ᠬᠥᠮᠦᠨ ᠳᠡᠯᠡᠬᠡᠢ ᠬᠣᠶᠠᠷ – ᠭᠦᠷᠵᠠᠪ Хүн дэлхий хоёр   –  Гүржав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠮᠦᠨ ᠳᠡᠯᠡᠬᠡᠢ ᠬᠣᠶᠠᠷ – ᠭᠦᠷᠵᠠᠪ Хүн дэлхий хоёр   –  Гүржав

ᠬᠥᠮᠦᠨ ᠳᠡᠯᠡᠬᠡᠢ ᠬᠣᠶᠠᠷ – ᠭᠦᠷᠵᠠᠪ Хүн дэлхий хоёр   –  Гүржав

2023-03-05

323

ᠬᠥᠮᠦᠨ ᠳᠡᠯᠡᠬᠡᠢ ᠬᠣᠶᠠᠷ


         ᠭᠦᠷᠵᠠᠪ

 ᠬᠥᠮᠦᠨ ᠳᠡᠯᠡᠬᠡᠢ ᠬᠣᠶᠠᠷ
 ᠬᠦᠢᠰᠦ ᠨᠢᠭᠡᠲᠡᠢ ᠬᠣᠶᠠᠷ
 ᠬᠦᠰᠡᠯ ᠵᠠᠶᠠᠬ᠋᠎ᠠ ᠪᠠᠷ ᠶ᠋ᠢᠡᠨ ᠪᠠᠷᠢᠯᠲᠤᠭᠰᠠᠨ
 ᠬᠦᠦ ᠡᠬᠡ ᠬᠣᠶᠠᠷ
 ᠬᠥᠮᠦᠨ ᠮᠡᠨᠳᠦᠯᠡᠭᠰᠡᠨ ᠶ᠋ᠢᠡᠨ ᠂ ᠳᠡᠯᠡᠬᠡᠢ  ᠳᠤ
 ᠬᠡᠦᠬᠡᠳ ᠳᠠᠭᠤ ᠪᠠᠷ ᠶ᠋ᠢᠠᠨ
 ᠲᠤᠩᠬᠠᠭᠯᠠᠲᠠᠭ ᠶᠤᠮ
 ᠬᠦᠵᠢ ᠳᠡᠯᠡᠬᠡᠢ ᠪᠠᠶᠠᠰᠤᠭᠠᠳ
 ᠬᠥᠷᠥᠰᠥ — ᠬᠥᠨᠵᠢᠯᠡ ᠪᠡᠷ ᠶ᠋ᠢᠡᠨ ᠲᠣᠰᠲᠠᠭ ᠶᠤᠮ
 ᠬᠡᠦᠬᠡᠳ ᠪᠠᠬ᠋᠎ᠠ ᠠ᠋ᠴᠠ ᠪᠠᠨ ᠠᠪᠤᠭᠠᠳ
 ᠬᠥᠮᠦᠨ ᠳᠡᠯᠡᠬᠡᠢ ᠪᠡᠨ  ᠳᠦᠰᠢᠳᠡᠭ ᠶᠤᠮ
 ᠬᠦᠴᠦ ᠬᠥᠯᠥᠰᠥ ᠪᠡᠨ ᠰᠢᠪᠬᠠᠭᠠᠳ
 ᠬᠥᠮᠦᠨ ᠊ᠢ ᠳᠡᠯᠡᠬᠡᠢ  ᠲᠡᠳᠬᠦᠳᠡᠭ ᠶᠤᠮ
 ᠬᠥᠲᠡᠯᠮᠦᠷᠢ ᠂ ᠬᠥᠭᠡᠭᠡᠴᠡᠯᠲᠦᠭᠡ — ᠪᠦᠲᠦᠭᠡᠯ ᠶ᠋ᠢᠡᠷ ᠶ᠋ᠢᠡᠨ
 ᠬᠥᠮᠦᠨ ᠳᠡᠯᠡᠬᠡᠢ ᠪᠡᠨ ᠴᠢᠮᠡᠳᠡᠭ ᠶᠤᠮ
 ᠬᠥᠷᠥᠩᠭᠡ ᠂ ᠮᠥᠩᠭᠥ — ᠭᠠᠷᠤᠯᠲᠠ ᠪᠠᠷ ᠶ᠋ᠢᠠᠨ
 ᠬᠥᠮᠦᠨ ᠊ᠢ ᠳᠡᠯᠡᠬᠡᠢ ᠪᠠᠶᠠᠵᠢᠭᠤᠯᠲᠠᠭ ᠶᠤᠮ
 ᠭᠦᠴᠦᠷᠬᠡᠭ ᠳᠦᠰᠢᠭ — ᠳᠡᠯᠡᠬᠡᠢ ᠲᠡᠢ ᠳ᠋ᠠᠭᠠᠨ
 ᠬᠥᠮᠦᠨ ᠬᠡᠵᠢᠶᠡᠲᠡ ᠣᠮᠣᠭᠰᠢᠲᠠᠭ ᠶᠤᠮ
 ᠬᠥᠲᠡᠯᠮᠦᠷᠢᠴᠢ ᠪᠣᠯᠪᠠᠰᠤᠨ — ᠬᠥᠮᠦᠨ ᠲᠡᠢ ᠳ᠋ᠠᠭᠠᠨ
 ᠳᠡᠯᠡᠬᠡᠢ ᠡᠭᠦᠷᠢᠲᠡ  ᠬᠥᠭᠵᠢᠳᠡᠭ ᠶᠤᠮ
 ᠬᠥᠮᠦᠨ ᠪ ᠰᠠᠶ᠋ᠢᠬᠠᠨ ᠬᠦᠰᠡᠯ
 ᠬᠥᠷᠥᠰᠥᠲᠦ ᠳᠡᠯᠡᠬᠡᠢ  ᠳᠤ ᠯᠡ ᠦᠨᠳᠦᠰᠦᠯᠡᠳᠡᠭ ᠶᠤᠮ
 ᠬᠦᠴᠦᠨ ᠲᠤᠷᠪᠢ ᠪᠦᠷᠢᠲᠦᠭᠡᠳ
 ᠳᠡᠯᠡᠬᠡᠢ ᠪᠡᠨ  ᠲᠡᠭᠰᠢᠯᠡᠨ ᠵᠠᠰᠠᠲᠠᠭ ᠶᠤᠮ
 ᠬᠥᠮᠦᠨ ᠪ ᠮᠥᠩᠬᠡ ᠠᠮᠢᠲᠤᠷᠠᠯ
 ᠳᠡᠯᠡᠬᠡᠢ ᠳᠤ ᠯᠡ ᠡᠩᠬᠡ ᠲᠣᠭᠲᠠᠨᠢᠲᠠᠭ ᠶᠤᠮ
 ᠬᠡᠦᠬᠡᠨ ᠳᠠᠯᠠᠪᠴᠢ ᠶ᠋ᠢ ᠨᠢ ᠬᠠᠲᠠᠭᠣᠵᠢᠭᠣᠯᠣᠭᠠᠳ
 ᠳᠡᠯᠡᠬᠡᠢ ᠯᠡ ᠳᠡᠭᠡᠭᠰᠢ ᠪᠡᠨ ᠡᠷᠭᠦᠳᠡᠭ ᠶᠤᠮ ᠁

