠯ᠎ᠠ ᠃

ᠪᠡᠶ᠎ᠡ ᠪᠡᠨ ᠳᠠᠭᠠᠭᠠᠭᠰᠠᠨ ᠠᠮᠢᠲᠤᠷᠠᠯ ᠦ᠋ᠨ ᠮᠢᠨᠢ
ᠰᠡᠭᠦᠯᠴᠢ ᠶ᠋ᠢᠨ ᠴᠠᠶ᠋ᠢᠵᠠ ᠨᠤᠷᠠᠨ ᠤᠨᠠᠯ᠎ᠠ
ᠪᠢ ᠂ ᠰᠢᠲᠠᠵᠤ ᠪᠠᠶ᠋ᠢᠬ᠋᠎ᠠ ᠲᠤᠭ ᠰᠢᠭ᠋ ᠭᠠᠩᠬᠤᠯ᠎ᠠ
ᠪᠢᠲᠡᠭᠡᠢ ᠲᠠᠮᠤᠯᠠ ᠂ ᠪᠦᠷ ᠭᠦᠢᠴᠡᠭᠡᠭᠡᠳ ᠠᠯᠢ!

ᠠᠯᠠᠭ ᠨᠢᠲᠦᠨ ᠪ ᠴᠢᠨᠢ ᠤᠴᠢᠷᠲᠠᠢ ᠬᠠᠷᠠᠴᠠ
ᠠᠶᠤᠯ ᠶᠡᠬᠡᠲᠡᠢ ᠯᠠᠶ᠋ᠢᠰᠧᠷ ᠦ᠋ᠨ ᠲᠤᠶᠠᠬ᠋᠎ᠠ ᠰᠢᠭ᠋
ᠡᠷ᠎ᠡ ᠪᠡᠶ᠎ᠡ ᠶ᠋ᠢᠨ ᠮᠢᠨᠢ ᠲᠡᠭᠷᠢ ᠳᠤ ᠨᠡᠪᠲᠡᠷᠡᠵᠦ
ᠡᠷᠬᠡ ᠴᠢᠯᠦᠭᠡᠲᠦ ᠠᠮᠢᠲᠤᠷᠠᠯ ᠦ᠋ᠨ ᠮᠢᠨᠢ ᠣᠩᠭᠤᠴᠠ ᠶ᠋ᠢ ᠰᠢᠲᠠᠭᠠᠯ᠎ᠠ ᠃

ᠪᠡᠯᠡᠨ ᠰᠢᠯᠦᠭ ᠦ᠋ᠨ ᠶ᠋ᠢᠡᠨ  ᠲᠡᠭᠷᠢ ᠡᠴᠡ ᠪᠢ ᠴᠢᠨᠢ
ᠪᠡᠬᠡ ᠰᠢᠭ᠌ ᠬᠠᠷ᠎ᠠ ᠤᠲᠤᠬ᠋᠎ᠠ ᠲᠠᠲᠠᠭᠤᠯᠤᠨ
ᠤᠨᠠᠵᠤ ᠶᠠᠪᠤᠨ᠎ᠠ ᠂ ᠬᠣᠩᠭᠣᠷ ᠪᠥᠰᠡᠭᠦᠢ ᠮᠢᠨᠢ!
ᠤᠨᠠᠬᠤ ᠳ᠋ᠠᠭᠠᠨ ᠂ ᠴᠢᠮ᠎ᠠ ᠲᠡᠭᠡᠷ᠎ᠡ ᠤᠨᠠᠬᠤ ᠨᠢ!

ᠡᠨᠡ — ᠳᠠᠪᠬᠢᠯᠲᠠ ᠪᠢᠰᠢ ᠵᠣᠭᠰᠤᠯᠲᠠ!
ᠡᠨᠡ — ᠳᠠᠶ᠋ᠢᠰᠤᠩᠨᠠᠯ ᠪᠢᠰᠢ ᠳᠤᠷᠠᠯᠠᠯ!
ᠠᠮᠠᠷᠠᠭ ᠳᠤᠷᠠᠯᠠᠯ  ᠭᠡᠳᠡᠭ ᠤᠭ ᠠ᠋ᠴᠠ
ᠠᠮᠲᠠᠲᠠᠶ᠋ᠢᠬᠠᠨ ᠳᠤᠲᠠᠭᠤ ᠦᠬᠦᠯ ᠪᠢᠯᠡ!