 ᠢᠷᠡᠯᠲᠡ – ᠬᠡᠤᠭᠡᠳ ᠨᠠᠰᠤ ᠰᠠᠶ᠋ᠢᠬᠠᠨ
        ᠭᠦᠷᠵᠠᠪ ᠵᠣᠬᠢᠶᠠᠪᠠ
          ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
          ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
          ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
         2004 ᠣᠨ ᠪ 9 ᠰᠠᠷ᠎ᠠ  ᠳᠦ ᠠᠩᠬᠠᠲᠤᠭᠠᠷ ᠬᠡᠪ ᠊ᠢ ᠬᠢᠪᠡ
         2004 ᠣᠨ ᠪ 9 ᠰᠠᠷ᠎ᠠ  ᠳᠦ ᠠᠩᠬ᠎ᠠ ᠤᠲᠠᠬ᠋᠎ᠠ ᠬᠡᠪᠯᠡᠪᠡ

        ᠦᠰᠦᠭ ᠠᠮᠢᠯᠠᠭᠤᠯᠤᠭᠴᠢ ᠄ ᠪᠣᠷᠭᠢᠯ
         ᠬᠢᠨᠠᠭᠴᠢ ᠄ ᠪᠠᠶᠠᠷᠴᠡᠴᠡᠭ  ᠪᠠᠭᠰᠢ
               2023 ᠣᠨ ᠪ 3 ᠰᠠᠷ᠎ᠠ ᠶ᠋ᠢᠨ 3 ᠪ ᠡᠲᠦᠷ