ᠣᠩᠭᠣᠨ ᠳᠤᠷᠠᠯᠠᠯ ᠦ᠋ᠨ ᠲᠡᠷᠡᠰᠦᠨ  ᠳᠤ ᠰᠣᠭᠲᠣᠭᠠᠳ
ᠣᠷᠴᠢᠯᠠᠩ ᠊ᠢ ᠬᠥᠮᠦᠨ ᠮᠠᠷᠲᠠᠲᠠᠭ ᠶᠤᠮ ᠂
ᠬᠠᠯᠠᠭᠤᠨ  ᠰᠢᠯᠦᠭ ᠂ ᠬᠦᠢᠲᠡᠨ ᠺᠣᠮᠫᠣᠲ ᠪᠣᠯᠵᠤ
ᠬᠠᠷᠠᠬᠤ ᠬᠠᠷᠠᠬ᠋᠎ᠠ ᠠᠯᠲᠠᠭᠲᠠᠨ ᠶᠠᠪᠤᠬᠤ ᠴᠢᠭ᠌ ᠬᠠᠵᠠᠶ᠋ᠢᠲᠠᠭ!

ᠬᠣᠷᠣ᠎ᠠ ᠶᠢᠷᠲᠢᠨᠴᠦ ᠶ᠋ᠢ ᠪᠢ
ᠬᠣᠣᠰ ᠦᠭᠡᠢ ᠨᠠᠷᠢᠨ ᠬᠠᠷᠠᠲᠠᠭ ᠪᠠᠶ᠋ᠢᠯ᠎ᠠ ᠂
ᠬᠣᠩᠭᠣᠷᠬᠠᠨ ᠦᠵᠡᠮᠵᠢ ᠪᠡᠷ ᠶ᠋ᠢᠡᠨ ᠴᠢ
ᠬᠣᠶᠠᠷ ᠨᠢᠲᠦ ᠶ᠋ᠢ ᠮᠢᠨᠢ ᠰᠣᠬᠣ ᠬᠠᠤᠠᠬᠤᠯ᠎ᠠ ᠃

ᠡᠭᠦᠷᠢᠲᠡ ᠴᠢ ᠬᠥᠲᠥᠯᠵᠦ ᠶᠠᠪᠤᠬᠤ ᠶᠤᠮ ᠪᠣᠯ
ᠦᠨᠡᠨ ᠰᠣᠬᠣᠷ ᠪᠣᠯᠤᠭᠰᠠᠨ ᠴᠤ᠌ ᠶᠠᠭᠠᠮᠠᠢ ᠂
ᠠᠷᠢᠭᠤᠬᠠᠨ ᠲᠦᠷᠢ ᠶ᠋ᠢ ᠴᠢᠨᠢ ᠬᠠᠷᠠᠵᠤ ᠠᠪᠤᠭᠰᠠᠨ ᠠ᠋ᠴᠠ ᠬᠣᠶ᠋ᠢᠰᠢ
ᠠᠬᠢᠭᠠᠳ ᠪᠢ ᠶᠠᠭᠤ ᠪᠠᠨ  ᠴᠤ᠌ ᠬᠠᠷᠠᠬᠤ ᠭᠡᠬᠦ ᠪᠤᠢ!
             1974.5.4

       《 ᠷ · ᠴᠣᠶ᠋ᠢᠨᠣᠮ ‍ᠤᠨ ᠰᠢᠯᠦᠭ ᠵᠣᠬᠢᠶᠠᠯ ‍ᠤᠨ ᠬᠤᠷᠢᠶᠠᠬᠤᠢ —  》
          — ᠤᠶᠠᠩᠭ᠎ᠠ ‍ᠶ᠋ᠢᠨ ᠰᠢᠯᠦᠭ  ᠠ᠋ᠴᠠ ᠬᠠᠭᠤᠯᠪᠠ ᠃
         ᠪᠢ᠊ ·  ᠳᠠᠮᠳᠢᠨᠰᠦ᠋ᠷᠦᠩ ᠡᠮᠬᠢᠳᠬᠡᠨ ᠨᠠᠶ᠋ᠢᠷᠠᠭᠤᠯᠪᠠ
         ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠣᠨᠣᠳ ᠳᠣᠷᠵᠢ

      ᠦᠰᠦᠭ ᠠᠮᠢᠯᠠᠭᠤᠯᠤᠭᠴᠢ ᠄  ᠨᠠᠷᠠᠨ᠎ᠠ
      ᠬᠢᠨᠠᠭᠴᠢ ᠄  ᠣᠳᠬᠠᠨᠰᠣᠸ᠎ᠠ ᠪᠠᠭᠰᠢ